ᠳ᠋᠊᠂ ᠤᠷᠢᠶᠠᠩᠬᠠᠢ | | ᠲᠤᠲᠠᠭᠤ ᠨᠦᠬᠦᠭᠡᠰᠦ ᠠᠮᠢᠳᠤᠷᠠᠯ ᠳᠤ ᠵᠦᠩᠳᠡᠭᠡᠨ︕ | ᠭᠦᠢᠴᠡᠨ᠎ᠡ ᠭᠡᠵᠦ ᠦᠭᠡᠢ ᠬᠤᠶᠢᠨ᠎ᠠ | ᠳᠠᠭᠤ ᠦᠭᠡᠢ ᠯᠡ᠂ ᠭᠤᠨᠢᠭ ᠦᠭᠡᠢ ᠨᠢᠳᠦ ᠪᠠᠷ | ᠣᠷᠴᠢᠯᠠᠩ ᠤᠷᠤᠭᠤ ᠢᠨᠢᠶᠡᠵᠦ | ᠭᠤᠳᠤᠮᠵᠢᠨ ᠤ ᠪᠠᠨ ᠡᠬᠢᠨ ᠳᠤ | ᠤᠷᠤᠭᠰᠢ ᠪᠠᠨ ᠬᠤᠶᠠᠷ᠂ ᠠᠷᠤᠨᠰᠢ ᠪᠠᠨ ᠬᠤᠶᠠᠷ | ᠭᠠᠭᠴᠠᠭᠠᠷ ᠢᠶᠠᠨ ᠴᠦ ᠬᠠᠮᠢᠶ᠎ᠠ ᠦᠭᠡᠢ | ᠪᠥᠵᠢᠭᠯᠡᠬᠦ ᠬᠡᠷᠡᠭᠲᠡᠢ︕ | ᠳᠠᠷᠠᠰᠤ ᠤᠤᠭᠤᠵᠤ᠂ ᠴᠢᠳᠬᠦᠷ ᠵᠡᠭᠦᠳᠦᠯᠡᠵᠦ | ︽ᠳᠠᠵᠢ ᠦᠭᠡᠢ ᠨᠢᠭᠡ ᠬᠦᠭᠡᠷᠦᠬᠦᠨ ᠠᠮᠠᠷᠠᠭ ᠲᠠᠢ | ᠬᠥᠨᠵᠢᠯᠡ ᠲᠤᠲᠤᠷ᠎ᠠ ᠠᠯᠢᠮ᠎ᠠ ᠪᠤᠯᠢᠶᠠᠯᠳᠤᠵᠤ | ᠬᠦᠬᠦᠷᠡᠯᠳᠦᠨ ᠲᠡᠶᠢᠴᠢᠯᠡᠭᠰᠡᠭᠡᠷ ᠰᠦᠨᠢ ᠶᠢ ᠪᠠᠷᠠᠭᠠᠳ | ᠦᠷᠯᠦᠭᠡ ᠤᠷᠤ ᠪᠠᠨ ᠬᠤᠷᠢᠶᠠᠯᠭᠠᠯᠠ︕︾ ᠭᠡᠵᠦ | ᠰᠢᠨ᠎ᠡ ᠰᠢᠯᠦᠭ ᠵᠣᠬᠢᠶᠠᠨ | ᠴᠢᠩᠭ᠎ᠠ ᠪᠠᠷ ᠤᠩᠰᠢᠬᠤ ᠬᠡᠷᠡᠭᠲᠡᠢ︕ | ᠲᠤᠲᠠᠭᠤ ᠨᠦᠬᠦᠭᠡᠰᠦ ᠠᠮᠢᠳᠤᠷᠠᠯ ᠳᠤ ᠵᠦᠩᠳᠡᠭᠡᠨ︕ | ᠭᠦᠢᠴᠡᠨ᠎ᠡ ᠭᠡᠵᠦ ᠦᠭᠡᠢ ᠬᠤᠶᠢᠨ᠎ᠠ | ᠳᠠᠭᠤ ᠦᠭᠡᠢ ᠯᠡ᠂ ᠭᠤᠳᠢᠭ ᠦᠭᠡᠢ ᠬᠦᠯ ᠢᠶᠠᠷ | ᠣᠷᠴᠢᠯᠠᠩ ᠢ ᠢᠰᠬᠦᠴᠢᠵᠦ | ᠭᠤᠳᠤᠮᠵᠢᠨ ᠤ ᠪᠠᠨ ᠡᠬᠢᠨ ᠳᠤ | ᠤᠷᠤᠭᠰᠢ ᠪᠠᠨ ᠭᠤᠷᠪᠠ᠂ ᠠᠷᠤᠨᠰᠢ ᠪᠠᠨ ᠬᠤᠶᠠᠷ | ᠬᠡᠨ ᠲᠠᠢ ᠴᠦ ᠬᠠᠮᠢᠶ᠎ᠠ ᠦᠭᠡᠢ | ᠪᠥᠵᠢᠭᠯᠡᠬᠦ ᠬᠡᠷᠡᠭᠲᠡᠢ︕ | ᠬᠠᠷᠢᠨ ᠁ ᠬᠡᠨ ᠲᠠᠢ︖ ᠁ ᠬᠡᠵᠢᠶ᠎ᠡ︖ | ᠬᠠᠷᠢᠭᠤ ᠣᠯᠳᠠᠬᠤ ᠦᠭᠡᠢ ᠵᠣᠪᠠᠯᠠᠩᠲᠤ ᠠᠰᠠᠭᠤᠯᠲᠠ | ᠬᠠᠴᠢᠨ ᠬᠦᠢᠲᠡᠨ ᠭᠤᠨᠢᠭ ᠤᠷᠤᠰᠬᠠᠨ᠎ᠠ︕ | ᠬᠠᠷᠠᠮᠰᠠᠭᠠᠳ ᠴᠦ ᠪᠠᠰᠠ ᠶᠠᠭᠠᠬᠢᠬᠤ ᠪᠤᠢ | ᠬᠠᠮᠢᠭᠠᠰᠢ ᠳᠠᠭᠠᠨ ᠯᠠ ᠪᠢ ᠰᠢᠯᠦᠭ ᠢᠶᠠᠨ ᠨᠢᠭᠡᠨᠲᠡ | ︽ᠲᠤᠲᠠᠭᠤ ᠨᠦᠬᠦᠭᠡᠰᠦ ᠠᠮᠢᠳᠤᠷᠠᠯ ᠳᠤ ᠵᠦᠩᠳᠡᠭᠡᠨ︕︾ ᠭᠡᠵᠦ | ᠳᠤᠷ᠎ᠠ ᠦᠭᠡᠢ ᠬᠦᠷᠦᠮ᠎ᠡ ᠶᠣᠷᠤ ᠶᠢᠨ ᠦᠨᠡᠨ ᠢᠶᠠᠷ | ᠳᠠᠭᠤ ᠦᠭᠡᠢ ᠭᠤᠷᠪᠠᠨ ᠴᠡᠭ ᠣᠷᠬᠢᠵᠤ | ᠡᠬᠢᠨ ᠳᠤᠨᠢ ᠳᠠᠭᠤᠰᠬᠠᠭᠰᠠᠨ ᠠᠴᠠ ᠬᠤᠶᠢᠰᠢ | ᠳᠠᠭᠤ ᠦᠭᠡᠢ ᠯᠡ᠂ ᠭᠤᠨᠢᠭ ᠦᠭᠡᠢ ᠨᠢᠳᠦ ᠪᠠᠷ | ᠣᠷᠴᠢᠯᠠᠩ ᠤᠷᠤᠭᠤ ᠢᠨᠢᠶᠡᠵᠦ | ᠳᠠᠭᠤ ᠦᠭᠡᠢ ᠯᠡ᠂ ᠭᠤᠳᠢᠭ ᠦᠭᠡᠢ ᠬᠦᠯ ᠢᠶᠠᠷ | ᠣᠷᠴᠢᠯᠠᠩ ᠢ ᠢᠰᠬᠦᠴᠢᠵᠦ | ᠡᠳᠦᠷ ᠪᠦᠷᠢ ᠰᠢᠨ᠎ᠡ ᠰᠢᠯᠦᠭ ᠢᠶᠠᠷ | ᠰᠢᠨ᠎ᠡ ᠳᠠᠷᠠᠰᠤ ᠨᠡᠷᠡᠵᠦ | ᠥᠨᠢ ᠡᠷᠲᠡ ᠠᠴᠠ ᠨᠦᠬᠦᠭᠡᠰᠦ ᠲᠤᠲᠠᠭᠤ ᠠᠮᠢᠳᠤᠷᠠᠯ ᠤᠨ | ᠬᠠᠭᠤᠷᠠᠢ ᠦᠨᠳᠦᠰᠦᠨ ᠳᠤ ᠰᠡᠷᠵᠢᠮ | ᠡᠷᠭᠦᠬᠦ ᠠᠴᠠ ᠶᠠᠭᠠᠬᠢᠬᠤ ᠪᠤᠢ︕ |