ᠣᠷᠴᠢᠯᠠᠩ ᠳᠤ ᠪᠢ
ᠨᠡᠶᠢᠲᠡᠯᠡᠭᠰᠡᠨ ᠴᠠᠭ᠄
2019/12/11
ᠱ᠊᠂ ᠳᠤᠯᠮ᠎ᠠᠰᠠᠶᠢᠬᠠᠨ ᠡᠷ᠎ᠡ ᠶᠢᠨ ᠬᠠᠷᠠᠴᠠᠨ ᠳᠤ ᠰᠢᠲᠠᠵᠤ ᠶᠠᠪᠤᠭᠰᠠᠨ ᠪᠢᠰᠠᠯᠠᠭ᠎ᠠ ᠵᠠᠮ ᠤᠨ ᠡᠷᠬᠡ ᠪᠠᠷ ᠬᠠᠭᠠᠴᠠᠵᠤ ᠦᠵᠡᠭᠰᠡᠨ ᠪᠢᠦᠦᠷ ᠤᠨ ᠴᠣᠯᠮᠣᠨ ᠢ ᠵᠢᠷᠦᠬᠡᠨ ᠳᠡᠭᠡᠨ ᠰᠢᠭᠢᠳᠬᠡᠴᠢᠬᠡᠭᠡᠳ ᠳᠠᠪᠠᠷᠠᠵᠤ ᠶᠠᠪᠤᠭᠰᠠᠨ ᠪᠢᠡᠭᠦᠯᠡ ᠲᠠᠢ ᠲᠡᠭᠷᠢ ᠰᠢᠭ ᠪᠠᠷᠤᠶᠢᠭᠠᠳ ᠭᠤᠨᠢᠵᠤ ᠴᠦ ᠦᠵᠡᠭᠰᠡᠨ ᠪᠢᠬᠦᠢᠯᠡᠨ ᠲᠡᠭᠷᠢ ᠶᠢᠨ ᠳᠤᠤᠷ᠎ᠠ ᠵᠤᠪᠠᠵᠤ᠂ ᠵᠢᠷᠭᠠᠵᠤᠬᠦᠮᠦᠨ ᠤ ᠯᠡ ᠦᠵᠡᠬᠦ ᠶᠤᠰᠤᠲᠠᠢ ᠶᠢ ᠦᠵᠡᠵᠦ ᠶᠠᠪᠤᠭᠰᠠᠨᠦᠷᠦᠰᠢᠶᠡᠯ ᠦᠭᠡᠢ ᠬᠤᠷᠸ᠎ᠠ ᠳᠤ ᠬᠠᠶᠢᠷᠠᠲᠤ ᠶᠢ ᠪᠠᠨ ᠠᠯᠳᠠᠴᠢᠬᠠᠭᠠᠳᠡᠪᠦᠳᠦᠭ ᠪᠣᠬᠢᠷᠴᠤ᠂ ᠰᠡᠳᠬᠢᠯ ᠵᠢᠩᠲᠡᠵᠦ ᠶᠠᠪᠤᠭᠰᠠᠨᠤᠷᠴᠢᠯᠠᠩ ᠨᠠᠳᠠ ᠶᠡᠭᠡ ᠶᠢ ᠠᠮᠰᠠᠭᠤᠯᠤᠭᠰᠠᠨ︽ᠣᠷᠭᠢᠯᠣᠭᠤᠨ ᠳᠠᠷᠠᠰᠤ᠂ ᠭᠠᠰᠢᠭᠤᠨ ᠤᠮᠳᠠᠭ᠎ᠠ︾ᠠᠯᠢ ᠠᠯᠢᠨ ᠢ ᠨᠢ ᠠᠮᠰᠠᠭᠤᠯᠤᠭᠰᠠᠨᠣᠳᠣ ᠪᠣᠯ ᠬᠠᠷᠢᠨ ᠪᠢ ᠴᠦᠮ ᠢ ᠭᠠᠳᠠᠷᠯᠠᠨ᠎ᠠᠳᠠᠪᠠᠷᠠᠵᠤ ᠰᠠᠭᠭᠠᠪᠠᠯ ᠳᠠᠷᠢ ᠤᠨᠢᠯᠠᠭ᠎ᠠ ᠲᠠᠢ ᠶᠢ ᠴᠦ ᠮᠡᠳᠡᠨ᠎ᠡᠭᠤᠨᠢᠵᠤ ᠭᠤᠲᠤᠷᠠᠪᠠᠯ ᠭᠤᠯᠠᠰᠠᠵᠤ ᠤᠨᠠᠳᠠᠭ ᠢ ᠴᠦ ᠮᠡᠳᠡᠨ᠎ᠡᠰᠠᠶᠢᠬᠠᠨ ᠢ ᠰᠢᠯᠢᠪᠡᠯ ᠭᠤᠯᠤᠭᠳᠠᠳᠠᠭ ᠢ ᠮᠡᠳᠡᠨ᠎ᠡᠰᠠᠭᠠᠷ ᠢ ᠪᠠᠰᠠ ᠭᠤᠯᠤᠬᠤ ᠶᠢ ᠪᠠᠨ ᠤᠬᠠᠭᠠᠷᠠᠨ᠎ᠠᠠᠮᠰᠠᠭᠰᠠᠨ ᠪᠦᠬᠦᠨ ᠮᠢᠨᠢ ᠴᠦᠮ ᠠᠯᠢᠮ᠎ᠠ ᠪᠠᠶᠢᠭ᠎ᠠ ᠦᠭᠡᠢ ᠡᠡᠳ᠋ᠯᠡᠭᠰᠡᠨ ᠪᠦᠬᠦᠨ ᠮᠢᠨᠢ ᠴᠦᠮ ᠡᠷᠳᠡᠨᠢ ᠪᠠᠶᠢᠭ᠎ᠠ ᠦᠭᠡᠢ ᠡᠤᠴᠠᠷᠠᠭᠰᠠᠨ ᠪᠦᠬᠦᠨ ᠠᠮᠠᠷᠠᠭ ᠪᠠᠶᠢᠭ᠎ᠠ ᠦᠭᠡᠢ ᠡᠠᠭᠤᠯᠵᠠᠭᠰᠠᠨ ᠪᠦᠬᠦᠨ ᠨᠦᠬᠦᠷ ᠪᠠᠶᠢᠭ᠎ᠠ ᠦᠭᠡᠢ ᠡᠭᠡᠯ᠎ᠡ ᠴᠦ ᠪᠢ ᠬᠤᠷᠸ᠎ᠠ ᠶᠢ ᠲᠠᠨᠢᠭᠰᠠᠨ ᠤ ᠪᠠᠨ ᠬᠢᠷᠢ ᠪᠠᠷᠭᠡᠷᠡᠯ ᠰᠡᠭᠦᠳᠡᠷ ᠢ ᠢᠯᠭᠠᠨ ᠲᠤᠩᠭᠠᠵᠤᠨᠠᠷᠠᠲᠤ ᠣᠷᠴᠢᠯᠠᠩ ᠤᠨ ᠬᠦᠮᠦᠨ ᠵᠠᠶᠠᠭᠠᠨ ᠳᠤᠨᠠᠶᠢᠷᠠᠭᠴᠢ ᠬᠡᠪ ᠢᠶᠠᠷ ᠢᠶᠠᠨ ᠯᠠ ᠦᠯᠡᠳᠡᠪᠡ ᠰᠢᠦ ᠳ᠋ᠠ᠃
 
ᠢᠷᠡᠯᠲᠡ᠄ ︽ᠱ᠊᠂ ᠳᠤᠯᠮ᠎ᠠ ᠶᠢᠨ ᠵᠤᠬᠢᠶᠠᠯ ᠤᠨ ᠲᠡᠭᠦᠪᠦᠷᠢ 2︾ ᠨᠤᠮ ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号