| - ᠦᠭᠡ ᠨᠢᠰᠴᠦ᠂ ᠪᠢᠴᠢᠭ ᠦᠯᠡᠳᠡᠳᠡᠭ | ᠬᠦᠮᠦᠨ ᠦᠬᠦᠵᠦ᠂ ᠵᠢᠷᠤᠭ ᠦᠯᠡᠳᠡᠳᠡᠭ | ᠪᠠᠪᠦᠦ ᠶᠢᠨ ᠯᠾᠬᠠᠪᠠᠰᠦ᠋ᠷᠦᠩ | ᠠᠮᠢᠰᠬᠤᠭ᠎ᠠ ᠬᠤᠷᠢᠶᠠᠬᠤ ᠥᠶ᠎ᠡ ᠶᠢᠨ ᠰᠡᠭᠦᠯᠴᠢ ᠶᠢᠨ ᠬᠢᠯᠠᠭᠠᠨ ᠨᠢᠯᠪᠤᠰᠤᠨ ᠠᠴᠠ | ᠠᠷᠤ ᠳᠤ ᠦᠯᠡᠳᠡᠭᠰᠡᠳ ᠤᠨ ᠨᠢᠯᠪᠤᠰᠤ ᠳᠡᠩᠳᠡᠭᠦᠦ ᠶᠡᠭᠡ ᠶᠢ ᠮᠠᠷᠲᠠᠭᠠᠳ | ᠡᠪᠡᠳᠴᠦ ᠵᠤᠪᠠᠭᠰᠠᠨ ᠢᠶᠠᠨ᠂ ᠦᠷ᠎ᠡ ᠬᠡᠦᠬᠡᠳ ᠤᠳ ᠲᠡᠭᠡᠨ ᠬᠡᠯᠡᠬᠦ ᠳᠡᠮᠡᠢ ᠁ ᠶᠤᠮ | ᠦᠷᠢᠰᠦᠭᠡᠳ ᠲᠡᠳᠡ ᠮᠢᠨᠢ ᠨᠠᠳᠠ ᠪᠠᠷ ᠡᠪᠡᠳᠴᠦ ᠶᠠᠪᠤᠨ᠎ᠠ ᠁ | ᠨᠢᠯᠪᠤᠰᠤᠲᠠᠢ ᠳᠠᠭᠤ ᠶᠢ ᠮᠢᠨᠢ ᠰᠤᠨᠤᠰᠬᠤ ᠪᠠᠷ | ᠨᠠᠭᠤᠷ ᠰᠢᠭ᠋ ᠵᠣᠪᠠᠯᠠᠩ ᠴᠡᠭᠡᠵᠢ ᠳᠦᠭᠦᠷᠦᠨ᠎ᠡ ᠁ | ᠨᠢᠭᠤᠭᠠᠳ ᠪᠠᠶᠢᠬᠤ ᠳᠤ ᠪᠠᠭᠲᠠᠵᠤ ᠶᠠᠳᠠᠭᠠᠳ | ᠨᠢᠳᠦᠨ ᠠᠴᠠ ᠱᠣᠷᠪᠤᠭ ᠪᠣᠯᠵᠤ ᠠᠰᠬᠠᠷᠠᠨ᠎ᠠ ᠁ | ᠰᠤᠨᠤᠷ ᠨᠢ ᠶᠡᠬᠡᠲᠡᠭᠰᠡᠨ ᠰᠦᠨᠢ ᠶᠢᠨ ᠤᠢ ᠳᠤ | ᠰᠤᠭᠤ ᠨᠤᠭᠤᠳ ᠬᠤᠷᠬᠢᠷᠠᠵᠤ᠂ ᠨᠠᠮ ᠭᠦᠮ ᠢ ᠲᠠᠪᠠ ᠦᠭᠡᠶᠢᠲᠡᠭᠦᠯᠦᠨᠡ᠃ | ᠲᠡᠯᠡᠬᠡᠢ ᠶᠢᠨ ᠴᠢᠯᠠᠭᠤ ᠬᠦᠷᠲᠡᠯ᠎ᠡ ᠰᠦᠨᠢ ᠰᠡᠷᠡᠵᠦ | ᠳᠡᠩᠳᠡᠭᠦᠦ ᠲᠡᠨᠡᠭ ᠢᠶᠠᠷ ᠢᠶᠠᠨ ᠬᠦᠮᠦᠨ ᠪᠢᠳᠡ ᠯᠡ ᠤᠨᠲᠠᠳᠠᠭ ᠠᠮᠤᠢ ᠁ | ᠦᠴᠦᠭᠡᠳᠦᠷ ᠭᠠᠳᠠᠭ᠎ᠠ ᠭᠤᠩᠬᠤᠨ ᠳᠤ ᠴᠠᠢ ᠪᠠᠨ ᠬᠦᠷᠦᠬᠦ ᠶᠢ ᠨᠢ ᠬᠦᠯᠢᠶᠡᠭᠡᠳ | ᠡᠳᠦᠷᠵᠢᠨ ᠰᠢᠮᠡᠪᠡᠴᠦ ᠪᠠᠷᠠᠬᠤ ᠠᠷᠭ᠎ᠠ ᠦᠭᠡᠢ ᠬᠠᠯᠠᠭᠤᠨ | ᠦᠷᠯᠦᠭᠡ ᠣᠳᠤᠳ ᠬᠤᠨᠤᠭᠰᠠᠨ ᠴᠠᠢ ᠪᠠᠨ ᠵᠠᠯᠭᠢᠯᠠᠬᠤ ᠳᠤ | ᠦᠩᠭᠡᠷᠡᠭᠰᠡᠨ ᠰᠦᠨᠢ ᠶᠢᠨ ᠬᠤᠨᠵᠢᠩ ᠰᠢᠭ᠋ ︽ᠬᠦᠢᠲᠡᠨ︾ ᠁ | ᠦᠨᠳᠦᠷ ᠮᠣᠳᠤᠨ ᠤ ᠦᠵᠦᠭᠦᠷ ᠰᠢᠷᠠᠯᠠᠨ | ᠳᠡᠯᠡᠬᠡᠢ ᠨᠠᠮᠤᠷᠰᠢᠬᠤᠢ ᠁ | ᠦᠰᠦ ᠰᠠᠬᠠᠯ ᠤᠨ ᠦᠵᠦᠭᠦᠷ ᠪᠤᠭᠤᠷᠤᠯᠲᠤᠵᠤ | ᠪᠢ ᠨᠠᠮᠤᠷᠰᠢᠬᠤᠢ ᠁ | ᠨᠠᠮᠤᠷ ᠤᠨ ᠰᠠᠯᠬᠢᠨ ᠤ ᠦᠯᠢᠶᠡᠯᠲᠡ ᠳᠤ | ᠮᠠᠶᠢᠬᠠᠨ ᠤ ᠸᠠᠳᠠᠩ ᠲᠡᠷᠪᠡᠨᠡ᠃ | ᠨᠠᠷᠠᠰᠤᠨ ᠤᠢ ᠶᠢᠨ ᠦᠵᠦᠭᠦᠷ ᠠᠴᠠ | ᠱᠤᠩᠬᠤᠷ ᠤᠨ ᠳᠡᠭᠦᠯᠢᠬᠦ ᠶᠢ ᠳᠠᠭᠤᠷᠢᠶᠠᠭᠰᠠᠨ ᠠᠵᠤᠭᠤ᠃ | ᠵᠠᠷᠢᠮ ᠶᠠᠭᠤᠮᠠᠰ ᠲᠣᠬᠢᠶᠠᠯ ᠢ ᠮᠠᠷᠲᠠᠬᠤ ᠰᠠᠨ ᠭᠡᠵᠦ ᠪᠣᠳᠤᠬᠤ ᠶᠤᠮ | ︽ᠮᠠᠷᠲᠠᠬᠤᠢ︾ ᠨᠠᠮᠠᠶᠢ ᠲᠤᠭᠤᠵᠤ ᠰᠢᠩᠰᠢᠬᠦ ᠦᠭᠡᠢ᠃ | ᠵᠠᠢ ᠴᠢᠯᠦᠭᠡ ᠦᠭᠡᠢ ᠲᠠᠮᠤᠯᠠᠬᠤ ︽ᠬᠤᠭᠤᠰᠤᠨ︾ ᠠᠭᠠᠳ ᠪᠤᠳᠠᠲᠤ ᠶᠢᠨ ᠰᠡᠨᠳᠡᠢ ᠳᠤ | ︽ᠰᠠᠨᠠᠬᠤᠢ︾ ᠶᠡᠬᠡᠮᠰᠦᠭ ᠮᠣᠷᠢᠯᠠᠵᠤ ᠨᠠᠮᠠᠶᠢ ᠬᠡᠮᠡᠯᠢᠨ᠎ᠡ᠃ | ᠬᠦᠭᠡᠷᠴᠦ᠂ ᠭᠤᠮᠤᠳᠠᠬᠤ ᠬᠤᠶᠠᠷ ᠢ | ᠪᠡᠶᠡᠨ ᠠᠴᠠ ᠪᠠᠨ ᠬᠠᠰᠤᠮᠠᠷ ᠪᠠᠶᠢᠬᠤ ᠶᠤᠮ ᠁ | ᠬᠦᠷᠦᠵᠦ ᠭᠦᠯᠢᠢᠭᠡᠳ | ᠠᠮᠢᠳᠤ ᠪᠠᠷ ᠢᠶᠠᠨ ᠴᠢᠯᠠᠭᠤᠵᠢᠬᠤ ᠪᠣᠯ ᠦᠦ ᠭᠡᠵᠦ ᠠᠶᠤᠬᠤ ᠶᠤᠮ ᠁ | ᠣᠷᠴᠢᠯᠠᠩ ᠤᠨ ᠬᠠᠮᠤᠭ ᠤᠨ ᠤᠷᠲᠤ ᠰᠦᠨᠢ | ᠴᠢᠮ᠎ᠠ ᠦᠭᠡᠢ - ᠰᠦᠨᠢ ᠁ | ᠣᠷᠴᠢᠯᠠᠩ ᠤᠨ ᠬᠠᠮᠤᠭ ᠤᠨ ᠪᠣᠭᠤᠨᠢ ᠰᠦᠨᠢ | ᠴᠢᠮ᠎ᠠ ᠲᠠᠢ - ᠰᠦᠨᠢ ᠁ | ᠳᠡᠷᠭᠡᠳᠡ ᠬᠦᠮᠦᠨ ᠪᠠᠶᠢᠬᠤ ᠦᠭᠡᠢ︕ ᠭᠠᠭᠴᠠᠭᠠᠷᠬᠠᠨ ᠢᠶᠠᠨ | ᠳᠡᠪᠲᠡᠷ ᠦᠵᠦᠭ ᠲᠠᠢ ᠪᠠᠨ ᠭᠤᠷᠪᠠᠭᠤᠯᠠᠬᠠᠨ ᠢᠶᠠᠨ | ᠦᠷᠭᠦᠭᠡᠴᠢᠭᠡᠵᠦ ᠮᠡᠳᠡᠬᠦ ᠪᠤᠳᠤᠯ ᠢᠶᠠᠨ ᠴᠢᠨᠦᠷᠡᠭᠦᠯᠦᠨ | ᠦᠭᠡ ᠲᠡᠭᠦᠨ᠂ ᠤᠳᠬ᠎ᠠ ᠶᠢ ᠡᠪᠯᠡᠭᠦᠯᠮᠦ ᠁ | ᠡᠭᠦᠯᠡ ᠨᠡᠭᠦᠭᠡᠳ ᠴᠦ ᠬᠦᠷᠬᠦ ᠦᠭᠡᠢ ᠠᠯᠤᠰ ᠲᠤ | ︽ᠦᠨᠡᠭᠡᠨ ᠤ ᠨᠢᠳᠦ︾ ᠵᠠᠯᠭᠢᠯᠠᠨ ᠰᠡᠷᠡᠭᠦᠨ ᠬᠤᠨᠤᠬᠤᠢ | ᠦᠦᠷ ᠤᠨ ᠴᠠᠰᠤᠨ ᠳᠤᠮᠳᠠ ᠠᠴᠠ ᠠᠯᠲᠠᠨ ᠵᠤᠭᠤᠰ ᠰᠢᠭ᠋ ᠨᠠᠷᠠ ᠴᠤᠪᠬᠤᠷᠤᠨ ᠦᠷᠯᠦᠭᠡ ᠪᠣᠯᠤᠭᠠᠳ | ᠦᠷᠭᠦᠭᠰᠡᠨ ᠪᠤᠳᠤᠯ ᠤᠳ ᠮᠢᠨᠢ ᠰᠦᠨᠢ ᠣᠷᠤᠭᠰᠠᠨ ᠴᠠᠰᠤ ᠰᠢᠭ᠋ ᠬᠠᠶᠢᠯᠤᠮᠤᠢ᠃ | ᠡᠷᠭᠢᠭᠡᠳ ᠪᠢ ᠢᠷᠡᠬᠦ ᠦᠭᠡᠢ ᠶᠤᠮ ᠪᠢᠰᠢ ᠪᠠᠶᠢᠭ᠎ᠠ ᠭᠡᠰᠡᠨ | ᠡᠷᠡᠭᠡᠯᠵᠡᠭᠡᠨ ᠤ ᠰᠡᠭᠦᠳᠡᠷ ᠰᠡᠳᠬᠢᠯ ᠳᠡᠭᠡᠨ ᠤᠨᠠᠭᠠᠵᠤ | ᠡ ᠳ᠋ᠠ︕ ᠮᠦᠨ ᠴᠦ ᠰᠠᠶᠢᠬᠠᠨ ᠨᠤᠲᠤᠭ ᠰᠢᠦ︕ | ᠡᠳ᠋ᠯᠡᠵᠦ᠂ ᠡᠯᠡᠭᠡᠭᠰᠡᠨ ᠳ᠋ᠠ︕ ᠭᠡᠰᠡᠨ ᠬᠠᠨᠤᠭᠰᠠᠨ ᠪᠠᠶᠠᠷ ᠠᠮᠲᠠᠭᠳᠠᠵᠤ | ᠨᠤᠲᠤᠭ ᠠᠴᠠ ᠪᠠᠨ ᠪᠢ ᠶᠠᠪᠤᠯ᠎ᠠ ᠁ | ᠬᠠᠶᠢᠬᠤ ᠭᠡᠵᠦ ᠪᠤᠳᠤᠭᠰᠠᠨ ᠶᠠᠭᠤᠮ᠎ᠠ᠂ ᠶᠡᠭᠡ ᠪᠠᠶᠢᠭᠰᠠᠨ ᠶᠤᠮ ᠰᠠᠨ ᠭᠡᠬᠦ ᠠᠴᠠ | ᠬᠠᠷᠠᠮᠰᠠᠬᠤ ᠶᠤᠮ ᠁ ᠶᠤᠰᠤᠨ ᠪᠢᠯᠡ ᠡ ᠁ | ᠬᠦᠮᠦᠨ ᠤ ᠲᠦᠰ ᠣᠷᠤᠬᠤ ᠶᠢ ᠨᠢ ᠠᠴᠢ ᠭᠤᠴᠢ ᠠᠴᠠ ᠪᠠᠨ ᠦᠵᠡᠬᠦ ᠶᠤᠮ ᠰᠠᠨ ᠭᠡᠬᠦ ᠠᠴᠠ | ᠬᠤᠷᠭᠤᠳᠠᠬᠤ ᠶᠤᠮ ᠁ ᠶᠤᠰᠤᠨ ᠪᠢᠯᠡ ᠡ ᠁ | ᠦᠷ᠎ᠡ ᠶᠢᠨ ᠵᠤᠯᠠᠢ᠂ ᠢᠨᠠᠭ ᠤᠨ ᠤᠷᠤᠭᠤᠯ᠂ ᠨᠠᠮᠤᠷ ᠤᠨ ᠵᠢᠮᠢᠰ ᠢᠶᠠᠷ | ᠠᠮᠲᠠ ᠨᠢ ᠢᠷᠡᠳᠡᠭ ︽ᠨᠢᠯᠤᠭᠤᠨ︾ ᠬᠤᠷᠸ᠎ᠠ | ᠦᠬᠦᠯ ᠤᠨ ᠵᠤᠭᠰᠤᠴᠠ᠂ ᠬᠤᠳᠠᠯ ᠳᠤᠷᠠᠳᠬᠠᠯ᠂ ᠬᠠᠭᠤᠷᠠᠢ ᠨᠢᠯᠪᠤᠰᠤ ᠪᠠᠷ | ᠠᠮᠲᠠ ᠨᠢ ᠢᠷᠡᠳᠡᠭ ︽ᠭᠠᠰᠢᠭᠤᠨ︾ ᠬᠤᠷᠸ᠎ᠠ᠃ | ᠡᠷ᠎ᠡ ᠬᠦᠮᠦᠨ | ᠡᠮᠡᠭᠲᠡᠢ ᠬᠦᠮᠦᠨ ᠢ | ᠬᠠᠭᠤᠷᠬᠤ ᠭᠡᠵᠦ ᠡᠮᠦᠨ᠎ᠡ ᠠᠴᠠ ᠨᠢ ᠬᠠᠷᠠᠳᠠᠭ | ᠬᠡᠷᠡᠭᠯᠡᠬᠦ ᠭᠡᠵᠦ ᠠᠷᠤ ᠠᠴᠠ ᠨᠢ ᠬᠠᠷᠠᠳᠠᠭ | ᠬᠠᠷᠤᠢ ᠪᠦᠷᠦᠢ ᠶᠢᠨ ᠵᠠᠭᠠᠭ ᠲᠤ ᠴᠢᠨ᠋ᠸ᠎ᠠ ᠤᠯᠢᠬᠤ ᠰᠤᠨᠤᠰᠤᠭᠳᠠᠬᠤᠢ | ᠬᠠᠪᠢ ᠶᠢᠨ ᠨᠤᠬᠠᠳ ᠰᠡᠷᠡᠮᠵᠢ ᠪᠠᠨ ᠭᠠᠶᠢᠬᠠᠭᠤᠯᠤᠨ ᠪᠤᠷᠭᠤᠬᠤ ᠨᠢ ᠰᠦᠷᠵᠢᠨ ᠁ | ᠠᠷᠪᠠᠳ ᠤᠨ ᠲᠡᠷᠭᠡᠯ ᠰᠠᠷᠠᠨ ᠦᠨᠳᠦᠷ ᠲᠤ ᠪᠠᠶᠢᠬᠤᠢ ᠠᠲᠠᠯ᠎ᠠ ᠪᠠᠨ | ᠠᠭᠠᠷ ᠲᠤ ᠭᠠᠵᠠᠷ ᠤᠨ ᠠᠨᠢᠷ ᠢ ᠲᠠᠭᠠᠨ ᠦᠷᠦᠭᠡᠰᠦᠨ ︽ᠴᠠᠩ︾ ᠰᠢᠭ᠋ ᠵᠢᠩᠭᠢᠨᠠᠮᠦ ᠁ | ᠭᠠᠵᠠᠷ ᠲᠡᠭᠷᠢ ᠬᠤᠶᠠᠷ ᠲᠠᠢ | ᠲᠠᠭᠠᠷᠠᠳᠠᠭ ᠶᠠᠭᠤᠮ᠎ᠠ ᠨᠠᠳᠠ ᠶᠡᠭᠡ ᠪᠤᠢ ᠁ | ᠭᠠᠵᠠᠷ ᠢᠶᠠᠷ ᠬᠦᠯᠭᠦᠬᠦ ᠬᠦᠮᠦᠰ ᠲᠠᠢ | ᠲᠠᠭᠠᠷᠠᠳᠠᠭ ᠦᠭᠡᠢ ᠶᠠᠭᠤᠮ᠎ᠠ ᠨᠠᠳᠠ ᠶᠡᠭᠡ ᠪᠤᠢ ᠁ | ᠨᠢᠯᠪᠤᠰᠤ ᠠᠷᠴᠢᠭᠰᠠᠨ ᠠᠯᠴᠢᠭᠤᠷ | ᠨᠢᠳᠦᠨ ᠤ ᠵᠤᠪᠬᠢᠨ ᠠᠴᠠ ᠲᠦᠷᠦᠭᠦᠯᠡᠵᠦ ᠡᠭᠰᠢᠨᠡ ᠁ | ᠰᠢᠯᠲᠠᠭ ᠢ ᠡᠳ᠋ᠯᠡᠭᠡ ᠦᠭᠡᠢ ᠶᠣᠮ ᠭᠡᠳᠡᠭ | ᠱᠠᠯ ᠦᠭᠡᠷ᠎ᠡ ᠪᠠᠶᠢᠳᠠᠭ ᠶᠤᠮ ᠪᠠᠶᠢᠨ᠎ᠠ ᠁ | ᠤᠶᠢᠷ᠎ᠠ ᠤᠶᠢᠷᠠᠬᠠᠨ ᠪᠠᠷᠢᠭᠰᠠᠨ ᠦᠨᠳᠦᠷ ᠪᠠᠶᠢᠰᠢᠩ ᠨᠤᠭᠤᠳ | ᠣᠷᠤᠰᠢᠭᠤᠯᠭ᠎ᠠ ᠶᠢᠨ ᠭᠠᠵᠠᠷ ᠤᠨ ᠫᠠᠶᠢᠯᠤᠷ ᠰᠢᠭ᠋ ᠬᠠᠷᠠᠭᠳᠠᠨ᠎ᠠ᠃ | ᠠᠮᠢᠳᠤ ᠦᠬᠦᠳᠡᠯ ᠤᠳ᠂ ᠲᠡᠨᠳᠡ ᠪᠣᠵᠢᠭᠢᠨᠠᠨ ᠤᠶᠢᠮᠡᠯᠳᠦᠵᠦ | ᠠᠮᠢᠳᠤᠷᠠᠬᠤ ᠭᠡᠵᠦ ᠦᠬᠦᠨ ᠬᠠᠳᠠᠨ ᠭᠦᠶᠦᠯᠳᠦᠨ᠎ᠡ᠃ | ᠪᠦᠳᠡᠬᠢ ᠬᠠᠭᠤᠴᠢᠨ ᠦᠩᠭᠡᠨ ᠳᠤᠨᠢ | ᠪᠦᠷᠬᠦᠭ ᠲᠡᠭᠷᠢ ᠵᠤᠬᠢᠨ᠎ᠠ᠃ | ᠪᠦᠬᠦᠢ ᠯᠠ ᠶᠠᠭᠤᠮ᠎ᠠ ᠶᠢ ᠰᠠᠯᠬᠤ ᠦᠭᠡᠢ ᠳᠠᠭᠠᠳᠠᠭ | ᠪᠦᠲᠦᠨ ᠡᠳᠦᠷ ᠰᠡᠭᠦᠳᠡᠷ ᠦᠭᠡᠢ ᠁ | ᠰᠢᠩᠭᠡᠵᠦ ᠪᠠᠶᠢᠭ᠎ᠠ ᠨᠠᠷᠠᠨ ᠤ ᠪᠣᠳᠤᠭᠲᠠᠢ | ᠤᠯᠠᠭᠠᠨ ᠰᠢᠷᠭᠠᠯ ᠬᠠᠭᠠᠴᠠᠯ ᠮᠢᠨᠢ᠃ | ᠳᠡᠰ ᠬᠠᠷ᠎ᠠ ᠰᠦᠨᠢ ᠶᠢᠨ ᠪᠤᠳᠤᠭᠲᠠᠢ | ᠤᠬᠠᠭᠠᠨ ᠦᠭᠡᠢ ᠤᠯᠠᠨ ᠰᠦᠨᠢ ᠨᠦᠭᠦᠳ ᠮᠢᠨᠢ ᠁ | ᠦᠷᠯᠦᠭᠡ ᠨᠠᠷᠠ ᠨᠠᠮᠠᠶᠢ ᠰᠦᠯᠪᠡᠨᠡ ᠁ | ᠦᠳᠡᠰᠢ ᠰᠠᠷ᠎ᠠ ᠨᠠᠮᠠᠶᠢ ᠢᠯᠢᠨ᠎ᠡ᠃ | ᠰᠠᠯᠬᠢ ᠨᠠᠮᠠᠶᠢ ᠳᠤᠯᠢᠶᠠᠨ᠎ᠠ᠃ | ᠡᠭᠦᠯᠡ ᠨᠠᠮᠠᠶᠢ ᠠᠷᠴᠢᠨ᠎ᠠ᠃ | ᠵᠢᠷᠦᠬᠡ ᠮᠢᠨᠦ ᠠᠮᠢᠳᠤᠷᠠᠯ ᠤᠨ ᠴᠠᠭ ᠁ | ᠵᠢᠷᠦᠬᠡ - ᠮᠢᠨᠦ ᠮᠦᠩᠬᠡ ᠶᠢᠨ ᠬᠦᠳᠡᠯᠭᠡᠭᠦᠷ᠃ | ᠪᠢ ᠬᠠᠨᠢ ᠲᠠᠢ ᠪᠠᠨ ᠴᠠᠭ ᠢᠶᠠᠨ ᠲᠠᠭᠠᠷᠠᠭᠤᠯᠤᠭᠰᠠᠨ | ᠪᠢᠳᠡ ᠬᠤᠶᠠᠷ ᠤᠨ ᠴᠠᠭ ᠲᠠᠭᠠᠷᠠᠵᠤ ᠶᠠᠪᠤᠭ᠎ᠠ ᠁ | ᠭᠠᠳᠠᠭ᠎ᠠ ᠨᠠᠮᠤᠷᠰᠢᠬᠤᠢ | ᠨᠠᠪᠴᠢᠰ ᠣᠷᠤᠬᠤ ᠭᠠᠵᠠᠷ ᠢᠶᠠᠨ ᠣᠯᠵᠤ ᠶᠠᠳᠠᠨ ᠬᠡᠶᠢᠰᠦᠨ᠎ᠡ᠃ | ᠭᠠᠵᠠᠷ ᠠᠴᠠ ᠣᠷᠭᠤᠭᠰᠠᠨ ᠮᠣᠳᠤᠨ ᠤ ᠨᠠᠪᠴᠢᠰ | ᠭᠠᠵᠠᠷ ᠲᠠᠭᠠᠨ ᠪᠤᠴᠠᠵᠤ ᠢᠷᠡᠵᠦ ᠳᠠᠭᠤᠰᠤᠨ᠎ᠠ᠃ | ᠨᠠᠳᠠ ᠲᠡᠷᠡ ᠮᠢᠨᠢ ᠰᠠᠨᠠᠭᠳᠠᠪᠠᠯ | ᠲᠡᠷᠡ ᠨᠠᠮᠠᠶᠢ ᠶᠡᠭᠡ ᠰᠠᠨᠠᠵᠠᠢ ᠁ | ᠲᠡᠷᠡᠨ ᠳᠤ ᠪᠢ ᠰᠠᠨᠠᠭᠳᠠᠪᠠᠯ | ᠪᠢ ᠲᠡᠷᠡᠨ ᠢ ᠶᠡᠭᠡ ᠰᠠᠨᠠᠵᠠᠢ ᠁ | ᠦᠷᠯᠦᠭᠡ ᠶᠠᠭᠠᠬᠢᠵᠦ ᠡᠬᠢᠯᠡᠨ᠎ᠡ ᠪᠤᠢ︖ | ᠡᠳᠦᠷ ᠨᠢ ᠲᠡᠶᠢᠮᠦ ᠦᠷᠭᠦᠯᠵᠢᠯᠡᠨ᠎ᠡ᠃ | ᠬᠦᠮᠦᠨ ᠶᠠᠭᠠᠬᠢᠵᠦ ᠠᠮᠢᠳᠤᠷᠠᠨ᠎ᠠ ᠪᠤᠢ ᠁ | ᠲᠡᠭᠦᠰᠬᠡᠯ ᠨᠢ ᠲᠡᠶᠢᠮᠦ ᠦᠷᠭᠦᠯᠵᠢᠯᠡᠨ᠎ᠡ᠃ | ᠦᠰᠬᠡᠭᠰᠡᠨ ᠦᠷ᠎ᠡ ᠠᠴᠠ ᠪᠠᠨ ᠬᠠᠷᠢᠭᠤ ᠪᠣᠳᠤᠬᠤ | ᠦᠨᠡᠨ ᠳᠡᠭᠡᠨ ᠪᠦᠲᠦᠬᠦ ᠦᠭᠡᠢ ᠶᠠᠪᠤᠳᠠᠯ ᠁ | ᠤᠷᠭᠤᠭᠰᠠᠨ ᠮᠣᠳᠤ ᠪᠠᠨ ᠡᠷᠭᠢᠵᠦ ᠪᠣᠷᠳᠤᠭᠰᠠᠨ | ᠵᠢᠮᠢᠰ ᠭᠡᠵᠦ ᠦᠭᠡᠢ ᠁ | ᠬᠤᠳᠠᠯ ᠬᠡᠯᠡᠬᠦ ᠦᠭᠡ ᠦᠨᠡᠨ ᠢ ᠬᠡᠯᠡᠬᠦ ᠠᠴᠠ ᠶᠡᠭᠡ ᠪᠤᠳᠤᠭᠤᠯᠤᠨ᠎ᠠ | ᠬᠡᠯᠡ ᠦᠭᠡᠢ ᠬᠦᠮᠦᠨ - ᠦᠨᠡᠨ ᠤ ᠳᠠᠶᠢᠲᠠᠢ ᠦᠨᠡᠨ ᠳᠤ ᠬᠦᠷᠭᠡᠬᠦ ᠶᠢᠨ ᠰᠢᠯᠲᠠᠭ ᠪᠣᠯᠠᠢ ᠁ | ᠦᠨᠡᠨ ᠦᠭᠡ ᠦᠨᠡᠮᠰᠢᠭᠳᠡᠬᠦ ᠦᠭᠡᠢ ᠪᠠᠶᠢᠬᠤ ᠳᠤᠷ ᠶᠡᠬᠡᠲᠡ ᠤᠶᠢᠲᠠᠢ | ᠰᠤᠨᠤᠰᠬᠤ ᠦᠭᠡᠢ ᠬᠦᠮᠦᠨ - ᠦᠨᠡᠨ ᠦᠭᠡ ᠬᠤᠪᠤᠷ ᠰᠣᠨᠤᠰᠬᠤ ᠶᠢᠨ ᠰᠢᠯᠲᠠᠭ ᠪᠣᠯᠠᠢ ᠁ | ᠠᠶᠢᠷᠠᠭ ᠴᠠᠭᠠᠨ ᠰᠦ | ᠨᠠᠷᠠᠨ ᠤ ᠰᠠᠭᠠᠮ᠎ᠠ᠃ | ᠠᠮᠢᠲᠠᠢ ᠪᠦᠬᠦᠨ ᠤ ᠲᠥᠯᠦᠭᠡ ᠤᠨᠠᠭᠠᠭᠰᠠᠨ | ᠪᠣᠷᠬᠠᠨ ᠤ ᠨᠢᠯᠪᠤᠰᠤ᠃ | ᠪᠤᠷᠭᠠᠭᠠᠨ ᠳᠤᠮᠳᠠ ᠪᠦᠦᠳᠡᠶᠢᠭᠰᠡᠨ ᠨᠠᠷᠠ | ᠪᠤᠯᠠᠰᠢᠨ ᠠᠴᠠ ᠣᠯᠳᠠᠭᠰᠠᠨ ᠬᠠᠭᠤᠴᠢᠨ ᠵᠤᠭᠤᠰ ᠰᠢᠭ᠋᠃ | ᠡᠷᠢᠶᠡᠨ ᠬᠤᠷᠸ᠎ᠠ ᠳᠤ ᠠᠮᠢᠳᠤᠷᠠᠭᠰᠠᠨ ᠤ ᠮᠢᠨᠢ | ᠡᠴᠦᠰ ᠤᠨ ᠭᠠᠭᠴᠠ ᠦᠨ᠎ᠡ ᠮᠡᠲᠦ᠃ | ᠨᠠᠳᠠ ᠪᠠᠶᠢᠭ᠎ᠠ ᠤᠯᠠᠷᠢᠯ ᠁ ᠨᠠᠮᠤᠷ ᠴᠠᠭ ᠁ | ᠪᠢ ᠵᠢᠮᠢᠰ ᠢᠶᠠᠨ ᠭᠥᠪᠢᠴᠢᠬᠡᠭᠰᠡᠨ ᠁ ᠲᠡᠳᠡ ᠤᠷᠭᠤᠵᠤ ᠪᠠᠶᠢᠨ᠎ᠠ ᠁ | ᠪᠢ ᠨᠠᠪᠴᠢ ᠪᠠᠨ ᠭᠥᠪᠢᠴᠢᠬᠡᠭᠰᠡᠨ ᠁ ᠳᠡᠳᠡ ᠬᠡᠶᠢᠰᠴᠤ ᠪᠠᠶᠢᠭ᠎ᠠ ᠁ | ᠨᠡᠳᠡ ᠢᠷᠡᠬᠦ ᠴᠠᠭ ᠁ ᠡᠪᠦᠯ ᠴᠠᠭ ᠁ | ᠦᠭᠡᠳᠡ ᠠᠴᠠ ᠬᠠᠷᠠᠵᠤ ᠪᠤᠢ ᠢᠨᠢᠶᠡᠮᠰᠦᠭᠯᠡᠯ ᠪᠣᠯᠭᠠᠨ | ᠴᠠᠭᠠᠰᠢ ᠪᠠᠨ ᠬᠠᠷᠠᠬᠤ ᠪᠠᠷ ᠠᠲᠠᠭᠠᠷᠬᠠᠯ ᠪᠣᠯᠳᠠᠭ᠃ | ᠦᠭᠡᠳᠡ ᠠᠴᠠ ᠬᠠᠷᠠᠵᠤ ᠪᠤᠢ ᠨᠢᠳᠦ ᠪᠣᠯᠭᠠᠨ | ᠴᠠᠭᠠᠰᠢ ᠪᠠᠨ ᠬᠠᠷᠠᠬᠤ ᠪᠠᠷ ᠮᠠᠷᠲᠠᠬᠤᠢ ᠪᠣᠯᠳᠠᠭ᠃ | ᠲᠡᠨᠡᠭ ᠤᠳ ᠲᠤ ᠪᠣᠳᠤᠯ ᠤᠨ ᠢᠶᠠᠨ ᠶᠠᠰᠤ ᠶᠢ ᠮᠦᠯᠵᠢᠭᠦᠯᠬᠦ ᠦᠭᠡᠢ ᠭᠡᠵᠦ | ᠲᠡᠪᠴᠢᠶᠡᠷᠢ ᠪᠠᠷ ᠬᠠᠰᠢᠵᠦ ᠦᠪᠡᠷ ᠢᠶᠠᠨ ᠲᠡᠷᠡᠴᠢᠯᠡᠵᠦ ᠦᠯᠡᠳᠡᠭᠡᠳᠡᠭ᠃ | ᠠᠮᠠ ᠪᠠᠷ ᠠᠯᠳᠠᠷᠠᠳᠠᠭ ᠤᠭᠢᠶᠠᠳᠠᠰᠤ ᠪᠢᠰᠢ ᠪᠣᠯᠬᠤ ᠪᠠᠷ ᠨᠢ | ᠠᠪᠴᠤ ᠦᠯᠡᠳᠡᠵᠦ ᠪᠢ ᠬᠠᠪᠢᠷᠭᠠᠨ ᠴᠠᠭᠠᠨ᠎ᠠ ᠪᠠᠨ ᠣᠷᠤᠰᠢᠭᠤᠯᠳᠠᠭ᠃ | ︽᠁ ᠰᠠᠷᠠᠨ ᠤ ᠬᠦᠢᠲᠡᠨ ᠬᠢᠷᠠᠮ᠎ᠠ ᠵᠠᠯᠭᠢᠯᠠᠵᠤ | ᠰᠠᠨᠠᠭᠠᠨ ᠳᠤ ᠦᠭᠡᠢ ᠵᠢᠷᠭᠠᠯ ᠤᠨ ᠬᠤᠰᠤᠮ ᠡᠳ᠋ᠯᠡᠪᠡᠴᠦ | ᠦᠯᠡᠳᠡᠬᠦ ᠦᠭᠡᠢ ᠬᠤᠳᠠᠯ ᠤᠨ ᠨᠣᠷᠮ᠎ᠠ ᠬᠢᠰᠬᠢᠵᠦ | ᠦᠦᠷ ᠴᠠᠶᠢᠲᠠᠯ᠎ᠠ ᠴᠣᠷᠮᠠ ᠬᠢᠬᠦ ᠦᠭᠡᠢ ᠬᠤᠨᠤᠨᠠᠮ ᠁︾ | ᠦᠳᠡᠰᠢ ᠶᠢᠨ ᠰᠠᠷᠠᠨ ᠳᠤᠷ ᠰᠦᠨ ᠲᠠᠯ᠎ᠠ | ᠦᠦᠷ ᠤᠨ ᠲᠤᠶᠠᠭᠠᠨ ᠳᠤᠷ ᠴᠠᠰᠤᠨ ᠲᠠᠯ᠎ᠠ | ᠡᠭᠦᠯᠡᠨ ᠰᠡᠭᠦᠳᠡᠷ ᠲᠤᠷ ᠠᠯᠠᠭ ᠲᠠᠯ᠎ᠠ | ᠦᠳᠡ ᠶᠢᠨ ᠨᠠᠷᠠᠨ ᠳᠤᠷ ᠠᠯᠲᠠᠨ ᠲᠠᠯ᠎ᠠ ᠁ | ᠨᠠᠪᠴᠢᠨ ᠤ ᠰᠤᠳᠠᠯ ᠰᠤᠳᠠᠰᠤ ᠰᠢᠭ᠋ ᠯᠤᠭᠰᠢᠬᠤ ᠶᠢ ᠮᠡᠳᠡᠷᠡᠨᠡᠮ᠃ | ᠵᠢᠮᠢᠰ ᠠᠶᠤᠭᠰᠠᠨ ᠬᠦᠮᠦᠨ ᠤ ᠨᠢᠳᠦ ᠰᠢᠭ ᠪᠦᠯᠲᠡᠭᠡᠨᠡᠬᠦ ᠶᠢ ᠬᠠᠷᠠᠪᠠᠯ | ᠳᠠᠭᠤ ᠦᠬᠦᠭᠰᠡᠨ ᠲᠠᠩᠬᠢᠮ ᠲᠤᠲᠤᠷ᠎ᠠ | ᠳᠤᠷᠠᠯᠠᠯ ᠤᠨ ᠳᠠᠭᠤᠤ ᠬᠠᠭᠠᠴᠠᠯ ᠰᠢᠭ᠋ ᠰᠤᠨᠤᠰᠤᠭᠳᠠᠳᠠᠭ᠃ | ᠲᠠᠷᠢᠬᠢ ᠪᠠᠨ ᠰᠢᠷᠭᠢᠲᠠᠯᠠ ᠰᠢᠯᠦᠭ ᠡᠷᠢᠨ᠎ᠡ ᠁ | ᠲᠠᠮᠠᠬᠢᠨ ᠤ ᠤᠲᠤᠭᠠᠨ ᠳᠤᠮᠳᠠ ᠠᠴᠠ ᠰᠢᠯᠦᠭ ᠤᠨ ᠮᠦᠷ ᠡᠷᠢᠨ᠎ᠡ ᠁ | ᠲᠡᠷᠲᠡᠭᠡ ᠬᠤᠯᠠ ᠶᠢᠨ ᠳᠤᠷᠠᠳᠬᠠᠯ ᠠᠴᠠ ᠰᠢᠯᠦᠭ ᠨᠡᠬᠡᠨ᠎ᠡ ᠁ | ᠲᠡᠨᠡᠭ ᠬᠠᠶᠢᠷ᠎ᠠ ᠶᠢᠨ ᠢᠶᠠᠨ ᠭᠤᠨᠢᠭ ᠠᠴᠠ ᠰᠢᠯᠦᠭ ᠨᠡᠬᠡᠨ᠎ᠡ ᠁ | |