ᠡᠷᠳᠡᠨᠢᠳᠤᠭᠳᠠᠬᠤ ᠶᠢᠨ ᠰᠢᠯᠦᠭ
ᠨᠡᠶᠢᠲᠡᠯᠡᠭᠰᠡᠨ ᠴᠠᠭ᠄
2019/12/4
ᠬᠦᠬᠡ ᠮᠤᠩᠭᠤᠯ ᠤᠨ ᠬᠦᠳᠡᠭᠡ ᠶᠢᠨ ᠵᠠᠯᠠᠭᠤᠰ ᠢᠰᠡᠬᠡᠢ ᠬᠡᠷ ᠲᠡᠭᠡᠨ ᠰᠠᠭᠤᠪᠠᠴᠤ ᠡᠬᠦᠨ ᠢ ᠤᠭᠳᠤ ᠵᠢᠭᠰᠢᠬᠦ ᠦᠬᠡᠢ ᠡᠷᠬᠡᠪᠰᠢ ᠬᠠᠯᠠᠨ ᠰᠠᠶᠢᠵᠢᠷᠠᠭᠤᠯᠰᠤᠭᠠᠢ ᠬᠡᠮᠡᠨ ᠡᠳᠦᠷ ᠰᠦᠨᠢ ᠦᠬᠡᠢ ᠨᠢᠭᠳᠠᠯᠠᠮᠤᠢ ᠡᠯᠳᠡᠪ ᠵᠦᠢᠯ ᠤᠨ ᠬᠠᠷᠰᠢᠯᠠᠯ ᠢ ᠴᠤ ᠡᠪᠳᠡᠨ ᠬᠡᠳᠦᠯᠵᠦ ᠭᠠᠷᠤᠭᠠᠳ ᠡᠬᠦᠷᠢᠳᠡ ᠮᠢᠳᠠᠷᠠᠯ ᠦᠬᠡᠢ ᠪᠠᠷ ᠡᠷᠡᠮᠡᠯᠵᠡᠯ ᠳᠡᠭᠡᠨ ᠬᠦᠷᠦᠬᠦᠯᠦᠶ᠎ᠡ ᠬᠡᠮᠡᠨ ᠵᠤᠷᠢᠭᠯᠠᠮᠤᠢ᠃ ᠴᠠᠭᠠᠨ ᠬᠡᠷ ᠢᠶᠠᠨ ᠬᠦᠬᠡ ᠠᠭᠤᠯᠠ ᠨᠤᠭᠤᠭᠠᠨ ᠤᠰᠤᠨ ᠤ ᠤᠶᠢᠷ᠎ᠠ ᠪᠤᠰᠬᠠᠵᠤ ᠴᠠᠶᠢᠪᠤᠷ ᠬᠦᠢᠯᠡᠰᠦ ᠤᠯᠠᠪᠢᠷ ᠤᠯᠠᠬᠢ ᠶᠢ ᠤᠷᠳᠤᠭᠤᠷ ᠬᠤᠶᠢᠭᠤᠷ ᠢᠶᠠᠨ ᠲᠠᠷᠢᠭᠠᠳ ᠴᠠᠰᠢ ᠨᠠᠰᠢ ᠢᠷᠡᠵᠦ ᠡᠴᠢᠬᠦ ᠢᠨᠤ ᠴᠦᠮ ᠬᠠᠮᠳᠤ ᠵᠤᠷᠢᠭᠳᠠᠨ ᠡ ᠴᠠᠭ ᠢ ᠵᠠᠪᠰᠢᠵᠦ ᠴᠢᠨᠠᠳᠤᠰ ᠢ ᠨᠤᠮᠨᠠᠬᠤᠨ ᠪᠦᠬᠦᠨ ᠢ ᠳᠤᠰᠠᠯᠠᠬᠤ ᠶᠢ ᠪᠤᠳᠤᠯᠬᠢᠯᠠᠮᠤᠢ᠃ ᠡᠬᠦᠯᠡ ᠰᠡᠬᠦ᠋ᠢᠵᠤ ᠮᠠᠨᠠᠨ ᠳᠠᠳᠠᠬᠤᠶ᠎ᠠ ᠵᠦᠯᠬᠡ ᠶᠢᠨ ᠴᠢᠮᠡᠭ ᠦᠵᠡᠰᠬᠦᠯᠡᠩ ᠡᠷᠳᠡᠮ ᠰᠤᠷᠴᠤ ᠵᠤᠷᠢᠭ ᠢ ᠪᠤᠯᠪᠠᠰᠤᠷᠭᠤᠯᠬᠤᠶ᠎ᠠ ᠨᠡᠩ ᠵᠤᠬᠢᠰ ᠲᠠᠢ ᠨᠤᠳᠤᠭ ᠡ ᠡᠷᠳᠡ ᠪᠤᠰᠴᠤ ᠤᠷᠤᠢ ᠤᠨᠲᠠᠬᠤᠶ᠎ᠠ ᠬᠤᠨᠢ ᠢᠮᠠᠭ᠎ᠠ ᠮᠠᠶᠢᠯᠠᠯᠴᠠᠵᠤ ᠡᠨᠡᠬᠦ ᠤᠷᠤᠨ ᠤ ᠭᠠᠶᠢᠬᠠᠮᠰᠢᠭ ᠢ ᠡᠷᠳᠡᠨᠢ ᠪᠠᠷ ᠦᠯᠦ ᠰᠤᠯᠢᠮᠤᠢ᠃ ᠠᠯᠳᠠᠨ ᠨᠠᠷᠠᠨ ᠠᠰᠤᠷᠤ ᠤᠶᠢᠷᠠᠬᠢ ᠪᠤᠳᠠᠰ ᠲᠠᠭᠠᠨ ᠠᠯᠢ ᠬᠠᠯᠠᠭᠤᠨ ᠢᠯᠴᠢ ᠪᠠᠨ ᠬᠦᠷᠬᠡᠮᠤᠢ ᠠᠯᠳᠠᠢ ᠠᠭᠤᠯᠠ ᠶᠢ ᠠᠪᠠᠷᠢᠬᠤᠢ ᠳᠤᠷ ᠠᠯᠬᠤᠮ ᠢᠶᠠᠨ ᠢᠷᠤᠭᠠᠷ ᠠᠴᠠ ᠡᠬᠢᠯᠡᠮᠤᠢ ᠠᠰᠢᠭ ᠢ ᠬᠦᠩᠬᠡᠯᠡᠨ ᠵᠡᠷᠬᠡ ᠶᠢ ᠳᠡᠪᠴᠢᠵᠦ ᠠᠮᠢᠳᠤᠷᠠᠵᠤ ᠴᠢᠳᠠᠪᠠᠰᠤ ᠳᠠᠷᠤᠢ ᠪᠠᠶᠠᠰᠤᠮᠤᠢ ᠠᠷᠠᠳ ᠢ ᠰᠡᠩᠬᠡᠷᠡᠬᠦᠯᠵᠦ ᠤᠭᠰᠠᠭ᠎ᠠ ᠪᠠᠨ ᠮᠠᠨᠳᠤᠭᠤᠯᠬᠤ ᠶᠢᠨ ᠳᠦᠯᠦᠬᠡ ᠠᠮᠢ ᠪᠠᠨ ᠴᠦᠯᠡᠵᠦ ᠴᠢᠷᠮᠠᠶᠢᠮᠤᠢ᠃ ᠬᠠᠨᠤᠯ ᠢ ᠦᠯᠦ ᠮᠡᠳᠡᠭᠴᠢᠳ ᠡᠳᠦᠷ ᠳᠠᠭᠤᠰᠤᠨ ᠵᠤᠪᠠᠨ ᠵᠦᠳᠡᠵᠤ ᠠᠮᠢᠳᠤᠷᠠᠬᠤᠢ ᠶᠢᠨ ᠳᠦᠯᠦᠬᠡ ᠠᠵᠢᠯᠯᠠᠮᠤᠢ ᠡᠮᠦᠰᠬᠦ ᠢᠳᠡᠬᠦ ᠡᠯᠪᠡᠭ ᠪᠤᠯᠬᠤᠯ᠎ᠠ ᠡᠷᠬᠢᠮ ᠵᠡᠷᠬᠡ ᠳᠤᠷ ᠰᠢᠨᠤᠬᠠᠶᠢᠷᠠᠮᠤᠢ ᠡᠷᠬᠡ ᠬᠦᠴᠦᠨ ᠤᠯᠤᠭᠰᠠᠨ ᠴᠠᠭ ᠲᠤᠷ ᠪᠠᠭ᠎ᠠ ᠬᠡᠮᠡᠨ ᠭᠤᠯᠤᠮᠤᠢ ᠡᠷᠬᠡᠪᠰᠢ ᠡᠵᠡᠨ ᠳᠦᠷᠦ ᠳᠤᠷ ᠡᠵᠡᠷᠬᠡᠨ ᠶᠠᠪᠤᠶ᠎ᠠ ᠬᠡᠮᠡᠨ ᠬᠤᠪᠳᠤᠭᠯᠠᠮᠤᠢ᠃        2016 ᠤᠨ ᠪᠤᠯᠪᠠᠰᠤ ᠮᠤᠩᠭᠤᠯ ᠰᠤᠶᠤᠯ ᠤᠨ ᠭᠠᠷᠮᠠᠭᠠᠢ ᠵᠢᠳᠬᠦᠯᠳᠠᠨ᠂ ᠮᠤᠩᠭᠤᠯ ᠬᠡᠯᠡ ᠪᠢᠴᠢᠭ ᠤᠨ ᠠᠯᠳᠠᠷᠳᠦ ᠡᠷᠳᠡᠮᠳᠡᠨ᠂ ᠮᠤᠩᠭᠤᠯ ᠦᠨᠳᠦᠰᠦᠳᠡᠨ ᠤ ᠤᠷᠴᠢᠨ ᠦᠶ᠎ᠡ ᠶᠢᠨ ᠨᠡᠷᠡᠳᠦ ᠵᠤᠬᠢᠶᠠᠯᠴᠢ᠂ ᠠᠯᠳᠠᠷᠳᠤ ᠤᠳᠬ᠎ᠠ ᠵᠤᠬᠢᠶᠠᠯ ᠰᠤᠳᠤᠯᠤᠭᠠᠴᠢ᠂ ᠢᠨᠵᠠᠨᠨᠠᠰᠢ ᠰᠤᠳᠤᠯᠤᠯ ᠤᠨ ᠰᠠᠭᠤᠷᠢᠯᠠᠭᠴᠢ᠂ ᠳᠤᠮᠳᠠᠳᠤ ᠤᠯᠤᠰ ᠤᠨ ᠮᠤᠩᠭᠤᠯ ᠬᠡᠯᠡ ᠪᠢᠴᠢᠭ ᠤᠨ ᠠᠵᠢᠯ ᠢ ᠵᠦᠪ ᠵᠠᠮ ᠢᠶᠠᠷ ᠬᠦᠳᠦᠯᠦᠭᠰᠡᠨ ᠭᠠᠷᠮᠠᠭᠠᠢ ᠳᠠᠭᠠᠭᠤᠯᠤᠭᠴᠢ᠂ ᠲᠡᠦᠬᠡᠴᠢᠨ᠂ ᠤᠷᠴᠢᠭᠤᠯᠤᠭᠴᠢ᠂ ᠫᠷᠤᠹᠰᠰᠤᠷ ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠪᠤᠯᠤᠨ᠎ᠠ᠃ ᠲᠡᠷᠡ ᠪᠠᠷ ᠤᠳᠤᠮᠳᠤ ᠮᠤᠩᠭᠤᠯ ᠢᠶᠠᠨ ᠬᠡᠵᠦ ᠨᠠᠰᠤᠨ ᠳᠤᠷᠰᠢ ᠵᠢᠷᠦᠬᠡᠨ ᠴᠢᠰᠤ ᠪᠠᠨ ᠪᠤᠴᠠᠯᠭᠠᠵᠤ᠂ ᠪᠤᠯᠠᠩᠬᠢᠷ ᠨᠢ ᠡᠷᠬᠢᠭᠰᠡᠨ ᠴᠦᠪ ᠤᠨ ᠴᠠᠭ ᠤᠨ ᠪᠤᠷᠳᠠᠭ ᠢ ᠠᠷᠢᠯᠭᠠᠬᠤ ᠬᠡᠮᠡᠨ ᠠᠮᠢ ᠨᠠᠰᠤᠨ ᠤ ᠪᠠᠨ ᠳᠦᠭᠰᠢᠬᠦᠷᠢ ᠶᠢ ᠬᠦᠷᠳᠡᠯ᠎ᠡ ᠰᠦᠷᠴᠦ ᠲᠡᠮᠡᠴᠡᠵᠤ ᠶᠠᠪᠤᠭᠰᠠᠨ ᠠᠭᠤᠤ ᠶᠡᠭᠡ ᠪᠢᠴᠢᠭ ᠤᠨ ᠬᠦᠮᠦᠨ ᠪᠦᠯᠦᠬᠡ᠃ ᠲᠡᠬᠦᠨ ᠤ ᠳᠦᠷᠦᠭᠰᠡᠨ ᠨᠤᠳᠤᠭ ᠪᠤᠯᠪᠠᠯ ᠦᠪᠦᠷ ᠮᠤᠩᠭᠤᠯ ᠤᠨ ᠬᠡᠰᠢᠭᠳᠡᠨ ᠬᠤᠰᠢᠭᠤᠨ ᠤ ᠪᠠᠶᠠᠨᠴᠠᠭᠠᠨ ᠰᠤᠮᠤ ᠶᠢᠨ ᠵᠢᠷᠢ ᠭᠠᠴᠠᠭ᠎ᠠ᠃ ᠡᠷᠳᠡᠨᠢᠳᠤᠭᠳᠠᠬᠤ ᠪᠠᠷ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ᠂ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠤᠭᠠᠨ ᠳᠠᠷᠤᠭ᠎ᠠ᠃ ︽ᠢᠨᠵᠠᠨᠨᠠᠰᠢ ︾ ︽ᠬᠦᠯᠡᠷᠠᠨᠰᠠ᠂ ᠲᠠᠨᠽᠠᠨᠸᠠᠩᠵᠢᠯ᠂ ᠬᠡᠰᠢᠭᠪᠡᠳᠤ︾ ︽ᠤᠷᠴᠢᠨ ᠦᠶ᠎ᠡ ᠶᠢᠨ ᠮᠤᠩᠭᠤᠯ ᠤᠨ ᠠᠯᠳᠠᠷᠳᠤ ᠤᠷᠠᠨ ᠵᠤᠬᠢᠶᠠᠯᠴᠢᠳ︾ ︽ᠢᠨᠵᠠᠨᠨᠠᠰᠢ ᠪᠠ ᠲᠡᠬᠦᠨ ᠤ ᠬᠡᠷ ᠤᠨ ᠳᠠᠪᠤᠨ ᠵᠤᠬᠢᠶᠠᠯᠴᠢ︾ ︽ᠮᠤᠩᠭᠤᠯ ᠦᠨᠳᠦᠰᠦᠳᠡᠨ ᠤ ᠰᠤᠷᠭᠠᠨ ᠬᠦᠮᠦᠵᠢᠯ ᠤᠨ ᠪᠢᠴᠢᠭ ᠪᠠᠷᠢᠮᠳᠠ ᠶᠢᠨ ᠡᠮᠬᠢᠳᠬᠡᠯ︾ ︽ᠡᠷᠳᠡᠨᠢᠳᠤᠭᠳᠠᠬᠤ ᠶᠢᠨ ᠵᠤᠬᠢᠶᠠᠯ ᠤᠨ ᠲᠡᠬᠦᠪᠤᠷᠢ︾ ᠵᠡᠷᠬᠡ ᠰᠤᠳᠤᠯᠭᠠᠨ ᠤ ᠨᠤᠮ ᠤᠳ ᠬᠡᠪᠯᠡᠬᠦᠯᠵᠠᠢ᠃ ᠠᠳᠡ ᠲᠡᠬᠦᠨ ᠤ ᠪᠢᠴᠢᠭᠰᠡᠨ ᠨᠠᠶᠢᠷᠠᠭ ᠢ ᠡᠷᠬᠢᠮ ᠤᠩᠰᠢᠭᠴᠢ ᠲᠠᠨ᠎ᠠ ᠳᠤᠯᠢᠯᠠᠭᠤᠯᠤᠨ ᠨᠡᠶᠢᠳᠡᠯᠡᠵᠦ᠂ ᠴᠠᠭᠯᠠᠰᠢ ᠦᠭᠡᠢ ᠪᠢᠯᠢᠭ ᠠᠪᠢᠶᠠᠰ ᠢᠶᠠᠷ ᠢᠶᠠᠨ ᠦᠨᠡᠨ ᠤ ᠲᠡᠦᠬᠡ ᠶᠢ ᠦᠶ᠎ᠡ ᠶᠢᠨ ᠦᠶ᠎ᠡ ᠳᠤ ᠠᠯᠳᠠᠨ ᠨᠠᠷᠠᠨ ᠤ ᠳᠤᠶᠠᠭ᠎ᠠ ᠮᠡᠳᠦ ᠦᠯᠡᠳᠡᠬᠡᠭᠰᠡᠨ ᠠᠤᠭ᠎ᠠ ᠵᠢᠳᠬᠦᠯ ᠢ ᠨᠢ ᠳᠤᠷᠠᠰᠤᠨ ᠰᠠᠨᠠᠭᠠᠯᠵᠠᠵᠤ ᠪᠠᠶᠢᠬᠤ ᠪᠠᠨ ᠵᠠᠯᠪᠠᠷᠢᠨ ᠪᠠᠶᠢᠵᠦ ᠢᠯᠡᠳᠬᠡᠮᠦ᠃ ᠪᠠᠶᠠᠰᠬᠤᠯᠠᠩ ᠬᠡᠷᠡᠯᠳᠦ ᠨᠤᠮ ᠤᠨ ᠵᠤᠯᠠ ᠮᠦᠩᠬᠡ ᠠᠰᠠᠬᠤ ᠪᠤᠯᠳᠤᠭᠠᠢ᠃    
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号