| ᠲᠤᠭᠲᠤᠭ᠎ᠠ ᠪᠠᠬᠢ ᠪᠤᠯ ᠮᠡᠷᠬᠢᠳ ᠠᠶᠢᠮᠠᠭ ᠤᠨ ᠤᠲᠤᠶᠢᠳ ᠮᠡᠷᠬᠢᠳ ᠬᠦᠮᠦᠨ᠃ | ᠠᠷᠪᠠᠨ ᠬᠤᠶᠠᠳᠤᠭᠠᠷ ᠵᠠᠭᠤᠨ ᠤ ᠦᠶ᠎ᠡ ᠳᠤ ᠮᠡᠷᠬᠢᠳ ᠠᠶᠢᠮᠠᠭ ᠨᠢ ᠰᠡᠯᠡᠩᠭᠡ ᠮᠦᠷᠡᠨ ᠤ ᠰᠠᠪᠠ | ᠭᠠᠵᠠᠷ ᠢᠶᠠᠷ ᠨᠤᠲᠤᠭᠯᠠᠵᠤ ᠪᠠᠶᠢᠵᠠᠢ᠃ ᠲᠤᠰ ᠠᠶᠢᠮᠠᠭ ᠲᠤᠲᠤᠷ᠎ᠠ ᠪᠠᠨ ᠤᠲᠤᠶᠢᠳ᠂ ᠤᠸᠠᠰ᠂ ᠬᠠᠭᠠᠳ᠂ ᠮᠡᠦᠳᠡᠨ᠂ | ᠲᠦᠳᠠᠭᠯᠢᠨ᠂ ᠵᠡᠭᠦᠨ ᠵᠡᠷᠭᠡ ᠵᠢᠷᠭᠤᠭᠠᠨ ᠰᠠᠯᠪᠤᠷᠢ ᠲᠠᠢ ᠪᠠᠶᠢᠵᠠᠢ᠃ | ᠲᠤᠭᠲᠤᠭ᠎ᠠ ᠪᠠᠬᠢ ᠪᠤᠯ ᠤᠲᠤᠶᠢᠳ ᠮᠡᠷᠬᠢᠳ ᠤᠨ ᠲᠦᠷᠦᠭᠦᠦ ᠪᠤᠯᠤᠨ᠎ᠠ᠃ | ᠲᠤᠭᠲᠤᠭ᠎ᠠ ᠪᠠᠬᠢ ᠶᠢᠨ ᠳᠡᠭᠦᠦ ᠶᠡᠭᠡ ᠴᠢᠯᠡᠲᠦ ᠭᠡᠭᠴᠢ ᠦᠭᠡᠯᠦᠨ ᠦᠵᠢᠨ ᠢ ᠤᠷᠤᠭᠯᠠᠨ ᠠᠪᠴᠤ ᠶᠠᠪᠤᠵᠤ | ᠪᠠᠶᠢᠬᠤ ᠳᠤᠨᠢ ᠶᠢᠰᠦᠭᠡᠢ ᠪᠠᠭᠠᠲᠤᠷ ︵ᠴᠢᠩᠭᠢᠰ ᠤᠨ ᠡᠴᠢᠭᠡ︶ ᠵᠠᠮ ᠵᠠᠭᠤᠷ᠎ᠠ ᠠᠴᠠ ᠨᠢ ᠪᠤᠯᠢᠶᠠᠨ ᠠᠪᠴᠤ᠂ | ᠦᠪᠡᠷ ᠤᠨ ᠬᠠᠲᠤᠨ ᠢᠶᠠᠨ ᠪᠤᠯᠭᠠᠵᠠᠢ᠃ ᠡᠨᠡ ᠦᠭᠡᠯᠦᠨ ᠬᠠᠲᠤᠨ ᠪᠤᠯ ᠴᠢᠩᠭᠢᠰ ᠬᠠᠭᠠᠨ ᠤ ᠲᠦᠷᠦᠭᠰᠡᠨ ᠡᠬᠡ ᠮᠦᠨ | ᠃ ᠲᠡᠭᠦᠨ ᠠᠴᠠ ᠬᠤᠶᠢᠰᠢ ᠮᠡᠷᠬᠢᠳ ᠠᠶᠢᠮᠠᠭ ᠪᠤᠯᠤᠨ ᠮᠤᠩᠭᠤᠯ ᠠᠶᠢᠮᠠᠭ ᠬᠤᠭᠤᠷᠤᠨᠳᠤ ᠪᠠᠨ ᠦᠰᠢᠶ᠎ᠡ ᠬᠤᠷᠤᠰᠤᠯ | ᠲᠠᠢ ᠪᠤᠯᠵᠠᠢ᠃ | ᠶᠢᠰᠦᠭᠡᠢ ᠪᠠᠭᠠᠲᠤᠷ ᠬᠤᠤᠷᠯᠠᠭᠳᠠᠨ ᠦᠬᠦᠭᠡᠳ ᠪᠤᠷᠵᠢᠭᠢᠳ ᠳᠤᠷᠤᠶᠢᠲᠠᠭᠰᠠᠨ ᠨᠢ ᠮᠡᠷᠬᠢᠳ ᠦᠰᠢᠶ᠎ᠡ ᠪᠠᠨ | ᠠᠪᠬᠤ ᠤᠯᠳᠠᠰᠢ ᠦᠭᠡᠢ ᠲᠤᠬᠢᠶᠠᠯ ᠪᠤᠯᠵᠠᠢ᠃ ᠲᠤᠭᠲᠤᠭ᠎ᠠ ᠪᠠᠬᠢ ᠳᠡᠭᠦᠦ ᠶᠢᠨ ᠢᠶᠠᠨ ᠦᠰᠢᠶ᠎ᠡ ᠶᠢ ᠠᠪᠬᠤ ᠶᠢᠨ | ᠲᠦᠯᠦᠭᠡ᠂ ᠤᠸᠠᠰ᠂ ᠬᠠᠭᠠᠳ ᠮᠡᠷᠬᠢᠳ ᠲᠠᠢ ᠬᠤᠯᠪᠤᠭᠠᠯᠠᠵᠤ᠂ ᠭᠤᠷᠪᠠᠨ ᠵᠠᠭᠤᠨ ᠰᠢᠯᠢᠳᠡᠭ ᠴᠡᠷᠢᠭ ᠳᠠᠶᠢᠴᠢᠯᠠᠵᠤ᠂ | ᠬᠡᠷᠦᠯᠦᠨ ᠭᠤᠤᠯ ᠤᠨ ᠪᠦᠷᠭᠢ ᠡᠷᠭᠢ ᠳᠤ ᠪᠠᠶᠢᠭᠰᠠᠨ ᠲᠡᠮᠦᠵᠢᠨ ᠤ ᠭᠡᠷ ᠢ ᠰᠦᠨᠢ ᠶᠢᠨ ᠭᠦᠨ ᠳᠤ ᠭᠡᠨᠡᠳᠲᠡ | ᠳᠠᠭᠠᠷᠢᠭᠰᠠᠨ ᠪᠠᠶᠢᠨ᠎ᠠ᠃ ᠮᠡᠷᠬᠢᠳ ᠤᠨ ᠴᠡᠷᠢᠭ ᠪᠦᠷᠲᠡ ᠦᠵᠢᠨ᠂ ᠬᠤᠸᠠᠭᠴᠢᠨ ᠡᠮᠡᠭᠡᠨ ︵ᠦᠭᠡᠯᠦᠨ ᠡᠬᠡ ᠶᠢᠨ | ᠵᠠᠷᠤᠴᠠ︶ ᠠᠴᠠ ᠭᠠᠳᠠᠨ᠎ᠠ ᠶᠢᠰᠦᠭᠡᠢ ᠶᠢᠨ ᠲᠠᠲᠠᠪᠤᠷᠢ ᠬᠠᠲᠤᠨ ᠰᠤᠴᠢᠭᠡᠯ ᠢ ᠪᠠᠷᠢᠵᠤ᠂ ᠪᠤᠰᠤᠳ ᠢ ᠨᠢ ᠤᠯᠵᠤ | ᠪᠠᠷᠢᠭᠰᠠᠨ ᠦᠭᠡᠢ ᠠᠯᠳᠠᠵᠤ ᠶᠠᠪᠤᠭᠤᠯᠪᠠ᠃ ᠮᠡᠷᠬᠢᠳ ᠨᠠᠷ ᠪᠦᠷᠲᠡ ᠦᠵᠢᠨ ᠢ ᠲᠤᠭᠲᠤᠭ᠎ᠠ ᠪᠠᠬᠢ ᠶᠢᠨ ᠳᠡᠭᠦᠦ | ᠴᠢᠯᠭᠡᠷ ᠪᠦᠬᠡ ᠭᠡᠭᠴᠢ ᠳᠤ ᠦᠭᠴᠡᠢ᠃ ᠡᠨᠡ ᠨᠢ 1178 ᠤᠨ ᠳᠤ ᠭᠠᠷᠤᠭᠰᠠᠨ ᠬᠡᠷᠡᠭ ᠪᠢᠯᠡ᠃ | 1179 ᠤᠨ ᠳᠤ ᠲᠡᠮᠦᠵᠢᠨ᠂ ᠵᠠᠮᠤᠬ᠎ᠠ᠂ ᠸᠠᠩ ᠬᠠᠨ ᠲᠤᠭᠤᠷᠢᠯ ᠲᠠᠢ ᠬᠠᠮᠲᠤᠷᠠᠵᠤ ᠮᠡᠷᠬᠢᠳ ᠠᠶᠢᠮᠠᠭ ᠢ | ᠪᠠᠶᠢᠯᠳᠤᠪᠠ᠃ ᠡᠨᠡ ᠦᠶ᠎ᠡ ᠳᠤ ᠤᠲᠤᠶᠢᠳ ᠮᠡᠷᠬᠢᠳ ᠤᠨ ᠲᠤᠭᠲᠤᠭ᠎ᠠ ᠪᠠᠬᠢ ᠶᠢᠨ ᠴᠡᠷᠢᠭ ᠪᠤᠭᠤᠷ᠎ᠠ ᠬᠡᠭᠡᠷ᠎ᠡ ᠭᠡᠳᠡᠭ | ᠭᠠᠵᠠᠷ ᠪᠠᠶᠢᠵᠠᠢ᠃ ᠮᠡᠷᠬᠢᠳ ᠬᠡᠳᠦᠶᠢᠪᠡᠷ ᠬᠦᠴᠦᠷᠬᠡᠭ ᠶᠡᠭᠡ ᠠᠶᠢᠮᠠᠭ ᠪᠠᠶᠢᠭᠰᠠᠨ ᠪᠤᠯᠪᠠᠴᠤ ᠲᠡᠮᠦᠵᠢᠨ᠂ ᠵᠠᠮᠤᠬ᠎ᠠ᠂ | ᠸᠠᠩ ᠬᠠᠨ ᠨᠠᠷ ᠤᠨ ᠰᠢᠷᠦᠭᠦᠨ ᠳᠠᠭᠠᠷᠢᠯᠲᠠ ᠳᠤ ᠪᠤᠲᠠ ᠴᠤᠬᠢᠭᠳᠠᠪᠠ᠃ ᠲᠤᠭᠲᠤᠭ᠎ᠠ ᠪᠠᠬᠢ ᠴᠦᠭᠡᠨ ᠬᠦᠮᠦᠰ ᠢᠶᠠᠨ | ᠠᠪᠴᠤ ᠰᠡᠯᠡᠩᠭᠡ ᠮᠦᠷᠡᠨ ᠢ ᠤᠷᠤᠭᠤᠳᠠᠨ ᠪᠠᠷᠭᠤᠵᠢᠨ ᠵᠦᠭ ᠳᠤᠲᠠᠭᠠᠪᠠ᠃ ᠪᠤᠷᠵᠢᠭᠢᠳ ᠢ ᠳᠤᠪᠲᠤᠯᠵᠤ ᠪᠦᠷᠲᠡ | ᠦᠵᠢᠨ ᠢ ᠪᠠᠷᠢᠵᠤ ᠶᠠᠪᠤᠭᠰᠠᠨ ᠭᠤᠷᠪᠠᠨ ᠵᠠᠭᠤᠨ ᠮᠡᠷᠬᠢᠳ ᠦᠷ᠎ᠡ ᠦᠨᠳᠦᠰᠦ ᠪᠠᠷ ᠢᠶᠠᠨ ᠤᠰᠠᠳᠬᠠᠭᠳᠠᠵᠤ᠂ | ᠦᠯᠡᠳᠡᠭᠰᠡᠨ ᠡᠮᠡᠰ ᠬᠡᠦᠬᠡᠳ ᠨᠢ ᠪᠤᠭᠤᠯ ᠵᠠᠷᠤᠴᠠ ᠪᠤᠯᠪᠠ᠃ ᠲᠡᠮᠦᠵᠢᠨ ᠠᠪᠠᠯᠢ ᠭᠡᠷᠭᠡᠢ ᠪᠦᠷᠲᠡ ᠦᠵᠢᠨ ᠪᠠ | ᠵᠠᠷᠤᠴᠠ ᠡᠮᠡᠭᠡᠨ ᠬᠤᠸᠠᠭᠴᠢᠨ ᠨᠠᠷ ᠢ ᠤᠯᠵᠤ ᠠᠪᠤᠪᠠ᠃ 1198 ᠤᠨ ᠳᠤ ᠲᠤᠭᠲᠤᠭ᠎ᠠ ᠪᠠᠬᠢ ᠬᠠᠳᠠᠭᠯᠢᠭ | ᠨᠢᠷᠤᠭᠤᠨ ᠤ ᠮᠦᠷᠦᠴᠡ ᠰᠡᠭᠦᠯ ᠭᠡᠳᠡᠭ ᠭᠠᠵᠠᠷ ᠨᠤᠲᠤᠭᠯᠠᠨ ᠪᠠᠶᠢᠬᠤ ᠳᠤᠨᠢ ᠲᠡᠮᠦᠵᠢᠨ ᠳᠠᠭᠠᠷᠢᠯᠲᠠ ᠬᠢᠵᠡᠢ᠃ | ᠲᠤᠭᠲᠤᠭ᠎ᠠ ᠪᠠᠬᠢ ᠪᠠᠷᠭᠤᠵᠢᠨ ᠳᠦᠭᠦᠮ ᠵᠦᠭ ᠲᠤᠲᠠᠭᠠᠵᠤ᠂ ᠠᠷᠠᠳ ᠢᠷᠭᠡᠳ᠂ ᠠᠳᠤᠭᠤ ᠮᠠᠯ᠂ ᠤᠷᠳᠤᠨ | ᠭᠡᠷ ᠢᠶᠠᠨ ᠲᠡᠮᠦᠵᠢᠨ ᠳᠤ ᠪᠤᠯᠢᠶᠠᠭᠳᠠᠵᠠᠢ᠃ ᠲᠡᠮᠦᠵᠢᠨ ᠤᠯᠤᠭᠰᠠᠨ ᠤᠯᠵᠠ ᠠᠰᠢᠭ ᠢᠶᠠᠨ ᠴᠦᠮ ᠸᠠᠩ ᠬᠠᠨ | ᠲᠤᠭᠤᠷᠢᠯ ᠳᠤ ᠦᠭᠪᠡ᠃ | ᠮᠦᠨ ᠡᠨᠡ ᠵᠢᠯ ︵1198 ᠤᠨ︶ ᠲᠤᠭᠲᠤᠭ᠎ᠠ ᠪᠠᠬᠢ ᠸᠠᠩ ᠬᠠᠨ ᠲᠤᠭᠤᠷᠢᠯ ᠳᠤ ᠴᠤᠬᠢᠭᠳᠠᠭᠠᠳ | ᠪᠠᠷᠭᠤᠵᠢᠨ ᠳᠦᠭᠦᠮ ᠦᠭᠡᠳᠡ ᠲᠤᠲᠠᠭᠠᠵᠤ᠂ ᠦᠪᠡᠷ ᠤᠨ ᠦᠷ᠎ᠡ ᠬᠡᠦᠬᠡᠳ ᠢᠶᠠᠨ ᠤᠯᠵᠠᠯᠠᠭᠤᠯᠵᠤ᠂ ᠡᠳ᠋ | ᠬᠦᠷᠦᠩᠭᠡ ᠪᠠᠨ ᠴᠦ ᠴᠦᠮ ᠠᠯᠳᠠᠭᠰᠠᠨ ᠪᠠᠶᠢᠨ᠎ᠠ᠃ | 1204 ᠤᠨ ᠳᠤ ᠬᠠᠷ᠎ᠠ ᠲᠠᠯ᠎ᠠ ᠶᠢᠨ ᠢᠵᠠᠭᠤᠷ ᠭᠡᠳᠡᠭ ᠭᠠᠵᠠᠷ ᠲᠤ ᠲᠤᠭᠲᠤᠭ᠎ᠠ ᠪᠠᠬᠢ ᠲᠡᠮᠦᠵᠢᠨ ᠤ | ᠴᠡᠷᠢᠭ ᠲᠤ ᠶᠡᠬᠡᠳᠡ ᠳᠡᠶᠢᠯᠦᠭᠳᠡᠭᠡᠳ ᠬᠤᠶᠠᠷ ᠬᠦᠪᠡᠭᠦᠨ ᠲᠠᠢ ᠪᠠᠨ ᠤᠮᠠᠷᠠᠲᠤ ᠨᠠᠢᠮᠠᠨ ᠵᠦᠭ ᠠᠮᠢ ᠵᠢᠭᠤᠳᠠᠨ | ᠳᠤᠲᠠᠭᠠᠵᠠᠢ᠃ | 1205 ᠤᠨ ᠳᠤ ᠲᠡᠮᠦᠵᠢᠨ ᠤ ᠶᠡᠭᠡ ᠴᠡᠷᠢᠭ ᠤᠮᠠᠷᠠᠲᠤ ᠨᠠᠢᠮᠠᠨ ᠤ ᠪᠤᠶᠢᠷᠤᠭ ᠬᠠᠨ ᠢ ᠤᠰᠠᠳᠬᠠᠪᠠ᠃ | ᠲᠤᠭᠲᠤᠭ᠎ᠠ ᠪᠠᠬᠢ ᠤᠷᠤᠰᠢᠬᠤ ᠭᠠᠵᠠᠷ ᠦᠭᠡᠢ ᠪᠤᠯᠵᠤ᠂ ᠲᠠᠶᠠᠨ ᠬᠠᠨ ᠤ ᠬᠦᠪᠡᠭᠦᠨ ᠬᠦᠴᠦᠯᠦᠭ ᠬᠠᠨ ᠲᠠᠢ ᠬᠠᠮᠲᠤ | ᠪᠠᠷᠠᠭᠤᠨᠰᠢ ᠲᠤᠲᠠᠭᠠᠭᠰᠠᠨ ᠪᠠᠶᠢᠨ᠎ᠠ᠃ ᠲᠡᠮᠦᠵᠢᠨ ᠤ ᠶᠡᠭᠡ ᠴᠡᠷᠢᠭ ᠲᠤ ᠡᠷᠴᠢᠰ ᠤᠨ ᠪᠤᠭᠲᠠᠷᠠᠮ ᠤᠨ ᠡᠬᠢᠨ ᠳᠤ | ᠨᠡᠬᠡᠭᠳᠡᠨ ᠭᠦᠢᠴᠡᠭᠳᠡᠭᠡᠳ᠂ ᠲᠤᠭᠲᠤᠭ᠎ᠠ ᠪᠠᠬᠢ ᠵᠡᠷᠯᠢᠭ ᠰᠤᠮᠤᠨ ᠳᠤ ᠤᠨᠤᠭᠳᠠᠵᠤ ᠦᠬᠦᠪᠡ᠃ | |