ᠬᠠᠶᠢᠷᠠᠳᠤ ᠳᠠᠭᠠᠨ
ᠨᠡᠶᠢᠲᠡᠯᠡᠭᠰᠡᠨ ᠴᠠᠭ᠄
2019/12/5
       ︵ᠮᠣᠩᠭᠤᠯ ᠤᠯᠤᠰ︶ ᠪᠡ᠊ · ᠡᠨᠡᠪᠢᠰᠢ ᠬᠦᠦ ᠳᠡᠭᠡᠨ ᠵᠣᠷᠢᠭᠤᠯᠵᠤ ᠨᠠᠶᠢᠷᠠᠭᠴᠢᠳ ᠰᠢᠯᠦᠭ ᠶᠡᠭᠡ ᠪᠢᠴᠢᠬᠦ ᠶᠤᠮ ᠬᠦᠦ ᠲᠠᠢ ᠪᠤᠯᠬᠤ ᠬᠦᠰᠡᠯ ᠨᠠᠳᠠᠳᠤ ᠶᠡᠭᠡ ᠲᠦᠷᠦᠬᠦ ᠶᠤᠮ ᠮᠠᠷᠭᠠᠰᠢ ᠪᠤᠯᠤᠨ᠎ᠠ ᠦᠷ᠎ᠡ ᠮᠢᠨᠢ ᠨᠠᠷᠠ ᠮᠠᠨᠳᠤᠨ᠎ᠠ ᠮᠠᠷᠭᠠᠰᠢ ᠮᠠᠷᠭᠠᠰᠢ ᠶᠢᠨ ᠳᠠᠷᠠᠭ᠎ᠠ ᠮᠢᠨᠦ ᠬᠦᠦ ᠡᠵᠢ ᠳᠡᠭᠡᠨ ᠢᠷᠡᠨ᠎ᠡ ᠡᠵᠢ ᠶᠢᠨ ᠢᠶᠠᠨ ᠦᠰᠦᠭᠰᠡᠨ ᠭᠤᠷᠣᠬᠠᠨ ᠤ ᠬᠦᠪᠡᠭᠡᠨ ᠳᠤ ᠡᠯᠳᠡᠪ ᠤᠨ ᠰᠣᠨᠢᠷᠬᠠᠯ ᠲᠠᠢ ᠲᠠᠨᠢᠯᠴᠠᠮᠠᠷ ᠪᠠᠶᠢᠨ᠎ᠠ ᠦᠦ︖ ᠡᠷᠬᠡᠯᠡᠵᠦ ᠨᠠᠭᠠᠳᠤᠭᠰᠠᠨ ᠪᠤᠶᠢᠳᠠᠬᠠᠨ ᠲᠥᠭᠦᠯ ᠳᠤ ᠡᠷᠳᠡᠨᠢ ᠶᠢᠨ ᠴᠢᠯᠠᠭᠤ ᠦᠷᠦᠮᠡᠷ ᠯᠡ ᠪᠠᠶᠢᠨ᠎ᠠ ᠦᠦ︖ ᠤᠳᠠᠬᠤ ᠦᠭᠡᠢ ᠡ ᠦᠷ᠎ᠡ ᠮᠢᠨᠢ ᠤᠳᠠᠬᠤ ᠦᠭᠡᠢ ᠢᠵᠢᠢ ᠨᠢ ᠰᠠᠭᠠᠬᠠᠯᠲᠠ ᠶᠢᠨ ᠵᠠᠢ ᠲᠠᠢ ᠠᠯᠤᠰ ᠲᠤ ᠠᠪᠤ ᠲᠠᠢ ᠴᠢᠨᠢ ᠲᠠᠨᠢᠯᠴᠠᠨ᠎ᠠ ᠰᠠᠷ᠎ᠠ ᠠᠰᠬᠠᠷᠠᠭᠰᠠᠨ ᠰᠦᠨᠢ ᠪᠠᠷ ᠪᠤᠯᠵᠤᠳᠠᠭ ᠪᠤᠯᠤᠨ᠎ᠠ ᠰᠠᠨᠠᠵᠤ ᠬᠦᠰᠡᠳᠡᠭ ᠮᠥᠷᠥᠭᠡᠳᠦᠯ ᠤᠨ ᠢᠶᠠᠨ ᠰᠡᠵᠢᠭᠦᠷ ᠶᠤ᠋ ᠠᠴᠠ ᠠᠳᠬᠤᠭᠠᠳ ᠨᠠᠷᠠ ᠶᠢ ᠠᠷᠭᠠᠳᠠᠵᠤ ᠭᠠᠯ ᠢᠶᠠᠨ ᠪᠠᠳᠠᠷᠠᠭᠠᠨ᠎ᠠ ᠨᠠᠰᠤ ᠪᠠᠨ ᠳᠠᠭᠠᠳᠬᠠᠵᠤ ᠵᠠᠶᠠᠭ᠎ᠠ ᠪᠠᠨ ᠬᠤᠯᠪᠣᠨ᠎ᠠ ᠲᠡᠷᠡ ᠦᠶ᠎ᠡ ᠳᠤ ᠦᠷ᠎ᠡ ᠮᠢᠨᠢ ᠴᠢ ᠭᠦᠶᠦᠭᠡᠳ ᠢᠷᠡᠭᠡᠷᠡᠢ ᠲᠡᠷᠡ ᠲᠠᠢ ᠲᠡᠷᠡ ᠦᠭᠡᠢ ᠡᠴᠢᠭᠡ ᠴᠢᠨᠢ ᠬᠠᠶᠢᠷ᠎ᠠ ᠪᠠᠷ ᠬᠤᠷᠦ᠋ᠢᠯᠠᠭᠠᠳ ᠳᠠᠯᠠᠯᠤᠨ᠎ᠠ᠃
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号