ᠶᠠᠭ ᠦᠨᠡᠨ ᠳᠤ ᠪᠠᠨ ᠪᠢ ᠰᠢᠯᠦᠭ ᠰᠢᠭ ᠠᠮᠢᠳᠤᠷᠠᠭᠰᠠᠨ
ᠨᠡᠶᠢᠲᠡᠯᠡᠭᠰᠡᠨ ᠴᠠᠭ᠄
2019/12/5
       — ᠭᠤᠮᠪᠤᠵᠠᠪ ᠤᠨ ᠪᠢᠮᠪᠠᠵᠠᠪ ᠶᠠᠭ ᠦᠨᠡᠨ ᠳᠤ ᠪᠠᠨ ᠪᠢ ᠳᠡᠭᠦᠰᠭᠡᠯ ᠢ ᠨᠢ ᠪᠢᠴᠢᠭᠡᠳ ᠡᠬᠢᠯᠡᠯ ᠢ ᠨᠢ ᠤᠷᠬᠢᠭᠰᠠᠨ ᠰᠢᠯᠦᠭ ᠰᠢᠭ ᠠᠮᠢᠳᠤᠷᠠᠭᠰᠠᠨ ᠶᠠᠭ ᠦᠨᠡᠨ ᠳᠤ ᠪᠠᠨ ᠪᠢ ᠡᠷᠭᠡ ᠴᠢᠯᠦᠭᠡ ᠲᠠᠢ ᠪᠤᠯᠪᠠᠴᠦ ᠡᠷᠭᠡ ᠴᠢᠯᠦᠭᠡ ᠦᠭᠡᠢ ᠬᠤᠷᠢᠭᠳᠠᠯ ᠰᠢᠭ᠋ ᠠᠮᠢᠳᠤᠷᠠᠭᠰᠠᠨ ᠶᠠᠭ ᠦᠨᠡᠨ ᠳᠤ ᠪᠠᠨ ᠪᠢ ᠴᠠᠭ ᠬᠤᠭᠤᠴᠠᠭᠠᠨ ᠤ ᠠᠯᠤᠰᠯᠠᠯ ᠲᠤᠯᠢᠨ ᠳᠤ ᠲᠤᠰᠬᠤ ᠲᠤᠰᠬᠠᠯ ᠰᠢᠭ᠋ ᠠᠮᠢᠳᠤᠷᠠᠭᠰᠠᠨ ᠶᠠᠭ ᠦᠨᠡᠨ ᠳᠤ ᠪᠠᠨ ᠪᠢ ᠵᠡᠬᠦᠳᠦᠨ ᠳᠤ ᠦᠵᠡᠭᠳᠡᠬᠦ ᠰᠢᠪᠠᠭᠤ ᠬᠡᠨ ᠨᠢᠭᠡᠨ ᠢ ᠲᠠᠭᠤᠳᠠᠬᠤ ᠰᠣᠪᠢᠩ ᠰᠢᠭ᠋ ᠠᠮᠢᠳᠤᠷᠠᠭᠰᠠᠨ ᠶᠠᠭ ᠦᠨᠡᠨ ᠳᠤ ᠪᠠᠨ ᠪᠢ ᠰᠦᠨᠢ ᠲᠤᠮᠳᠠ ᠤᠷᠤᠭᠰᠠᠨ ᠪᠤᠷᠤᠭᠠᠨ ᠤ ᠲᠤᠰᠤᠯ ᠨᠢᠯᠪᠤᠰᠤ ᠪᠤᠯᠬᠤ ᠰᠢᠭ᠋ ᠠᠮᠢᠳᠤᠷᠠᠭᠰᠠᠨ ᠶᠠᠭ ᠦᠨᠡᠨ ᠳᠤ ᠪᠠᠨ ᠪᠢ ᠴᠠᠭ ᠬᠤᠭᠤᠴᠠᠭ᠎ᠠ ᠶᠢ ᠬᠦᠢᠴᠡᠵᠦ ᠲᠦᠷᠦᠬᠦᠯᠡᠭᠡᠳ ᠵᠡᠬᠦᠳᠦ ᠪᠤᠯᠬᠤ ᠰᠢᠭ᠋ ᠠᠮᠢᠳᠤᠷᠠᠭᠰᠠᠨ ᠶᠠᠭ ᠦᠨᠡᠨ ᠳᠤ ᠪᠠᠨ ᠪᠢ ᠡᠷᠭᠡ ᠴᠢᠯᠦᠭᠡ ᠦᠭᠡᠢ ᠪᠤᠯᠪᠠᠴᠦ ᠡᠷᠭᠡ ᠴᠢᠯᠦᠭᠡ ᠲᠠᠢ ᠬᠤᠷᠢᠭᠳᠠᠯ ᠰᠢᠭ᠋ ᠠᠮᠢᠳᠤᠷᠠᠭᠰᠠᠨ ᠶᠠᠭ ᠦᠨᠡᠨ ᠳᠤ ᠪᠠᠨ ᠪᠢ ᠡᠬᠢᠯᠡᠯ ᠢ ᠨᠢ ᠪᠢᠴᠢᠭᠡᠳ ᠲᠡᠭᠦᠰᠭᠡᠯ ᠢ ᠨᠢ ᠤᠷᠬᠢᠭᠰᠠᠨ ᠰᠢᠯᠦᠭ ᠰᠢᠭ ᠠᠮᠢᠳᠤᠷᠠᠭᠰᠠᠨ        ᠭᠤᠮᠪᠤᠵᠠᠪ ᠤᠨ ᠪᠢᠮᠪᠠᠵᠠᠪ᠂ 1962 ᠤᠨ ᠳᠤ ᠬᠦᠪᠰᠦᠬᠦᠯ ᠠᠶᠢᠮᠠᠭ ᠤᠨ ᠠᠷᠣᠪᠤᠯᠠᠭ ᠰᠤᠮᠤᠨ ᠳᠤ ᠲᠦᠷᠦᠭᠰᠡᠨ᠃ 1984 ᠤᠨ ᠳᠤ ᠮᠤᠩᠭᠤᠯ ᠤᠯᠤᠰ ᠤᠨ ᠶᠡᠭᠡ ᠰᠤᠷᠭᠠᠭᠤᠯᠢ ᠳᠡᠭᠦᠰᠦᠭᠰᠡᠨ᠃ ᠲᠡᠤᠬᠡᠴᠢ᠂ ᠲᠡᠤᠬᠡ ᠶᠢᠨ ᠪᠠᠭᠰᠢ ᠶᠢᠨ ᠮᠡᠷᠭᠡᠵᠢᠯ ᠲᠠᠢ᠃ ᠪᠢᠽᠨᠧᠰ ᠤᠳᠤᠷᠢᠳᠤᠯᠭ᠎ᠠ ᠶᠢᠨ ᠮᠠᠭᠢᠰᠳ᠋ᠷ᠃    
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号