| ᠡᠰᠡᠨ ᠪᠤᠯ ᠤᠶᠢᠷᠠᠳ ᠤᠨ ᠵᠠᠬ᠎ᠠ ᠮᠢᠩᠭᠠᠨ ᠤ ᠬᠦᠮᠤᠨ ᠪᠤᠯᠤᠨ᠎ᠠ᠃ 1407 ᠤᠨ ᠳᠤ ᠲᠦᠷᠤᠪᠡ᠃ | ᠳᠡᠭᠦᠨ ᠤ ᠡᠴᠢᠭᠡ ᠨᠢ ᠳᠤᠭᠤᠭᠠᠨ ᠳᠠᠶᠢᠱᠢ ᠭᠡᠳᠡᠭ ᠶᠤᠮ᠃ 1439 ᠤᠨ ᠳᠤ᠂ ᠡᠰᠡᠨ ᠡᠴᠢᠭᠡ ᠳᠤᠭᠤᠭᠠᠨ | ᠳᠠᠶᠢᠱᠢ ᠶᠢᠨ ᠢᠶᠠᠨ ᠵᠡᠷᠭᠡ ᠭᠡᠷᠭᠡᠮ ᠢ ᠵᠠᠯᠭᠠᠮᠵᠢᠯᠠᠵᠤ ᠳᠠᠶᠢᠱᠢ ᠡᠷᠭᠦᠮᠵᠢᠯᠡᠭᠳᠡᠪᠡ᠃ 1444 ᠤᠨ ᠳᠤ᠂ ᠳᠤᠳᠠᠪᠤᠬᠠ | ︵ᠳᠠᠶᠢᠰᠦ᠋ᠡᠭ︶ ᠬᠠᠭᠠᠨ ᠤ ᠨᠡᠷ᠎ᠡ ᠪᠠᠷ ᠡᠰᠡᠨ ᠱᠠ ᠵᠧᠤ ᠸᠧᠢ ︵ᠬᠠᠷᠠᠭᠤᠯ︶ ᠳᠤ ᠡᠯᠴᠢ ᠳᠤᠮᠢᠯᠠᠨ ᠤᠴᠢᠭᠤᠯᠵᠤ | ᠳᠡᠨᠳᠡᠬᠢ ᠡᠵᠡᠨ ᠨᠠᠠ ᠭᠧ ᠶᠢ ᠫᠢᠡᠭᠵᠠᠩ ᠨᠤᠶᠠᠨ ᠡᠷᠭᠦᠮᠵᠢᠯᠡᠨ ᠡᠷᠭᠡ ᠰᠦᠷ ᠲᠡᠭᠡᠨ ᠤᠷᠤᠭᠤᠯᠵᠤ ᠠᠪᠤᠪᠠ᠃ ᠲᠤᠰ | ᠵᠢᠯ ᠳᠤ ᠡᠰᠡᠨ ᠪᠠᠰᠠ ᠴᠢᠭᠡᠨ ᠮᠤᠩᠭᠤᠯ ᠤᠨ ᠡᠵᠡᠨ ᠠᠰᠤ ᠯᠤᠭ᠎ᠠ ᠬᠤᠳᠠ ᠤᠷᠤᠭ ᠪᠤᠯᠤᠯᠴᠠᠨ᠂ ᠳᠠᠮᠠᠭ᠎ᠠ ᠲᠠᠢ | ᠪᠢᠴᠢᠭ ᠬᠦᠷᠳᠡᠭᠡᠵᠦ᠂ ᠡᠵᠡᠨ ᠰᠠᠶᠢᠳ ᠤᠨ ᠭᠡᠯᠬᠢᠶ᠎ᠡ ᠶᠢ ᠪᠠᠶᠢᠭᠤᠯᠪᠠ᠃ 1446 ᠤᠨ ᠳᠤ᠂ ᠡᠰᠡᠨ ᠮᠦᠨ | ᠬᠠᠨᠳᠤᠤ ᠶᠢᠨ ᠸᠧᠢ ᠶᠢᠨ ᠡᠵᠡᠨ ᠪᠠᠨᠮᠠᠰᠠᠵᠠᠢ ᠳᠤ ᠡᠯᠴᠢ ᠳᠤᠮᠢᠯᠠᠨ ᠢᠯᠡᠭᠡᠵᠦ ᠤᠷᠤᠭ ᠪᠤᠯᠤᠯᠴᠠᠭᠠᠳ ᠬᠦᠨ ᠵᠤᠵᠠᠭᠠᠨ | ᠨᠦᠭᠦᠷᠯᠡᠪᠡ᠃ ᠡᠰᠡᠨ ᠡᠨᠡ ᠮᠡᠳᠤᠴᠢᠯᠠᠨ ᠵᠡᠭᠦᠨ ᠪᠠ ᠪᠠᠷᠠᠭᠤᠨ ᠵᠦᠭ ᠤᠯᠠᠨ ᠭᠠᠵᠠᠷ ᠢ ᠡᠷᠭᠡ ᠮᠡᠳᠡᠯ ᠳᠡᠭᠡᠨ | ᠤᠷᠤᠭᠤᠯᠵᠤ᠂ ᠰᠦᠷ ᠬᠦᠴᠤᠨ ᠢᠶᠠᠨ ᠶᠡᠬᠡᠪᠡᠷ ᠨᠡᠮᠡᠭᠳᠡᠭᠦᠯᠦᠭᠰᠡᠨ ᠲᠤᠯᠠ ᠶᠡᠭᠡ ᠭᠤᠪᠢ ᠶᠢᠨ ᠠᠷᠤ ᠳᠤ ᠵᠡᠭᠦᠨᠰᠢ | ᠪᠠᠷᠠᠭᠤᠨᠰᠢ ᠲᠦᠮᠡᠨ ᠭᠠᠵᠠᠷ ᠤᠨ ᠳᠤᠳᠤᠷ᠎ᠠ ᠳᠡᠭᠦᠨ ᠲᠠᠢ ᠠᠶᠤᠮᠰᠢᠭ ᠦᠭᠡᠢ ᠡᠰᠡᠷᠭᠦᠴᠡᠯᠳᠤᠬᠦ ᠡᠳᠡᠭᠡᠳ ᠦᠭᠡᠢ | ᠪᠤᠯᠵᠠᠢ᠃ | 1449 ᠤᠨ ᠳᠤ᠂ ᠡᠰᠡᠨ ᠳᠠᠶᠢᠱᠢ ᠶᠢᠨ ᠤᠷᠳᠤᠨ ᠳᠤ ᠰᠠᠭᠤᠵᠤ ᠪᠠᠶᠢᠭᠰᠠᠨ ᠮᠢᠩ ᠤᠯᠤᠰ ᠤᠨ | ᠡᠯᠴᠢ ᠨᠢ ᠦᠪᠡᠷ ᠤᠨ ᠤᠯᠤᠰ ᠤᠨ ᠬᠦᠡᠭᠵᠤ ︵ᠳᠠᠬᠢᠨᠢ︶ ᠪᠠᠨ ᠡᠰᠡᠨ ᠤ ᠬᠦᠪᠡᠭᠦᠨ ᠳᠤ ᠦᠭᠭᠦᠶ᠎ᠡ ᠭᠡᠮᠡᠨ ᠠᠮᠠ | ᠠᠯᠳᠠᠭᠰᠠᠨ ᠪᠤᠯᠬᠤᠷ ᠡᠰᠡᠨ ᠳᠠᠶᠢᠱᠢ ᠦᠪᠡᠷ ᠢᠶᠠᠨ ᠡᠯᠴᠢ ᠳᠤ ᠶᠡᠭᠡ ᠭᠡᠮᠵᠢᠶᠡᠨ ᠤ ᠪᠡᠯᠡᠭ ᠳᠡᠯᠡᠭ ᠪᠠᠷᠢᠭᠤᠯᠤᠨ ᠮᠢᠩ | ᠤᠯᠤᠰ ᠲᠤ ᠢᠯᠡᠭᠡᠵᠦ᠂ ᠤᠷᠤᠭ ᠤᠨ ᠤᠴᠢᠷ ᠢ ᠳᠤᠳᠤᠯᠠᠨ ᠭᠡᠯᠡᠯᠴᠡᠭᠦᠯᠪᠡ᠃ ᠲᠡᠷᠡ ᠲᠤᠬᠠᠢ ᠮᠢᠩ ᠤᠯᠤᠰ ᠤᠨ | ᠳᠠᠯ᠎ᠠ ᠠᠴᠠ ︽ᠡᠶᠢᠮᠤ ᠶᠠᠪᠤᠳᠠᠯ ᠦᠭᠡᠢ︾ ᠭᠡᠮᠡᠭᠰᠡᠨ ᠪᠤᠯᠬᠤᠷ ᠡᠰᠡᠨ ᠶᠡᠬᠡᠳᠡ ᠠᠭᠤᠷᠯᠠᠨ ᠤᠯᠠᠨ ᠠᠶᠢᠮᠠᠭ ᠤᠨ | ᠴᠡᠷᠢᠭ ᠢ ᠳᠠᠶᠢᠴᠢᠯᠠᠵᠤ ᠮᠢᠩ ᠤᠯᠤᠰ ᠢ ᠳᠠᠶᠢᠯᠠᠬᠤ ᠪᠠᠷ ᠮᠤᠷᠳᠠᠪᠠ᠃ ᠡᠭᠦᠨ ᠳᠤ ᠡᠰᠡᠨ ᠳᠠᠶᠢᠱᠢ ᠶᠢᠨ | ᠤᠳᠤᠷᠢᠳᠤᠭᠰᠠᠨ ᠶᠡᠭᠡ ᠴᠡᠷᠢᠭ ᠳ᠋ᠠ ᠲᠦᠡᠭ ᠢ ᠴᠢᠭᠯᠡᠪᠡ︔ ᠳᠠᠶᠢᠰᠦ᠋ᠡᠭ ᠬᠠᠭᠠᠨ ᠤ ᠤᠳᠤᠷᠢᠳᠤᠭᠰᠠᠨ | ᠤᠷᠢᠶᠠᠩᠬᠠᠢ ᠶᠢᠨ ᠭᠤᠷᠪᠠᠨ ᠸᠧᠢ ᠶᠢᠨ ᠴᠡᠷᠢᠭ ᠯᠢᠶᠤᠤ ᠳ᠋ᠦᠡᠭ ᠢ ᠪᠤᠯᠢᠶᠠᠨ ᠤᠤᠯᠭᠠᠯᠠᠪᠠ︔ ᠠᠯᠠᠭ ᠳᠡᠮᠤᠷ | ᠴᠧᠡᠭᠰᠢᠶᠠᠩ ᠤᠨ ᠳᠠᠶᠢᠴᠢᠯᠠᠭᠰᠠᠨ ᠶᠡᠭᠡ ᠴᠡᠷᠢᠭ ᠰᠢᠤᠸᠠᠨ ᠹᠦ᠋ ᠶᠢ ᠴᠤᠬᠢᠪᠠ᠃ ᠠᠯᠴᠤ ᠶᠢᠨ ᠳᠠᠭᠠᠭᠤᠯᠤᠭᠰᠠᠨ ᠨᠢᠭᠡᠨ | ᠵᠠᠮ ᠤᠨ ᠴᠡᠷᠢᠭ ᠱᠠᠨᠰᠢ ᠶᠢ ᠳᠤᠪᠳᠤᠯᠪᠠ᠃ ᠡᠰᠡᠨ ᠳᠠᠶᠢᠱᠢ ᠶᠢᠨ ᠳᠠᠶᠢᠴᠢᠯᠠᠭᠰᠠᠨ ᠶᠡᠭᠡ ᠴᠡᠷᠢᠭ ᠳ᠋ᠠ ᠲᠦᠡᠭ ᠤᠨ | ᠳᠡᠷᠭᠡᠳᠡ ᠬᠦᠷᠤᠭᠡᠳ᠂ ᠮᠢᠩ ᠤᠯᠤᠰ ᠤᠨ ᠵᠦᠪᠯᠡᠭᠴᠢ ᠵᠠᠩᠵᠤᠨ ᠡᠤ ᠬᠤᠤ ᠯᠤᠭ᠎ᠠ ᠮᠢᠭᠤᠢ ᠶᠢᠨ ᠲᠤᠰᠬᠤᠨ ᠳᠤ | ᠰᠢᠷᠤᠭᠦᠨ ᠢᠶᠠᠷ ᠲᠤᠯᠤᠯᠳᠤᠪᠠ᠃ ᠮᠤᠩᠭᠤᠯ ᠤᠨ ᠴᠡᠷᠢᠭ ᠡᠷᠡᠯᠭᠡᠭ ᠮᠦᠷᠳᠡᠭᠡᠨ ᠵᠠᠷ ᠵᠡᠪᠰᠡᠭ ᠴᠤ ᠬᠤᠷᠴᠠ ᠲᠤᠯᠠ | ᠮᠢᠩ ᠤᠯᠤᠰ ᠤᠨ ᠴᠡᠷᠢᠭ ᠢ ᠶᠡᠬᠡᠳᠡ ᠳᠠᠶᠢᠯᠵᠤ᠂ ᠵᠦᠪᠯᠡᠭᠴᠢ ᠵᠠᠩᠵᠤᠨ ᠡᠤ ᠬᠤᠤ ᠶᠢ ᠠᠯᠠᠭᠠᠳ᠂ ᠪᠤᠭᠤᠮᠳᠠ ᠶᠢᠨ | ᠭᠠᠳᠠᠨᠠᠬᠢ ᠬᠤᠳᠠ ᠪᠠᠯᠭᠠᠰᠤ ᠶᠢ ᠴᠦᠮ ᠪᠠᠶᠢᠯᠳᠤᠨ ᠡᠵᠡᠯᠡᠭᠰᠡᠨ ᠪᠠᠶᠢᠨ᠎ᠠ᠃ ᠮᠢᠩ ᠤᠯᠤᠰ ᠲᠡᠷᠡ ᠳᠠᠷᠤᠢ ᠬᠠᠭᠠᠨ ᠤ | ᠬᠦᠷᠭᠡᠨ ᠵᠢᠩ ᠶᠤᠸᠠᠨ ᠵᠡᠷᠭᠡ ᠳᠦᠷᠪᠡᠨ ᠶᠡᠭᠡ ᠵᠠᠩᠵᠤᠨ ᠳᠤ ᠲᠤᠰᠪᠤᠷᠢ ᠲᠦᠮᠡᠨ ᠴᠡᠷᠢᠭ ᠦᠭᠭᠦᠭᠡᠳ | ᠪᠠᠶᠢᠯᠳᠤᠬᠤ ᠪᠠᠷ ᠢᠯᠡᠭᠡᠭᠰᠡᠨ ᠳᠤ᠂ ᠡᠰᠡᠨ ᠳᠠᠶᠢᠱᠢ ᠪᠠᠰᠠ ᠪᠦᠭᠦᠨ ᠢ ᠰᠦᠨᠤᠭᠡᠪᠡ᠃ ᠡᠨᠡ ᠦᠶ᠎ᠡ ᠳᠤ᠂ ᠳ᠋ᠠ | ᠲᠦᠡᠭ ᠤᠨ ᠴᠡᠷᠢᠭ ᠤᠨ ᠶᠡᠷᠤᠩᠭᠡᠢ ᠵᠠᠬᠢᠷᠤᠭᠴᠢ ᠰᠦᠡᠭ ᠢᠡᠭ᠂ ᠪᠦᠬᠦᠳᠡ ᠶᠢ ᠵᠠᠬᠢᠷᠤᠭᠴᠢ ᠵᠤ᠋ ᠮᠢᠶᠠᠨ᠂ | ᠪᠦᠬᠦᠳᠡ ᠶᠢ ᠬᠢᠨᠠᠭᠴᠢ ᠱᠢ ᠾᠧᠡᠭ ᠨᠠᠷ ᠲᠠᠶᠢᠭᠠᠨ ᠬᠦᠸᠧ ᠵᠢᠩ ᠤᠨ ᠬᠢᠨᠠᠯᠳᠠ ᠳᠤᠤᠷ᠎ᠠ ᠡᠰᠡᠨ ᠳᠠᠶᠢᠱᠢ ᠶᠢᠨ | ᠴᠡᠷᠢᠭ ᠲᠠᠢ ᠶᠠᠩ ᠾᠧ ︵ᠤᠳᠤᠬᠢ ᠱᠠᠨ ᠰᠢ ᠮᠤᠵᠢ ᠶᠢᠨ ᠶᠠᠩ ᠭᠤᠤ︶ ᠳᠤ ᠰᠢᠷᠤᠭᠦᠨ ᠪᠠᠶᠢᠯᠳᠤᠭᠠᠳ ᠶᠡᠭᠡᠳᠡ | ᠳᠡᠶᠢᠯᠦᠭᠳᠡᠵᠦ᠂ ᠰᠦᠡᠭ ᠢᠡᠭ᠂ ᠵᠤ᠋ ᠮᠢᠶᠠᠨ ᠬᠤᠶᠠᠷ ᠠᠯᠠᠭᠳᠠᠭᠠᠳ᠂ ᠱᠢ ᠾᠧᠡᠭ ᠭᠠᠭᠴᠠ ᠪᠡᠶ᠎ᠡ ᠪᠠᠷ ᠢᠶᠠᠨ ᠳ᠋ᠠ | ᠲᠦᠡᠭ ᠳᠤ ᠵᠤᠯᠤᠨ ᠤᠷᠤᠵᠤ᠂ ᠲᠠᠶᠢᠭᠠᠨ ᠬᠦᠸᠧ ᠵᠢᠩ ᠴᠤ ᠦᠪᠡᠷ ᠢᠶᠠᠨ ᠦᠯᠦᠩ ᠡᠪᠡᠰᠤᠨ ᠤ ᠳᠤᠳᠤᠷ᠎ᠠ | ᠨᠢᠭᠤᠭᠳᠠᠭᠰᠠᠨ ᠤ ᠠᠴᠢ ᠪᠠᠷ ᠲᠦᠡᠭᠭᠡᠵᠢ ᠠᠮᠢ ᠲᠠᠢ ᠭᠠᠷᠴᠠᠢ᠃ ᠠᠯᠠᠭ ᠳᠡᠮᠤᠷ ᠴᠧᠡᠭᠰᠢᠶᠠᠩ ᠤᠨ ᠳᠠᠶᠢᠴᠢᠯᠠᠭᠰᠠᠨ | ᠮᠤᠩᠭᠤᠯ ᠤᠨ ᠤᠯᠠᠨ ᠠᠶᠢᠮᠠᠭ ᠤᠨ ᠴᠡᠷᠢᠭ ᠰᠢᠭᠤᠳ ᠰᠢᠤᠸᠠᠨ ᠹᠦ᠋ ︵ᠤᠳᠤᠬᠢ ᠾᠧᠪᠧᠢ ᠮᠤᠵᠢ ᠶᠢᠨ ᠰᠢᠤᠸᠠᠨ | ᠬᠤᠸᠠ︶ ᠳᠤ ᠬᠦᠷᠴᠤ᠂ ᠮᠠ ᠢᠡᠭ ︵ᠤᠳᠤᠬᠢ ᠾᠧᠪᠧᠢ ᠮᠤᠵᠢ ᠶᠢᠨ ᡂᠢ ᠴᠧᠡᠭ ᠰᠢᠶᠠᠨ ᠤ ᠠᠷᠤ ᠳᠤ ᠪᠤᠢ︶ ᠢ | ᠪᠦᠰᠡᠯᠡᠨ ᠮᠢᠩ ᠤᠯᠤᠰ ᠤᠨ ᠴᠡᠷᠢᠭ ᠤᠨ ᠤᠰᠤᠨ ᠤ ᠢᠷᠡᠯᠳᠡ ᠶᠢ ᠳᠠᠰᠤᠯᠪᠠ᠃ ᠡᠨᠡ ᠦᠶ᠎ᠡ ᠳᠤ᠂ ᠰᠢᠤᠸᠠᠨ | ᠹᠦ᠋ ᠶᠢᠨ ᠪᠦᠬᠦᠳᠡ ᠶᠢ ᠵᠠᠬᠢᠷᠤᠭᠴᠢ ᠶᠠᠩ ᠾᠦᠡᠭ ᠪᠠᠯᠠᠭ ᠠᠯᠳᠠᠨ ᠦᠭᠦᠭᠦ ᠪᠠᠨ ᠬᠦᠯᠢᠶᠡᠵᠦ ᠰᠠᠭᠤᠭᠰᠠᠨ ᠪᠦᠭᠡᠳ | ᠮᠠ ᠢᠡᠭ ᠢ ᠰᠠᠬᠢᠨ ᠬᠠᠮᠠᠭᠠᠯᠠᠵᠤ ᠪᠠᠶᠢᠭᠰᠠᠨ ᠵᠠᠩ ᠵᠢᠶᠦ᠋ᠨ ᠪᠠᠶᠢᠯᠳᠤᠬᠤ ᠵᠤᠷᠢᠭ ᠦᠭᠡᠢ ᠪᠤᠯᠤᠭᠠᠳ ᠬᠤᠳᠠ ᠪᠠᠨ | ᠤᠷᠬᠢᠨ ᠪᠤᠷᠤᠭᠤᠯᠤᠨ ᠵᠤᠯᠵᠤ ᠳᠤᠳᠠᠭᠠᠭᠰᠠᠨ ᠪᠠᠶᠢᠨ᠎ᠠ᠃ ᠡᠭᠦᠨ ᠤ ᠤᠯᠠᠮ ᠠᠴᠠ ᠠᠯᠠᠭ ᠳᠡᠮᠤᠷ ᠴᠧᠡᠭᠰᠢᠶᠠᠩ ᠤᠨ | ᠵᠠᠬᠢᠷᠤᠭᠰᠠᠨ ᠶᠡᠭᠡ ᠴᠡᠷᠢᠭ ᠡᠰᠡᠷᠭᠦᠴᠡᠯᠡᠰᠢ ᠦᠭᠡᠢ ᠰᠦᠷ ᠬᠦᠴᠤᠨ ᠢᠶᠠᠷ ᠡᠮᠤᠨᠡᠰᠢ ᠳᠠᠭᠠᠷᠢᠵᠤ᠂ ᠰᠢᠭᠤᠳ | ᠴᠠᠪᠴᠢᠶᠠᠯ ᠪᠤᠭᠤᠮᠳᠠ ᠳᠤ ᠬᠦᠷᠴᠤ ᠤᠴᠢᠪᠠ᠃ ᠠᠯᠴᠤ ᠨᠤᠶᠠᠨ ᠤ ᠳᠠᠶᠢᠴᠢᠯᠠᠭᠰᠠᠨ ᠮᠤᠩᠭᠤᠯ ᠮᠤᠷᠢᠳᠤ ᠴᠡᠷᠢᠭ ᠨᠢ | ᠱᠠᠨᠰᠢ ᠮᠤᠵᠢ ᠶᠢᠨ ᠪᠦᠬᠦᠳᠡ ᠶᠢ ᠵᠠᠬᠢᠷᠤᠭᠴᠢ ᠿᠧᠨ ᠯᠢ᠂ ᠲᠠᠶᠢᠭᠠᠨ ᠯᠢᠤ ᠶᠦᠡᠭ ᠨᠠᠷ ᠤᠨ ᠳᠤᠮᠢᠯᠠᠭᠰᠠᠨ | ᠴᠡᠷᠢᠭ ᠲᠠᠢ ᠯᠢᠨ ᠱᠦᠢ ᠪᠤᠤ ᠶᠢᠨ ᠪᠠᠷᠠᠭᠤᠨ ᠳᠤ ᠶᠡᠬᠡᠪᠡᠷ ᠪᠠᠶᠢᠯᠳᠤᠪᠠ᠃ ᠡᠨᠡ ᠤᠳᠠᠭ᠎ᠠ ᠶᠢᠨ ᠪᠠᠶᠢᠯᠳᠤᠭᠠᠨ ᠳᠤ᠂ | ᠮᠢᠩ ᠤᠯᠤᠰ ᠤᠨ ᠴᠡᠷᠢᠭ ᠶᠡᠭᠡᠳᠡ ᠳᠡᠶᠢᠯᠦᠭᠳᠡᠵᠦ᠂ ᠰᠦᠵᠧᠤ ᠸᠧᠢ ᠶᠢ ᠰᠠᠬᠢᠵᠤ ᠪᠠᠶᠢᠭᠰᠠᠨ ᠳᠤᠬᠢᠬᠴᠢ ᠲᠦᠰᠢᠮᠡᠯ | ᠬᠤ᠋ ᠯᠠᠨ᠂ ᠶᠠᠨ ᠵᠧᠨ ᠠᠯᠠᠭᠳᠠᠭᠰᠠᠨ ᠪᠦᠭᠡᠳ ᠪᠠᠷᠠᠭᠤᠨ ᠭᠠᠷ ᠤᠨ ᠳᠡᠰᠯᠡᠭᠰᠡᠨ ᠵᠠᠬᠢᠷᠤᠭᠴᠢ ᠯᠢᠤ ᠵᠧᠨ ᠲᠤᠮᠤ | ᠰᠢᠷᠤᠢ ᠶᠢᠨ ᠤᠪᠤᠭᠠᠨ ᠤ ᠠᠷᠤ ᠳᠤ ᠨᠢᠭᠤᠭᠳᠠᠭᠰᠠᠨ ᠤ ᠠᠴᠢ ᠪᠠᠷ ᠠᠮᠢᠳᠤ ᠭᠠᠷᠤᠭᠰᠠᠨ ᠪᠠᠶᠢᠪᠠ᠃ ᠳᠠᠶᠢᠰᠦ᠋ᠡᠭ | ᠬᠠᠭᠠᠨ ᠤ ᠳᠠᠭᠠᠭᠤᠯᠤᠭᠰᠠᠨ ᠤᠷᠢᠶᠠᠩᠬᠠᠢ ᠶᠢᠨ ᠭᠤᠷᠪᠠᠨ ᠸᠧᠢ ᠶᠢᠨ ᠴᠡᠷᠢᠭ ᠯᠢᠶᠤᠤ ᠳ᠋ᠦᠡᠭ ᠢ ᠳᠠᠭᠠᠷᠢᠨ ᠬᠢᠯᠢ ᠶᠢᠨ | ᠭᠡᠷᠡᠮ ᠢ ᠳᠠᠪᠠᠵᠤ ᠤᠷᠤᠭᠠᠳ᠂ ᠰᠦᠨᠢ ᠲᠦᠯᠢ ᠪᠠᠷ ᠮᠢᠩ ᠤᠯᠤᠰ ᠤᠨ ᠴᠡᠷᠢᠭ ᠤᠨ ᠰᠡᠷᠭᠡᠶᠢᠯᠡᠯᠳᠡ ᠰᠤᠯᠠ | ᠪᠠᠶᠢᠭᠰᠠᠨ ᠳᠤᠬᠢᠶᠠᠯ ᠢ ᠠᠰᠢᠭᠯᠠᠨ ᠭᠤᠸᠠᠩᠨᠢᠩ ᠬᠤᠳᠠ ᠶᠢ ᠪᠦᠰᠡᠯᠡᠨ ᠠᠪᠤᠪᠠ᠃ ᠲᠤᠰ ᠬᠤᠳᠠ ᠶᠢᠨ ᠭᠠᠳᠠᠭᠤᠷ | ᠰᠡᠷᠭᠡᠶᠢᠯᠡᠨ ᠰᠠᠬᠢᠵᠤ ᠪᠠᠶᠢᠭᠰᠠᠨ ᠮᠢᠩ ᠤᠯᠤᠰ ᠤᠨ ᠴᠡᠷᠢᠭ ᠴᠦᠮ ᠠᠷᠤ ᠠᠷᠤ ᠠᠴᠠ ᠪᠠᠨ ᠬᠤᠳᠠᠨ ᠳᠤ ᠵᠤᠯᠤᠨ | ᠤᠷᠤᠭᠠᠳ ᠳᠠᠬᠢᠨ ᠭᠠᠷᠴᠤ ᠢᠷᠡᠬᠦ ᠦᠭᠡᠢ ᠪᠤᠯᠤᠭᠰᠠᠨ ᠲᠤᠯᠠ ᠳᠠᠶᠢᠰᠦ᠋ᠡᠭ ᠬᠠᠭᠠᠨ ᠤ ᠴᠡᠷᠢᠭ ᠬᠢᠯᠢ ᠶᠢᠨ ᠭᠡᠷᠡᠮ ᠢ | ᠲᠦᠴᠢ ᠭᠠᠷᠤᠢ ᠭᠠᠵᠠᠷ ᠦᠷᠭᠡᠨ ᠢᠶᠠᠷ ᠰᠡᠳᠡᠯᠤᠨ ᠡᠪᠳᠡᠭᠡᠳ ᠳᠤᠳᠤᠭᠰᠢ ᠰᠢᠷᠭᠤᠯᠤᠨ ᠡᠬᠢᠯᠡᠭᠰᠡᠨ ᠪᠠᠶᠢᠪᠠ᠃ ᠡᠰᠡᠨ | ᠳᠠᠶᠢᠱᠢ ᠶᠢᠨ ᠳᠦᠷᠪᠡᠨ ᠵᠠᠮ ᠤᠨ ᠶᠡᠭᠡ ᠴᠡᠷᠢᠭ ᠮᠢᠩ ᠤᠯᠤᠰ ᠤᠨ ᠬᠢᠯᠢ ᠶᠢ ᠰᠢᠷᠤᠭᠦᠨ ᠢᠶᠠᠷ ᠳᠠᠭᠠᠷᠢᠨ | ᠳᠤᠪᠳᠤᠯᠤᠭᠰᠠᠨ ᠮᠡᠳᠡᠭᠡ ᠪᠡᠭᠡᠵᠢᠩ ᠳᠤ ᠤᠯᠠᠮᠵᠢᠯᠠᠭᠳᠠᠨ ᠬᠦᠷᠦᠭᠰᠡᠨ ᠤ ᠳᠠᠷᠠᠭ᠎ᠠ᠂ ᠮᠢᠩ ᠤᠯᠤᠰ ᠤᠨ ᠲᠠᠶᠢᠭᠠᠨ | ᠲᠦᠰᠢᠮᠡᠯ ᠸᠠᠩ ᠵᠧᠨ ᠢᠡᠭᠽᠦ᠋ᠡᠭ ᠬᠠᠭᠠᠨ ᠢ ᠪᠡᠶ᠎ᠡ ᠪᠠᠷ ᠢᠶᠠᠨ ᠳᠠᠶᠢᠯᠠᠬᠤ ᠪᠠᠷ ᠮᠤᠷᠳᠠᠬᠤ ᠪᠤᠯᠪᠠᠤ ᠭᠡᠮᠡᠨ | ᠠᠶᠢᠯᠠᠳᠬᠠᠭᠰᠠᠨ ᠪᠠᠶᠢᠨ᠎ᠠ᠃ ᠡᠭᠦᠨ ᠳᠤ ᠢᠡᠭᠽᠦ᠋ᠡᠭ ᠬᠠᠭᠠᠨ ᠲᠡᠷᠡ ᠳᠠᠷᠤᠢ ᠰᠡᠩᠳᠡ ᠮᠡᠩᠳᠡ ᠪᠡᠶ᠎ᠡ ᠪᠠᠷ ᠢᠶᠠᠨ | ᠳᠠᠶᠢᠯᠠᠬᠤ ᠵᠠᠷᠯᠢᠭ ᠪᠠᠭᠤᠯᠭᠠᠪᠠ᠃ ᠲᠡᠷᠡ ᠦᠶ᠎ᠡ ᠳᠤ᠂ ᠨᠢᠭᠡᠨ ᠪᠦᠯᠦᠭ ᠮᠡᠷᠭᠡᠨ ᠰᠠᠶᠢᠳ ᠤᠷᠳᠤᠨ ᠤ ᠡᠮᠤᠨ᠎ᠡ | ᠰᠦᠭᠦᠳᠴᠤ ᠡᠵᠡᠨ ᠬᠠᠭᠠᠨ ᠤ ᠪᠡᠶ᠎ᠡ ᠪᠠᠷ ᠢᠶᠠᠨ ᠳᠠᠶᠢᠯᠠᠬᠤ ᠵᠠᠷᠯᠢᠭ ᠢᠶᠠᠨ ᠪᠤᠴᠠᠭᠠᠬᠤ ᠶᠢ ᠭᠤᠶᠤᠴᠢᠯᠠᠪᠠ᠃ ᠭᠡᠳᠡᠯ᠎ᠡ | ᠢᠡᠭᠽᠦ᠋ᠡᠭ ᠬᠠᠭᠠᠨ ᠤᠯᠤᠰ ᠤᠨ ᠲᠠᠶᠢᠭᠠᠨ ᠲᠦᠰᠢᠮᠡᠯ ᠸᠠᠩ ᠵᠧᠨ ᠤ ᠦᠳᠤᠭᠡᠯᠭᠡ ᠶᠢᠨ ᠳᠤᠤᠷ᠎ᠠ᠂ ᠲᠦᠰᠢᠮᠡᠳ ᠤᠨ | ᠢᠳᠬᠠᠯ ᠬᠤᠷᠢᠭᠯᠠᠯ ᠢ ᠡᠰᠡ ᠰᠤᠨᠤᠰᠤᠨ᠂ ᠳᠠᠪᠢᠨ ᠲᠦᠮᠡᠨ ᠶᠡᠭᠡ ᠴᠡᠷᠢᠭ ᠠᠪᠴᠤ ᠪᠡᠭᠡᠵᠢᠩ ᠠᠴᠠ ᠮᠤᠷᠳᠠᠪᠠ᠃ | ᠮᠢᠩ ᠤᠯᠤᠰ ᠤᠨ ᠶᠡᠭᠡ ᠴᠡᠷᠢᠭ ᠳ᠋ᠠ ᠲᠦᠡᠭ ᠬᠤᠳᠠ ᠬᠦᠷᠴᠤ ᠢᠷᠡᠬᠦ ᠦᠶ᠎ᠡ ᠳᠤ᠂ ᠮᠤᠩᠭᠤᠯ ᠤᠨ ᠴᠡᠷᠢᠭ | ᠬᠠᠭᠤᠷᠮᠠᠭ ᠢᠶᠠᠷ ᠪᠤᠷᠤᠭᠤᠯᠤᠨ ᠵᠤᠯᠵᠤ ᠮᠢᠩ ᠤᠯᠤᠰ ᠤᠨ ᠴᠡᠷᠢᠭ ᠢ ᠳᠤᠳᠤᠭᠰᠢ ᠳᠠᠳᠠᠨ ᠤᠷᠤᠭᠤᠯᠪᠠ᠃ | ᠴᠡᠷᠢᠭ ᠤᠨ ᠡᠷᠬᠢᠨ ᠰᠠᠶᠢᠳ ᠭᠤᠸᠠᠩ ᠶᠧ ᠠᠶᠢᠯᠠᠳᠬᠠᠯ ᠪᠢᠴᠢᠵᠤ ᠴᠡᠷᠢᠭ ᠪᠤᠴᠠᠬᠤ ᠶᠢ ᠭᠤᠶᠤᠴᠢᠯᠠᠭᠰᠠᠨ ᠳᠤ᠂ | ᠸᠠᠩ ᠵᠧᠨ ᠳᠡᠭᠦᠨ ᠢ ᠴᠡᠷᠢᠭ ᠤᠨ ᠦᠢᠯᠡ ᠶᠢ ᠦᠯᠦ ᠮᠡᠳᠡᠭᠴᠢ ᠳᠤᠷᠤᠢ ᠪᠢᠴᠢᠭ ᠤᠨ ᠬᠦᠮᠤᠨ ᠭᠡᠵᠦ ᠬᠢᠯᠢᠩᠨᠡᠨ | ᠪᠤᠷᠤᠭᠤᠰᠢᠶᠠᠵᠤ ᠦᠷᠭᠦᠯᠵᠢᠯᠡᠨ ᠬᠤᠶᠢᠳᠤ ᠵᠦᠭ ᠤᠷᠤᠭᠰᠢᠯᠠᠪᠠ᠃ ᠡᠨᠡ ᠦᠶ᠎ᠡ ᠳᠤ᠂ ᠳ᠋ᠠ ᠲᠦᠡᠭ ᠬᠤᠳᠠ ᠶᠢ | ᠰᠠᠬᠢᠭᠰᠠᠨ ᠵᠠᠩᠵᠤᠨ ᠬᠦᠸᠧ ᠵᠢᠩ ᠸᠠᠩ ᠵᠧᠨ ᠳᠤ ᠮᠤᠩᠭᠤᠯ ᠤᠨ ᠴᠡᠷᠢᠭ ᠪᠦᠭᠦᠭᠰᠡᠨ ᠪᠠᠶᠢᠬᠤ ᠶᠢ | ᠮᠡᠳᠡᠭᠦᠯᠦᠭᠰᠡᠨ ᠳᠤ᠂ ᠸᠡᠩ ᠵᠧᠨ ᠪᠠᠶᠢᠳᠠᠯ ᠮᠠᠭᠤ ᠪᠤᠯᠤᠭᠰᠠᠨ ᠢ ᠮᠡᠳᠡᠭᠡᠳ ᠠᠷᠭ᠎ᠠ ᠪᠤᠰᠤ ᠶᠡᠭᠡ ᠴᠡᠷᠢᠭ ᠢᠶᠠᠨ | ᠬᠤᠶᠢᠰᠢ ᠳᠠᠳᠠᠪᠠ᠃ ᠶᠡᠭᠡ ᠴᠡᠷᠢᠭ ᠰᠢᠤᠸᠠᠨ ᠹᠦ᠋ ᠳᠤ ᠲᠦᠡᠭᠭᠡᠵᠢ ᠴᠤᠬᠤᠷᠢᠨ ᠤᠷᠤᠳᠠᠯ᠎ᠠ ᠡᠰᠡᠨ ᠤ ᠴᠡᠷᠢᠭ | ᠨᠡᠭᠡᠮᠵᠢᠯᠡᠨ ᠢᠷᠡᠭᠡᠳ ᠮᠢᠩ ᠤᠯᠤᠰ ᠤᠨ ᠴᠡᠷᠢᠭ ᠢ ᠶᠡᠭᠡᠯ᠎ᠡ ᠳᠡᠶᠢᠯᠵᠡᠢ᠃ ᠢᠡᠭᠽᠦ᠋ᠡᠭ ᠬᠠᠭᠠᠨ ᠦᠯᠡᠳᠡᠭᠰᠡᠨ | ᠴᠡᠷᠢᠭ ᠢᠶᠠᠨ ᠳᠠᠭᠠᠭᠤᠯᠤᠨ ᠲᠦᠮᠤᠪᠤᠤ ᠳᠤ ᠴᠤᠬᠤᠷᠢᠨ ᠢᠷᠡᠪᠡ᠃ ᠲᠦᠮᠤᠪᠤᠤ ᠪᠤᠯ ᠯᠠᠩ ᠱᠠᠨ ᠠᠭᠤᠯᠠᠨ ᠤ | ᠪᠠᠷᠠᠭᠤᠨ ᠪᠡᠯ ᠳᠤ ᠪᠠᠶᠢᠳᠠᠭ ᠶᠤᠮ᠃ ᠵᠢᠤᠢ ᠶᠦᠡᠭ ᠭᠤᠸᠠᠨ ᠪᠤᠭᠤᠮᠳᠠ ᠠᠴᠠ ᠰᠢᠤᠸᠠᠨ ᠹᠦ᠋᠂ ᠳ᠋ᠠ ᠲᠦᠡᠭ ᠵᠡᠷᠭᠡ | ᠭᠠᠵᠠᠷ ᠲᠤ ᠨᠡᠪᠳᠡᠷᠡᠭᠦ ᠴᠢᠬᠤᠯᠠ ᠵᠠᠮ ᠤᠨ ᠨᠢᠭᠡᠨ ᠦᠷᠳᠡᠭᠡ ᠪᠤᠯᠬᠤ ᠪᠦᠭᠡᠳ ᠡᠷᠬᠢᠨ ᠳᠤᠭᠤᠷᠢᠨ ᠠᠰᠬ᠎ᠠ ᠬᠠᠳᠠ᠂ | ᠦᠨᠳᠤᠷ ᠠᠭᠤᠯᠠᠰ ᠢᠶᠠᠷ ᠬᠦᠷᠢᠶᠡᠯᠡᠭᠰᠡᠨ᠂ ᠭᠠᠵᠠᠷ ᠤᠨ ᠪᠠᠶᠢᠴᠠ ᠪᠠᠷ ᠮᠠᠰᠢ ᠪᠡᠷᠭᠡ ᠪᠠᠷᠳᠠᠭ᠎ᠠ ᠲᠠᠢ ᠤᠯᠠᠨ ᠵᠠᠮ ᠤᠨ | ᠠᠭᠤᠯᠵᠠᠷ ᠪᠤᠯᠳᠠᠭ ᠶᠤᠮᠰᠠᠨ᠃ ᠡᠨᠡ ᠮᠡᠳᠤ ᠪᠡᠷᠭᠡ ᠪᠠᠷᠳᠠᠭ᠎ᠠ ᠲᠠᠢ ᠭᠠᠵᠠᠷ ᠲᠤ ᠴᠡᠷᠢᠭ ᠪᠠᠭᠤᠳᠠᠯᠯᠠᠬᠤ ᠶᠢ | ᠴᠡᠭᠡᠷᠯᠡᠪᠡᠯ ᠵᠤᠬᠢᠬᠤ ᠠᠳᠠᠯ᠎ᠠ ᠢᠡᠭᠽᠦ᠋ᠡᠭ ᠬᠠᠭᠠᠨ ᠬᠠᠷᠢᠨ ᠦᠴᠤᠭᠡᠨ ᠴᠤ ᠠᠩᠬᠠᠷᠤᠭᠰᠠᠨ ᠦᠭᠡᠢ ᠪᠠᠶᠢᠵᠠᠢ᠃ | ᠢᠡᠭᠽᠦ᠋ᠡᠭ ᠬᠠᠭᠠᠨ ᠤ ᠡᠨᠡᠬᠦ ᠤᠰᠤᠯ ᠪᠤᠷᠤᠭᠤ ᠶᠢ ᠡᠰᠡᠨ ᠳᠠᠶᠢᠱᠢ ᠳᠡᠷᠡ ᠳᠠᠷᠤᠢ ᠳᠤᠨᠢ ᠠᠰᠢᠭᠯᠠᠨ᠂ ᠦᠪᠡᠷ ᠤᠨ | ᠴᠡᠷᠢᠭ ᠢᠶᠠᠨ ᠦᠳᠳᠡᠷ ᠳᠦᠷᠭᠡᠨ ᠬᠤᠷᠠᠮᠳᠤᠭᠤᠯᠤᠨ ᠴᠤᠭᠯᠠᠭᠤᠯᠤᠭᠠᠳ᠂ ᠲᠦᠮᠤᠪᠤᠤ ᠶᠢ ᠪᠦᠰᠡᠯᠡᠨ ᠠᠪᠴᠤ᠂ ᠪᠠᠰᠠ | ᠲᠦᠮᠤᠪᠤᠤ ᠶᠢᠨ ᠤᠶᠢᠷᠠᠯᠴᠠᠭ᠎ᠠ ᠪᠠᠶᠢᠭᠰᠠᠨ ᠤᠰᠤᠨ ᠤ ᠰᠤᠷᠪᠤᠯᠵᠢ ᠶᠢ ᠡᠵᠡᠯᠡᠨ ᠠᠮᠵᠢᠵᠠᠢ᠃ ᠲᠡᠶᠢᠨ ᠬᠦ ᠬᠤᠶᠠᠷ | ᠡᠳᠤᠷ ᠦᠡᠭᠭᠡᠷᠡᠭᠡ ᠦᠭᠡᠢ ᠪᠠᠷ ᠮᠢᠩ ᠤᠯᠤᠰ ᠤᠨ ᠴᠡᠷᠢᠭ ᠮᠤᠷᠢ ᠤᠤᠭᠤᠬᠤ ᠤᠰᠤ ᠦᠭᠡᠢ ᠪᠤᠯᠤᠭᠰᠠᠨ ᠠᠴᠠ | ᠳᠡᠨᠳᠡ ᠪᠠᠨ ᠬᠤᠳᠳᠤᠭ ᠮᠠᠯᠳᠠᠵᠤ ᠬᠤᠶᠠᠷ ᠬᠤᠤᠰ ᠠᠯᠳᠠ ᠬᠦᠨ ᠪᠤᠯᠤᠭᠰᠠᠨ ᠴᠤ ᠤᠰᠤ ᠡᠰᠡ ᠭᠠᠷᠪᠠ᠃ | ᠡᠶᠢᠮᠤᠷᠬᠦ ᠪᠠᠶᠢᠳᠠᠯ ᠤᠨ ᠳᠤᠤᠷ᠎ᠠ᠂ ᠮᠢᠩ ᠤᠯᠤᠰ ᠤᠨ ᠵᠠᠩᠵᠤᠨ ᠴᠡᠷᠢᠭ ᠳᠡᠭᠡᠷ᠎ᠡ ᠳᠤᠤᠷ᠎ᠠ ᠢᠯᠭᠠᠯ ᠦᠭᠡᠢ ᠶᠡᠭᠡᠳᠡ | ᠰᠠᠮᠠᠭᠤᠷᠠᠭᠰᠠᠨ ᠳᠤ᠂ ᠡᠰᠡᠨ ᠳᠠᠶᠢᠱᠢ ᠲᠦᠮᠤᠪᠤᠤ ᠶᠢᠨ ᠤᠷᠴᠢᠨ ᠳᠠᠬᠢ ᠮᠠ ᠬᠦ᠋ ᠺᠧᠤ ᠭᠡᠳᠡᠭ ᠭᠠᠵᠠᠷ ᠠᠴᠠ | ᠰᠢᠯᠢᠳᠡᠭ ᠴᠡᠷᠢᠭ ᠳᠤᠮᠢᠯᠠᠨ ᠭᠠᠷᠭᠠᠵᠤ᠂ ᠮᠢᠩ ᠤᠯᠤᠰ ᠤᠨ ᠴᠡᠷᠢᠭ ᠲᠠᠢ ᠪᠠᠶᠢᠯᠳᠤᠭᠤᠯᠤᠭᠰᠠᠨ ᠳᠤ᠂ ᠮᠤᠩᠭᠤᠯ ᠤᠨ | ᠴᠡᠷᠢᠭ ᠶᠡᠭᠡᠳᠡ ᠳᠠᠶᠢᠯᠵᠠᠢ᠃ ᠢᠡᠭᠽᠦ᠋ᠡᠭ ᠬᠠᠭᠠᠨ ᠭᠠᠷᠬᠤ ᠵᠠᠮ ᠦᠭᠡᠢ ᠰᠠᠨᠳᠤᠷᠤᠨ ᠪᠠᠴᠢᠮᠳᠠᠵᠤ ᠪᠠᠶᠢᠳᠠᠯ᠎ᠠ᠂ ᠡᠰᠡᠨ | ᠡᠯᠴᠢ ᠳᠤᠮᠢᠯᠠᠨ ᠢᠷᠡᠭᠦᠯᠵᠦ᠂ ᠤᠷᠤᠵᠤ ᠦᠭᠭᠦᠭᠳᠤᠨ ᠭᠡᠵᠦ ᠲᠤᠯᠭᠠᠨ ᠱᠠᠭᠠᠷᠳᠠᠪᠠ᠃ ᠴᠢᠪ ᠭᠡᠮᠡᠨ ᠡᠨᠡ ᠦᠶ᠎ᠡ ᠳᠤ | ᠂ ᠸᠠᠩ ᠵᠧᠨ ᠶᠡᠭᠡ ᠴᠡᠷᠢᠭ ᠲᠡᠭᠡᠨ ᠡᠮᠤᠨᠡᠰᠢ ᠵᠤᠯᠤᠨ ᠪᠤᠷᠤᠭᠤᠯᠠᠬᠤ ᠵᠠᠷᠯᠢᠭ ᠪᠠᠭᠤᠯᠭᠠᠭᠰᠠᠨ ᠲᠤᠯᠠ ᠮᠢᠩ | ᠤᠯᠤᠰ ᠤᠨ ᠴᠡᠷᠢᠭ ᠤᠳ ᠦᠪᠡᠷ ᠦᠪᠡᠷ ᠢᠶᠠᠨ ᠠᠮᠢ ᠪᠠᠨ ᠬᠠᠮᠠᠭᠠᠯᠠᠬᠤ ᠶᠢᠨ ᠲᠦᠯᠦᠭᠡ ᠵᠤᠯᠤᠨ ᠳᠤᠳᠠᠭᠠᠵᠠᠭᠠᠵᠤ | ᠶᠡᠭᠡᠳᠡ ᠰᠠᠮᠠᠭᠤᠷᠠᠨ ᠡᠬᠢᠯᠡᠭᠰᠡᠨ ᠪᠠᠶᠢᠨ᠎ᠠ᠃ ᠡᠰᠡᠨ ᠳᠠᠶᠢᠱᠢ ᠮᠢᠩ ᠤᠯᠤᠰ ᠤᠨ ᠴᠡᠷᠢᠭ ᠤᠨ ᠡᠮᠤᠨᠡᠰᠢ ᠵᠤᠯᠬᠤ | ᠭᠡᠰᠡᠨ ᠤᠪ ᠮᠡᠭᠡ ᠶᠢ ᠮᠡᠳᠡᠭᠡᠳ᠂ ᠳᠦᠷᠪᠡᠨ ᠵᠦᠭ ᠨᠠᠢᠮᠠᠨ ᠵᠤᠪᠬᠢᠰ ᠠᠴᠠ ᠨᠢ ᠪᠦᠰᠡᠯᠡᠨ ᠪᠠᠶᠢᠯᠳᠤᠭᠰᠠᠨ ᠳᠤ᠂ ᠮᠢᠩ | ᠤᠯᠤᠰ ᠤᠨ ᠪᠦᠬᠦ ᠴᠡᠷᠢᠭ ᠪᠤᠳᠠ ᠨᠢᠷᠭᠡᠭᠳᠡᠵᠡᠢ᠃ ᠡᠨᠡ ᠦᠶ᠎ᠡ ᠳᠤ᠂ ᠢᠡᠭᠽᠦ᠋ᠡᠭ ᠬᠠᠭᠠᠨ ᠰᠢᠳᠠᠷ | ᠲᠦᠰᠢᠮᠡᠳ ᠤᠨ ᠢᠶᠠᠨ ᠬᠠᠮᠠᠭᠠᠯᠠᠯᠳᠠ ᠳᠤᠤᠷ᠎ᠠ ᠡᠮᠤᠨᠡᠰᠢ ᠵᠤᠯᠤᠨ ᠭᠠᠷᠤᠶ᠎ᠠ ᠭᠡᠮᠡᠨ ᠪᠤᠳᠤᠭᠰᠠᠨ ᠪᠤᠯᠪᠠᠴᠤ ᠡᠰᠡ | ᠴᠢᠳᠠᠭᠰᠠᠨ ᠤ ᠤᠯᠠᠮ ᠠᠴᠠ ᠨᠢᠭᠡᠮᠤᠰᠤᠨ ᠮᠤᠷᠢᠨ ᠠᠴᠠ ᠪᠠᠨ ᠪᠠᠭᠤᠨ ᠡᠮᠤᠨᠡᠰᠢ ᠬᠠᠨᠳᠤᠭᠠᠳ ᠵᠠᠪᠢᠯᠠᠨ ᠰᠠᠭᠤᠵᠤ | ᠡᠰᠡᠨ ᠳᠠᠶᠢᠱᠢ ᠶᠢᠨ ᠴᠡᠷᠢᠭ ᠲᠤ ᠠᠮᠢᠳᠤ ᠪᠠᠷ ᠪᠠᠷᠢᠪᠴᠢᠯᠠᠭᠳᠠᠪᠠ᠃ ᠢᠡᠭᠽᠦ᠋ᠡᠭ ᠬᠠᠭᠠᠨ ᠪᠠᠷᠢᠭᠳᠠᠭᠰᠠᠨ ᠳᠠᠷᠤᠢ | ᠡᠰᠡᠨ ᠳᠠᠶᠢᠱᠢ ᠶᠢᠨ ᠮᠠᠶᠢᠬᠠᠨ ᠳᠤ ᠬᠦᠷᠭᠡᠭᠳᠡᠨ ᠢᠷᠡᠯ᠎ᠡ᠃ ᠡᠰᠡᠨ ᠳᠠᠶᠢᠱᠢ ᠢᠡᠭᠽᠦ᠋ᠡᠭ ᠬᠠᠭᠠᠨ ᠢ ᠳᠠᠨᠢᠬᠤ ᠦᠭᠡᠢ | ᠲᠤᠯᠠ ᠤᠷᠢᠳᠠᠪᠠᠷ ᠳᠡᠭᠦᠨ ᠢ ᠦᠵᠡᠵᠦ ᠦᠡᠭᠭᠡᠷᠡᠭᠰᠡᠨ ᠬᠤᠶᠠᠷ ᠬᠦᠮᠤᠨ ᠢ ᠳᠠᠭᠤᠳᠠᠨ ᠠᠪᠴᠢᠷᠠᠵᠤ ᠮᠦᠨ ᠡᠰᠡᠬᠦ ᠶᠢ | ᠳᠤᠳᠤᠯᠠᠭᠤᠯᠪᠠ᠃ ᠦᠨᠡᠭᠡᠷ ᠢᠡᠭᠽᠦ᠋ᠡᠭ ᠬᠠᠭᠠᠨ ᠮᠦᠨ ᠪᠤᠯᠬᠤ ᠶᠢ ᠮᠡᠳᠡᠮᠡᠭᠴᠡ ᠡᠰᠡᠨ ᠳᠠᠶᠢᠱᠢ ᠶᠡᠬᠡᠳᠡ ᠪᠠᠶᠠᠷᠯᠠᠨ | ᠤᠯᠠᠨ ᠰᠠᠶᠢᠳ ᠲᠦᠰᠢᠮᠡᠳ ᠢᠶᠠᠨ ᠴᠤᠭᠯᠠᠭᠤᠯᠵᠤ᠄ ︽ᠪᠢ ᠳᠡᠭᠷᠢ ᠶᠢᠨ ᠳᠤᠤᠷᠠᠬᠢ ᠶᠢ ᠨᠢᠭᠡᠳᠭᠡᠨ ᠶᠡᠭᠡ ᠮᠤᠩᠭᠤᠯ | ᠤᠯᠤᠰ ᠢ ᠳᠠᠬᠢᠨ ᠮᠠᠨᠳᠤᠭᠤᠯᠤᠶ᠎ᠠ ᠭᠡᠮᠡᠨ ᠦᠷᠭᠦᠯᠵᠢ ᠳᠡᠭᠷᠢ ᠳᠤ ᠵᠠᠯᠪᠠᠷᠢᠳᠠᠭ ᠪᠢᠯᠡ᠃ ᠡᠨᠡ ᠡᠳᠤᠷ ᠤᠨ ᠮᠡᠳᠤ | ᠳᠡᠶᠢᠯᠬᠦ ᠶᠢ ᠦᠵᠡᠪᠡᠰᠤ ᠮᠠᠭᠠᠳ ᠪᠡᠶᠡᠯᠡᠭᠳᠡᠬᠦ ᠠᠵᠢ︾ ᠭᠡᠳ ᠢᠡᠭᠽᠦ᠋ᠡᠭ ᠬᠠᠭᠠᠨ ᠢ ᠶᠠᠭᠠᠬᠢᠵᠤ ᠰᠢᠢᠳᠪᠤᠷᠢᠯᠡᠬᠦ | ᠲᠤᠬᠠᠢ ᠤᠯᠠᠨ ᠠᠴᠠ ᠠᠰᠠᠭᠤᠨ ᠵᠦᠪᠯᠡᠪᠡ᠃ ᠲᠡᠷᠡ ᠲᠤᠬᠠᠢ ᠤᠯᠠᠩᠬᠢ ᠬᠦᠮᠦᠰ ᠠᠯᠠᠬᠤ ᠶᠢ ᠵᠤᠷᠢᠵᠤ ᠪᠠᠶᠢᠪᠠ᠃ | ᠭᠠᠭᠴᠠᠬᠦ ᠡᠰᠡᠨ ᠳᠠᠶᠢᠱᠢ ᠶᠢᠨ ᠳᠡᠭᠦᠦ ᠪᠠᠶᠠᠨᠳᠡᠮᠤᠷ ᠡᠰᠡ ᠵᠦᠪᠰᠢᠶᠡᠷᠡᠨ᠄ ︽ᠮᠢᠩ ᠤᠯᠤᠰ ᠤᠨ ᠬᠠᠭᠠᠨ ᠦᠨᠤᠳᠤᠷ | ᠳᠡᠭᠷᠢ ᠠᠴᠠ ᠪᠠᠭᠤᠵᠤ ᠢᠷᠡᠭᠰᠡᠨ ᠮᠡᠳᠤ ᠪᠠᠷ ᠪᠢᠳᠡᠨ ᠤ ᠭᠠᠷ ᠲᠤ ᠤᠷᠤᠪᠠ᠃ ᠴᠡᠷᠢᠭ ᠳᠠᠶᠢᠨ ᠤ ᠳᠤᠮᠳᠠ ᠵᠢᠳᠠ | ᠰᠡᠯᠡᠮ᠎ᠡ ᠳᠤ ᠡ᠊ᠨᠳᠡᠭᠰᠡᠨ ᠦᠭᠡᠢ ᠪᠠᠶᠢᠳᠠᠯ᠎ᠠ ᠪᠢᠳᠡ ᠳᠡᠭᠦᠨ ᠢ ᠬᠤᠤᠷᠯᠠᠵᠤ ᠶᠠᠭᠠᠬᠢᠵᠤ ᠪᠤᠯᠬᠤ ᠪᠤᠢ︖ ᠬᠠᠷᠢᠨ ᠮᠢᠩ | ᠤᠯᠤᠰ ᠤᠨ ᠵᠠᠰᠠᠭ ᠤᠨ ᠭᠠᠵᠠᠷ ᠲᠤ ᠡᠯᠴᠢ ᠳᠤᠮᠢᠯᠠᠨ ︿ᠢᠡᠭᠽᠦ᠋ᠡᠭ ᠬᠠᠭᠠᠨ ᠢᠶᠠᠨ ᠠᠪᠠᠴᠢᠭᠠᠷᠠᠢ ᠁﹀ ᠭᠡᠵᠦ | ᠮᠡᠳᠡᠭᠦᠯᠪᠡᠯ ᠵᠤᠬᠢᠨ᠎ᠠ᠃ ᠳᠡᠳᠡᠨ ᠵᠦᠪᠰᠢᠶᠡᠷᠡᠬᠦ ᠳᠤ ᠬᠦᠷᠪᠡᠯ᠂ ᠪᠢᠳᠡ ᠢᠡᠭᠽᠦ᠋ᠡᠭ ᠬᠠᠭᠠᠨ ᠢ ᠪᠡᠭᠡᠵᠢᠩ ᠳᠤ | ᠬᠦᠷᠭᠡᠭᠡᠳ ᠬᠤᠶᠠᠷ ᠡᠳᠡᠭᠡᠳ ᠢᠶᠠᠷ ᠢᠶᠠᠨ ᠡᠪᠰᠡᠵᠦ᠂ ᠳᠠᠯᠡᠭᠡᠢ ᠳ᠋ᠠᠬᠢᠨ ᠢ ᠠᠮᠤᠷ ᠲᠦᠪᠰᠢᠨ ᠪᠤᠯᠭᠠᠵᠤ ᠪᠤᠯᠤᠨ᠎ᠠ︾ | ᠭᠡᠪᠡ᠃ ᠡᠨᠡᠬᠦ ᠰᠠᠨᠠᠯ ᠢ ᠡᠰᠡᠨ ᠳᠠᠶᠢᠱᠢ ᠵᠦᠪᠰᠢᠶᠡᠷᠡᠵᠦ᠂ ᠲᠡᠷᠡ ᠳᠠᠷᠤᠢ ᠢᠡᠭᠽᠦ᠋ᠡᠭ ᠬᠠᠭᠠᠨ ᠢ ᠪᠠᠶᠠᠨᠳᠡᠮᠤᠷ ᠲᠤ | ᠳᠤᠰᠢᠶᠠᠨ ᠦᠭᠴᠤ ᠰᠠᠶᠢᠳᠤᠷ ᠠᠰᠠᠷᠠᠨ ᠬᠠᠷᠠᠭᠠᠯᠵᠠᠳᠤᠭᠠᠢ ᠭᠡᠵᠡᠢ᠃ ᠪᠠᠶᠠᠨᠳᠡᠮᠤᠷ ᠦᠪᠡᠷ ᠤᠨ ᠴᠡᠷᠢᠭ ᠤᠨ | ᠬᠤᠷᠢᠶ᠎ᠠ ᠳᠠᠭᠠᠨ ᠰᠢᠨ᠎ᠡ ᠢᠰᠡᠭᠡᠢ ᠭᠡᠷ ᠢ ᠪᠠᠷᠢᠵᠤ᠂ ᠢᠡᠭᠽᠦ᠋ᠡᠭ ᠬᠠᠭᠠᠨ ᠪᠤᠯᠤᠨ ᠳᠡᠭᠦᠨ ᠤ ᠳᠠᠭᠠᠭᠰᠠᠳ ᠢ | ᠰᠠᠭᠤᠯᠭᠠᠭᠰᠠᠨ ᠪᠦᠭᠡᠳ ᠳᠡᠳᠡᠨᠠᠷ ᠲᠤ ᠪᠠᠰᠠ ᠡᠳᠤᠷ ᠳᠤᠳᠤᠮ ᠤᠨ ᠬᠡᠷᠡᠭᠯᠡᠬᠦ ᠦᠭᠡᠷ ᠳᠡᠷᠭᠡ᠂ ᠮᠤᠷᠢ ᠤᠨᠤᠭ᠎ᠠ᠂ | ᠮᠢᠬ᠎ᠠ ᠳᠤᠰᠤ᠂ ᠴᠠᠭᠠᠨ ᠢᠳᠡᠭᠡ ᠵᠡᠷᠭᠡ ᠶᠢ ᠬᠦᠷᠭᠡᠵᠦ ᠦᠭᠭᠦᠭᠰᠡᠨ ᠪᠠᠶᠢᠨ᠎ᠠ᠃ ᠳᠡᠭᠦᠨᠴᠢᠯᠡᠨ ᠡᠰᠡᠨ ᠳᠠᠶᠢᠱᠢ | ᠪᠠᠷᠢᠴᠠ ᠶᠢᠨ ᠬᠦᠮᠤᠨ ᠢᠶᠠᠷ ᠦᠯᠡᠳᠡᠭᠡᠵᠦ ᠠᠪᠤᠭᠠᠳ ᠬᠤᠷᠢᠶᠠᠵᠤ ᠪᠠᠶᠢᠭᠰᠠᠨ ᠮᠢᠩ ᠤᠯᠤᠰ ᠤᠨ ᠡᠯᠴᠢ ᠬᠠᠠ ᠮᠢᠩ᠂ | ᠵᠢᠢ ᠰᠢᠨ ᠨᠠᠷ ᠢ ᠴᠤ ᠰᠤᠯᠠᠯᠠᠨ᠂ ᠢᠡᠭᠽᠦ᠋ᠡᠭ ᠬᠠᠭᠠᠨ ᠳᠤ ᠳᠤᠰᠢᠶᠠᠨ ᠦᠭᠭᠦᠭᠡᠳ ᠪᠡᠶ᠎ᠡ ᠶᠢ ᠨᠢ ᠰᠤᠪᠢᠯᠠᠭᠤᠯᠪᠠ᠃ | ᠪᠠᠶᠠᠨᠳᠡᠮᠤᠷ ᠪᠤᠯᠤᠨ ᠢᠡᠭᠽᠦ᠋ᠡᠭ ᠬᠠᠭᠠᠨ ᠤ ᠦᠷᠤᠭᠡ ᠨᠢ ᠡᠰᠡᠨ ᠳᠠᠶᠢᠱᠢ ᠶᠢᠨ ᠪᠠᠶᠢᠭᠰᠠᠨ ᠭᠠᠵᠠᠷ ᠠᠴᠠ ᠠᠷᠪᠠᠭᠠᠳ | ᠭᠠᠵᠠᠷ ᠯᠠ ᠵᠠᠶᠢᠳᠠᠢ ᠪᠠᠶᠢᠵᠠᠢ᠃ | 1449 ᠤᠨ ᠳᠤ᠂ ᠢᠡᠭᠽᠦ᠋ᠡᠭ ᠬᠠᠭᠠᠨ ᠤ ᠳᠡᠭᠦᠦ ᠴᠧᠡᠭ ᠸᠠᠩ ᠵᠤ᠋ ᠴᠢ ᠢᠤᠢ ᠶᠡᠭᠡ ᠰᠠᠭᠤᠷᠢᠨ ᠢ | ᠵᠠᠯᠭᠠᠮᠵᠢᠯᠠᠵᠤ᠂ ᠦᠪᠡᠷ ᠤᠨ ᠪᠡᠶ᠎ᠠ ᠪᠠᠨ ᠵᠢᠩᠳᠠᠢ ᠬᠠᠭᠠᠨ ᠭᠡᠮᠡᠨ ᠡᠷᠭᠦᠮᠵᠢᠯᠡᠭᠰᠡᠨ ᠪᠦᠭᠡᠳ ᠤᠨ ᠤ ᠴᠤᠯᠠ ᠪᠠᠨ | ᠵᠢᠩ ᠲᠠᠢ ᠶᠢᠨ ᠳᠡᠷᠢᠭᠦᠨ ᠤᠨ ︵1450 ᠤᠨ︶ ᠭᠡᠵᠦ ᠦᠭᠡᠷᠡᠴᠢᠯᠡᠪᠡ᠃ ᠡᠨᠡᠬᠦ ᠴᠢᠮᠡᠭᠡ ᠶᠢ ᠢᠡᠭᠽᠦ᠋ᠡᠭ ᠬᠠᠭᠠᠨ | ᠤᠯᠵᠤ ᠰᠤᠨᠤᠰᠤᠭᠠᠳ᠂ ᠤᠯᠤᠰ ᠲᠠᠭᠠᠨ ᠪᠤᠴᠠᠵᠤ ᠳᠠᠬᠢᠨ ᠶᠡᠭᠡ ᠤᠷᠤ ᠪᠠᠨ ᠡᠵᠡᠯᠡᠶ᠎ᠡ ᠭᠡᠵᠦ ᠪᠠᠴᠢᠮᠳᠠᠨ᠂ ᠡᠰᠡᠨ | ᠳᠠᠶᠢᠱᠢ ᠯᠤᠭ᠎ᠠ ᠵᠦᠪᠳᠡᠵᠦ᠂ ᠲᠠᠶᠢᠭᠠᠨ ᠰᠢ ᠨᠢᠩ ᠢ ᠮᠤᠩᠭᠤᠯ ᠤᠨ ᠡᠯᠴᠢ ᠲᠠᠢ ᠬᠠᠮᠳᠤ ᠪᠠᠷ ᠪᠡᠭᠡᠵᠢᠩ ᠳᠤ ᠳᠤᠮᠢᠯᠠᠨ | ᠵᠠᠷᠯᠢᠭ ᠢᠶᠠᠨ ᠤᠯᠠᠮᠵᠢᠯᠠᠭᠤᠯᠵᠤ᠂ ᠪᠤᠴᠠᠵᠤ ᠬᠠᠷᠢᠬᠤ ᠤᠴᠢᠷ ᠢᠶᠠᠨ ᠬᠠᠷᠢᠯᠴᠠᠭᠤᠯᠤᠶᠠ ᠭᠡᠵᠦ ᠳᠤᠭᠳᠠᠵᠠᠢ᠃ ᠰᠢ | ᠨᠢᠩ ᠪᠤᠯ ᠮᠢᠩ ᠤᠯᠤᠰ ᠤᠨ ᠬᠠᠭᠠᠨ ᠤ ᠤᠷᠳᠤᠨ ᠳᠤ ᠲᠠᠶᠢᠭᠠᠨ ᠪᠠᠶᠢᠭᠰᠠᠨ ᠪᠦᠭᠡᠳ ᠲᠦᠮᠤᠪᠤᠤ ᠶᠢᠨ | ᠪᠠᠶᠢᠯᠳᠤᠭᠠᠨ ᠤ ᠳᠤᠮᠳᠠ ᠡᠰᠡᠨ ᠳᠠᠶᠢᠱᠢ ᠳᠤ ᠤᠷᠤᠵᠤ ᠦᠭᠭᠦᠭᠰᠡᠨ ᠮᠤᠩᠭᠤᠯ ᠬᠦᠮᠤᠨ ᠪᠤᠯᠬᠤ ᠶᠤᠮ᠃ ᠲᠡᠷᠡ | ᠤᠭ ᠠᠴᠠ ᠮᠢᠩ ᠤᠯᠤᠰ ᠤᠨ ᠤᠷᠳᠤᠨ ᠤ ᠳᠤᠳᠤᠷᠠᠬᠢ ᠪᠠᠶᠢᠳᠠᠯ ᠢ ᠳᠤᠳᠤᠷᠬᠠᠢ ᠮᠡᠳᠡᠳᠡᠭ ᠪᠤᠯᠬᠤᠷ ᠡᠰᠡᠨ ᠳᠠᠶᠢᠱᠢ | ᠪᠤᠯᠤᠨ ᠢᠡᠭᠽᠦ᠋ᠡᠭ ᠬᠠᠭᠠᠨ ᠳᠡᠭᠦᠨ ᠢ ᠰᠤᠩᠭᠤᠵᠤ ᠮᠤᠩᠭᠤᠯ ᠤᠨ ᠡᠯᠴᠢ ᠲᠠᠢ ᠬᠠᠮᠳᠤ ᠪᠠᠷ ᠪᠡᠭᠡᠵᠢᠩ ᠳᠤ | ᠶᠠᠪᠤᠭᠤᠯᠬᠤ ᠪᠠᠷ ᠪᠤᠯᠤᠭᠰᠠᠨ ᠪᠠᠶᠢᠪᠠ᠃ ᠰᠢ ᠨᠢᠩ ᠢ ᠮᠤᠷᠳᠠᠬᠤ ᠦᠶ᠎ᠡ ᠳᠤ᠂ ᠢᠡᠭᠽᠦ᠋ᠡᠭ ᠬᠠᠭᠠᠨ ᠪᠠᠰᠠ | ᠦᠪᠡᠷ ᠤᠨ ᠭᠠᠷ ᠢᠶᠠᠷ ᠨᠢᠭᠡᠨ ᠬᠠᠭᠤᠳᠠᠰᠤ ᠵᠠᠬᠢᠳᠠᠯ ᠪᠢᠴᠢᠵᠤ᠂ ᠡᠰᠡᠨ ᠳᠠᠶᠢᠱᠢ ᠦᠨᠡᠭᠡᠷ ᠳᠡᠭᠦᠨ ᠢ ᠪᠡᠭᠡᠵᠢᠩ ᠳᠤ | ᠬᠦᠷᠭᠡᠬᠦ ᠦᠨᠡᠨᠴᠢ ᠰᠠᠨᠠᠭ᠎ᠠ ᠲᠠᠢ ᠪᠠᠶᠢᠨ᠎ᠠ ᠭᠡᠳᠡᠭ ᠢ ᠮᠡᠳᠡᠭᠦᠯᠵᠡᠢ᠃ ᠡᠯᠴᠢ ᠨᠠᠷ ᠢ ᠮᠤᠷᠳᠠᠨ ᠭᠠᠷᠤᠮᠠᠭᠴᠠ᠂ ᠡᠰᠡᠨ | ᠳᠠᠶᠢᠱᠢ ᠪᠤᠯᠤᠨ ᠳᠠᠶᠢᠰᠦ᠋ᠡᠭ ᠬᠠᠭᠠᠨ ᠮᠤᠩᠭᠤᠯ ᠤᠨ ᠤᠯᠠᠨ ᠠᠶᠢᠮᠠᠭ ᠤᠨ ᠨᠤᠶᠠᠳ ᠲᠦᠰᠢᠮᠡᠳ ᠢᠶᠠᠨ ᠴᠤᠭᠯᠠᠭᠤᠯᠤᠨ | ᠦᠪᠡᠳᠡᠭᠰᠢ ᠶᠡᠭᠡ ᠴᠤᠭᠯᠠᠭᠠᠨ ᠬᠢᠵᠤ᠂ ᠮᠤᠩᠭᠤᠯᠴᠤᠳ ᠤᠨ ᠬᠠᠮᠤᠭ ᠶᠡᠭᠡ ᠶᠤᠰᠤᠯᠠᠯ ᠢᠶᠠᠷ ᠮᠤᠷᠢ ᠠᠯᠠᠵᠤ | ᠳᠠᠶᠢᠯᠠᠯᠭ᠎ᠠ ᠳᠠᠯᠪᠢᠭᠠᠳ᠂ ᠢᠡᠭᠽᠦ᠋ᠡᠭ ᠬᠠᠭᠠᠨ ᠢ ᠶᠡᠭᠡ ᠴᠡᠷᠢᠭ ᠢᠶᠠᠷ ᠬᠠᠮᠠᠭᠠᠯᠠᠭᠤᠯᠵᠤ ᠪᠡᠭᠡᠵᠢᠩ ᠳᠤ ᠬᠦᠷᠭᠡᠭᠡᠳ᠂ | ᠬᠠᠭᠠᠨ ᠰᠠᠭᠤᠷᠢᠨ ᠳᠤᠨᠢ ᠳᠠᠬᠢᠨ ᠰᠠᠭᠤᠯᠭᠠᠨ᠎ᠠ ᠭᠡᠵᠦ ᠰᠦᠷ ᠵᠢᠪᠬᠤᠯᠠᠩ ᠲᠠᠢ ᠪᠠᠷ ᠨᠡᠶᠢᠳᠡᠯᠡᠭᠰᠡᠨ ᠪᠠᠶᠢᠨ᠎ᠠ᠃ | ᠢᠡᠭᠽᠦ᠋ᠡᠭ ᠬᠠᠭᠠᠨ ᠢ ᠬᠦᠷᠭᠡᠬᠦ ᠰᠦᠷ ᠵᠢᠪᠬᠤᠭ᠎ᠠ ᠲᠠᠢ ᠴᠡᠷᠢᠭ ᠠᠩᠬᠢ ᠬᠦᠳᠡᠯᠤᠨ ᠭᠠᠷᠤᠭᠠᠳ ᠳ᠋ᠠ ᠲᠦᠡᠭ | ᠬᠤᠳᠠ ᠳᠤ ᠬᠦᠷᠦᠭᠰᠡᠨ ᠳᠤ᠂ ᠲᠤᠰ ᠬᠤᠳᠠ ᠶᠢ ᠰᠠᠬᠢᠭᠰᠠᠨ ᠵᠠᠩᠵᠤᠨ ᠬᠦᠸᠧ ᠵᠢᠩ ᠬᠠᠭᠠᠯᠭ᠎ᠠ ︵ᠡᠭᠦᠳᠡ︶ ᠪᠠᠨ | ᠳᠠᠷᠤᠵᠤ᠂ ᠡᠵᠡᠨ ᠢᠶᠠᠨ ᠤᠷᠤᠭᠤᠯᠤᠨ ᠠᠪᠤᠭᠰᠠᠨ ᠦᠭᠡᠢ ᠪᠤᠯᠬᠤᠷ ᠡᠰᠡᠨ ᠳᠠᠶᠢᠱᠢ ᠦᠷᠭᠦᠯᠵᠢᠯᠡᠨ ᠤᠷᠤᠭᠰᠢ | ᠳᠠᠪᠰᠢᠭᠠᠳ᠂ ᠶᠠᠩ ᠾᠧ ᠬᠤᠳᠠ ᠶᠢ ᠳᠠᠮᠵᠢᠨ᠂ ᠭᠤᠸᠠᠩ ᠴᠧᠡᠭ ︵ᠤᠳᠤᠬᠢ ᠾᠧᠪᠧᠢ ᠮᠤᠵᠢ ᠶᠢᠨ ᠯᠠᠢ ᠶᠤᠸᠠᠨ | ᠰᠢᠶᠠᠨ ᠳᠤ ᠪᠤᠢ︶ ᠳᠤ ᠬᠦᠷᠦᠭᠰᠡᠨ ᠪᠠᠶᠢᠨ᠎ᠠ᠃ ᠳᠡᠨᠳᠡᠴᠡ ᠡᠰᠡᠨ ᠳᠠᠶᠢᠱᠢ ᠶᠡᠭᠡ ᠴᠡᠷᠢᠭ ᠢᠶᠠᠨ ᠬᠤᠶᠠᠷ ᠵᠠᠮ ᠳᠤ | ᠬᠤᠪᠢᠶᠠᠵᠤ᠂ ᠨᠢᠭᠡᠨ ᠵᠠᠮ ᠤᠨ ᠭᠤᠷᠪᠠᠨ ᠲᠦᠮᠡᠨ ᠴᠡᠷᠢᠭ ᠢ ᠦᠪᠡᠷ ᠢᠶᠠᠨ ᠪᠠᠶᠠᠨᠳᠡᠮᠤᠷ ᠨᠤᠶᠠᠨ ᠯᠤᠭ᠎ᠠ ᠵᠠᠬᠢᠷᠴᠤ ᠽᠢ | ᠵᠢᠩ ᠭᠤᠸᠠᠨ ᠪᠤᠭᠤᠮᠳᠠ ᠪᠠᠷ ᠳᠠᠮᠵᠢᠨ᠂ ᠢᠡᠭᠽᠦ᠋ᠡᠭ ᠬᠠᠭᠠᠨ ᠢ ᠬᠠᠮᠠᠭᠠᠯᠠᠨ ᠬᠦᠷᠭᠡᠵᠦ ᠪᠡᠭᠡᠵᠢᠩ ᠳᠤ ᠤᠷᠤᠬᠤ ᠪᠠᠷ | ᠪᠤᠯᠪᠠ︔ ᠨᠦᠭᠦᠭᠡ ᠨᠢᠭᠡᠨ ᠵᠠᠮ ᠤᠨ ᠭᠤᠷᠪᠠᠨ ᠲᠦᠮᠡᠨ ᠴᠡᠷᠢᠭ ᠢ ᠳᠠᠶᠢᠰᠦ᠋ᠡᠭ ᠬᠠᠭᠠᠨ ᠤᠳᠤᠷᠢᠳᠴᠤ ᠴᠠᠪᠴᠢᠶᠠᠯ | ᠪᠤᠭᠤᠮᠳᠠ ᠶᠢᠨ ᠭᠠᠳᠠᠨ᠎ᠠ ᠰᠡᠷᠭᠡᠶᠢᠯᠡᠨ ᠰᠠᠭᠤᠬᠤ ᠪᠠᠷ ᠪᠤᠯᠪᠠ᠃ ᠢᠡᠭᠽᠦ᠋ᠡᠭ ᠬᠠᠭᠠᠨ ᠢ ᠬᠠᠮᠠᠭᠠᠯᠠᠨ ᠬᠦᠷᠭᠡᠵᠦ | ᠶᠠᠪᠤᠭ᠎ᠠ ᠡᠰᠡᠨ ᠳᠠᠶᠢᠱᠢ ᠨᠠᠷ ᠤᠨ ᠴᠡᠷᠢᠭ ᠪᠡᠷᠭᠡ ᠪᠠᠷᠳᠠᠭᠠᠳᠤ ᠠᠭᠤᠯᠠᠨ ᠵᠠᠪᠠ ᠪᠠᠷ ᠦᠡᠭᠭᠡᠷᠡᠵᠦ ᠽᠢ ᠵᠢᠩ ᠭᠤᠸᠠᠨ | ᠪᠤᠭᠤᠮᠳᠠ ᠳᠤ ᠬᠦᠷᠬᠦ ᠦᠶᠡᠰ᠂ ᠨᠢᠭᠡᠨᠳᠡ ᠰᠦᠨᠢ ᠳᠤᠮᠳᠠ ᠪᠤᠯᠤᠭᠰᠠᠨ ᠪᠤᠯᠬᠤᠷ ᠠᠭᠤᠯᠠᠨ ᠬᠠᠪᠴᠢᠯ ᠳᠤ | ᠬᠤᠨᠤᠭᠰᠠᠨ ᠪᠠᠶᠢᠵᠠᠢ᠃ ᠮᠠᠷᠭᠠᠰᠢ ᠦᠷᠯᠦᠭᠡ ᠨᠢ ᠡᠰᠡᠨ ᠳᠠᠶᠢᠱᠢ ᠬᠦᠮᠤᠨ ᠶᠠᠪᠤᠭᠤᠯᠵᠤ ᠪᠤᠭᠤᠮᠳᠠ ᠶᠢᠨ ᠳᠤᠤᠷ᠎ᠠ | ᠤᠴᠢᠭᠤᠯᠤᠭᠠᠳ ᠭᠡᠯᠡᠯᠴᠡᠭᠦᠯᠦᠭᠰᠡᠨ ᠳᠤ᠂ ᠪᠤᠭᠤᠮᠳᠠ ᠰᠠᠬᠢᠭᠰᠠᠨ ᠲᠦᠰᠢᠮᠡᠯ ᠰᠦᠨ ᠰᠢᠶᠠᠩ ᠬᠦᠯᠢᠶᠡᠨ ᠠᠪᠤᠭᠰᠠᠨ | ᠦᠭᠡᠢ ᠲᠤᠯᠠ ᠡᠰᠡᠨ ᠳᠠᠶᠢᠱᠢ ᠪᠦᠬᠦ ᠴᠡᠷᠢᠭ ᠲᠡᠭᠡᠨ ᠵᠠᠷᠯᠢᠭ ᠪᠠᠭᠤᠯᠭᠠᠵᠤ ᠬᠦᠴᠤᠯᠡᠨ ᠪᠠᠶᠢᠯᠳᠤᠭᠤᠯᠪᠠ᠃ ᠬᠤᠶᠠᠷ | ᠡᠳᠡᠭᠡᠳ ᠢᠶᠠᠷ ᠢᠶᠠᠨ ᠰᠢᠷᠤᠭᠦᠨ ᠳᠤᠯᠤᠯᠳᠤᠵᠤ᠂ ᠮᠢᠩ ᠤᠯᠤᠰ ᠤᠨ ᠴᠡᠷᠢᠭ ᠡᠰᠡᠷᠭᠦᠴᠡᠯᠳᠤᠵᠤ ᠴᠢᠳᠠᠬᠤ ᠦᠭᠡᠢ | ᠪᠤᠯᠤᠭᠰᠠᠨ ᠲᠤᠯᠠ ᠰᠦᠨ ᠰᠢᠶᠠᠩ ᠪᠤᠭᠤᠮᠳᠠ ᠪᠠᠨ ᠬᠠᠶᠠᠵᠤ ᠵᠤᠯᠤᠭᠰᠠᠨ ᠪᠦᠭᠡᠳ ᠡᠰᠡᠨ ᠳᠠᠶᠢᠱᠢ ᠶᠡᠭᠡ | ᠴᠡᠷᠢᠭ ᠢᠶᠠᠨ ᠳᠠᠶᠢᠴᠢᠯᠠᠵᠤ ᠢᠡᠭᠽᠦ᠋ᠡᠭ ᠬᠠᠭᠠᠨ ᠤ ᠳᠡᠷᠭᠡ ᠮᠤᠷᠢ ᠶᠢ ᠬᠠᠮᠠᠭᠠᠯᠠᠨ ᠪᠤᠭᠤᠮᠳᠠ ᠶᠢᠨ ᠳᠤᠳᠤᠷ᠎ᠠ ᠤᠷᠤᠪᠠ | ᠃ ᠡᠨᠡ ᠴᠢᠮᠡᠭᠡ ᠪᠡᠭᠡᠵᠢᠩ ᠬᠤᠳᠠ ᠳᠤ ᠤᠯᠠᠮᠵᠢᠯᠠᠭᠳᠠᠨ ᠬᠦᠷᠦᠭᠰᠡᠨ ᠳᠤ᠂ ᠮᠢᠩ ᠤᠯᠤᠰ ᠤᠨ ᠵᠢᠩᠳᠠᠢ ᠬᠠᠭᠠᠨ | ᠲᠡᠷᠡ ᠳᠠᠷᠤᠢ ᠳᠤᠨᠢ ᠠᠷᠭ᠎ᠠ ᠭᠡᠮᠵᠢᠶ᠎ᠡ ᠠᠪᠴᠤ᠂ ᠬᠤᠳᠠ ᠶᠢᠨ ᠶᠢᠰᠤᠨ ᠬᠠᠭᠠᠯᠭ᠎ᠠ ︵ᠡᠭᠦᠳᠡ︶ ᠶᠢ ᠪᠠᠬᠢᠯᠡᠨ | ᠰᠠᠬᠢᠭᠤᠯᠤᠭᠠᠳ᠂ ᠡᠯ᠎ᠡ ᠵᠠᠮ ᠤᠨ ᠴᠡᠷᠢᠭ ᠮᠤᠷᠢ ᠶᠢ ᠰᠢ ᠾᠧᠡᠭ ᠢᠶᠠᠷ ᠶᠡᠷᠤᠩᠭᠡᠶᠢᠯᠡᠨ ᠵᠠᠬᠢᠷᠤᠭᠤᠯᠵᠤ᠂ ᠪᠠᠰᠠ | ᠯᠢᠶᠤᠤ ᠳ᠋ᠦᠡᠭ᠂ ᠰᠢᠤᠸᠠᠨ ᠹᠦ᠋ ᠵᠡᠷᠭᠡ ᠭᠠᠵᠠᠷ ᠠᠴᠠ ᠳᠠᠪᠤᠨ ᠲᠦᠮᠡᠨ ᠴᠡᠷᠢᠭ ᠰᠢᠯᠵᠢᠭᠦᠯᠤᠨ ᠠᠪᠴᠢᠷᠠᠭᠤᠯᠵᠤ | ᠲᠤᠰᠠᠯᠠᠭᠤᠯᠪᠠ᠃ ᠡᠰᠡᠨ ᠳᠠᠶᠢᠱᠢ ᠶᠢᠨ ᠶᠡᠭᠡ ᠴᠡᠷᠢᠭ ᠢᠵᠧᠤ ︵ᠤᠳᠤᠬᠢ ᠾᠧᠪᠧᠢ ᠮᠤᠵᠢ ᠶᠢᠨ ᠢ ᠰᠢᠶᠠᠨ︶ ᠳᠤ | ᠬᠦᠷᠴᠤ ᠢᠷᠡᠭᠡᠳ ᠪᠠᠭᠤᠳᠠᠯᠯᠠᠵᠤ ᠪᠠᠶᠢᠳᠠᠯ᠎ᠠ᠂ ᠤᠷᠢᠳᠤ ᠮᠢᠩ ᠤᠯᠤᠰ ᠲᠤ ᠳᠤᠮᠢᠯᠠᠨ ᠶᠠᠪᠤᠭᠤᠯᠤᠭᠰᠠᠨ ᠡᠯᠴᠢ ᠰᠢ | ᠨᠢᠩ᠂ ᠵᠢᠢ ᠳ᠋ᠦᠸᠧ ᠨᠠᠷ ᠪᠠᠰᠠ ᠪᠡᠭᠡᠵᠢᠩ ᠠᠴᠠ ᠠᠳᠡ ᠬᠦᠷᠴᠤ ᠢᠷᠡᠭᠡᠳ ᠠᠭᠤᠯᠵᠠᠭᠰᠠᠨ ᠪᠠᠶᠢᠨ᠎ᠠ᠃ ᠡᠰᠡᠨ | ᠳᠠᠶᠢᠱᠢ ᠶᠠᠭᠠᠷᠠᠪᠴᠢᠯᠠᠨ ᠳᠡᠳᠡᠨᠠᠷ ᠢ ᠳᠠᠭᠤᠳᠠᠨ ᠢᠷᠡᠭᠦᠯᠵᠦ ᠪᠠᠶᠢᠳᠠᠯ ᠢ ᠠᠰᠠᠭᠤᠭᠰᠠᠨ ᠳᠤ᠂ ᠮᠢᠩ ᠤᠯᠤᠰ ᠤᠨ | ᠡᠯᠴᠢ ᠶᠦᠸᠧ ᠴᠢᠶᠠᠨ ᠵᠢᠩᠳᠠᠢ ᠬᠠᠭᠠᠨ ᠤ ᠦᠪᠡᠷ ᠤᠨ ᠭᠠᠷ ᠢᠶᠠᠷ ᠢᠶᠠᠨ ᠪᠢᠴᠢᠭᠰᠡᠨ ᠵᠠᠬᠢᠳᠠᠯ ᠢ ᠡᠷᠭᠦᠨ ᠪᠠᠷᠢᠪᠠ᠂ | ᠲᠡᠷᠡ ᠵᠠᠬᠢᠳᠠᠯ ᠤᠨ ᠦᠭᠡ᠄ ︽ᠮᠡᠭᠦᠰ ᠮᠢᠨᠤ ᠪᠡᠶ᠎ᠡ ᠨᠢᠭᠡᠨᠳᠡ ᠶᠡᠭᠡ ᠰᠠᠭᠤᠷᠢᠨ ᠳᠤ ᠰᠠᠭᠤᠭᠰᠠᠨ ᠲᠤᠯᠠ ᠠᠬ᠎ᠠ ︵ | ᠢᠡᠭᠽᠦ᠋ᠡᠭ︶ ᠪᠡᠭᠡᠵᠢᠩ ᠳᠤ ᠪᠤᠴᠠᠵᠤ ᠢᠷᠡᠭᠡᠳ ᠳᠠᠬᠢᠨ ᠬᠠᠭᠠᠨ ᠰᠠᠭᠤᠬᠤ ᠠᠴᠠ ᠨᠢᠭᠡᠨᠳᠡ ᠦᠡᠭᠭᠡᠷᠡᠭᠰᠡᠨ ᠪᠠᠶᠢᠨ᠎ᠠ᠃ | ᠳᠠᠶᠢᠱᠢ ᠲᠠ ᠠᠬ᠎ᠠ ᠶᠢ ᠮᠢᠨᠢ ᠪᠡᠭᠡᠵᠢᠩ ᠵᠦᠭ ᠬᠦᠷᠭᠡᠵᠦ ᠢᠷᠡᠭᠰᠡᠨ ᠴᠢᠨᠢ ᠶᠠᠷᠢᠶᠠᠨ ᠦᠭᠡᠢ ᠶᠡᠭᠡ ᠰᠠᠶᠢᠨ ᠭᠡᠷᠡᠭ | ᠪᠤᠯᠤᠨ᠎ᠠ᠂ ᠭᠡᠳᠡᠯ᠎ᠡ ᠤᠯᠠᠨ ᠴᠡᠷᠢᠭ ᠮᠤᠷᠢ ᠪᠠᠷ ᠬᠦᠷᠭᠡᠬᠦ ᠬᠡᠷᠡᠭ ᠦᠭᠡᠢ᠂ ᠵᠦᠪᠬᠡᠨ ᠠᠷᠪᠠ ᠭᠠᠷᠤᠢ ᠬᠦᠮᠤᠨ ᠢᠶᠠᠷ | ᠬᠦᠷᠭᠡᠭᠦᠯᠪᠡᠯ ᠪᠤᠯᠴᠢᠨ᠎ᠠ︾ ᠭᠡᠵᠡᠢ᠃ ᠡᠰᠡᠨ ᠳᠠᠶᠢᠱᠢ ᠵᠠᠬᠢᠳᠠᠯ ᠢ ᠦᠵᠡᠭᠰᠡᠨ ᠤ ᠰᠡᠭᠦᠯᠡᠷ᠂ ᠵᠢᠩᠳᠠᠢ ᠬᠠᠭᠠᠨ | ᠦᠡᠭᠭᠡᠨ ᠳᠡᠭᠡᠷ᠎ᠡ ᠪᠠᠨ ᠢᠡᠭᠽᠦ᠋ᠡᠭ ᠬᠠᠭᠠᠨ ᠢ ᠪᠡᠭᠡᠵᠢᠩ ᠳᠤ ᠬᠦᠷᠭᠡᠵᠦ ᠢᠷᠡᠬᠦ ᠳᠤ ᠪᠠᠶᠠᠷᠯᠠᠵᠤ ᠤᠭᠳᠤᠨ ᠪᠠᠶᠢᠭ᠎ᠠ | ᠪᠤᠯᠪᠠᠴᠤ᠂ ᠦᠨᠡᠨ ᠳᠡᠭᠡᠨ ᠳᠦᠢᠯ ᠢᠶᠠᠷ ᠳᠤᠷ᠎ᠠ ᠦᠭᠡᠶᠢᠴᠡᠵᠦ ᠪᠠᠶᠢᠭ᠎ᠠ ᠶᠢ ᠤᠯᠵᠤ ᠮᠡᠳᠡᠭᠡᠳ ᠳᠤᠩ ᠬᠢᠯᠢᠩᠨᠡᠵᠦ᠂ | ᠴᠡᠷᠢᠭ ᠮᠤᠷᠢ ᠪᠠᠨ ᠰᠢᠬᠠᠮᠳᠠᠭᠤᠯᠤᠨ ᠳᠦᠷᠭᠡᠯᠡᠵᠦ ᠵᠠᠮᠨᠠᠭᠠᠳ ᠨᠡᠶᠢᠰᠯᠡᠯ ᠬᠤᠳᠠ ᠪᠡᠭᠡᠵᠢᠩ ᠤᠨ ᠳ᠋ᠧ ᠱᠧᠡᠭ ᠮᠧᠨ | ᠬᠠᠭᠠᠯᠭ᠎ᠠ ︵ᠡᠭᠦᠳᠡ︶ ᠶᠢᠨ ᠳᠡᠷᠭᠡᠳᠡ ᠬᠦᠷᠴᠤ ᠴᠡᠷᠢᠭ ᠤᠨ ᠬᠦᠷᠢᠶ᠎ᠡ ᠳᠤ ᠪᠠᠭᠤᠪᠠ᠃ ᠳᠡᠭᠡᠭᠡᠳ ᠮᠢᠩ ᠤᠯᠤᠰ ᠢ | ᠶᠡᠭᠡ ᠰᠠᠶᠢᠳ ᠲᠦᠰᠢᠮᠡᠳ ᠢᠶᠠᠨ ᠳᠤᠮᠢᠯᠠᠨ ᠬᠤᠳᠠ ᠶᠢᠨ ᠭᠠᠳᠠᠨ᠎ᠠ ᠢᠷᠡᠭᠦᠯᠵᠦ᠂ ᠬᠠᠭᠠᠨ ᠢᠡᠭᠽᠦ᠋ᠡᠭ ᠢᠶᠠᠨ | ᠤᠭᠳᠤᠨ ᠠᠪᠠᠴᠢᠳᠤᠭᠠᠢ ᠭᠡᠪᠡ᠃ ᠡᠭᠦᠨ ᠢ ᠵᠢᠩᠳᠠᠢ ᠬᠠᠭᠠᠨ ᠡᠰᠡ ᠵᠦᠪᠰᠢᠶᠡᠷᠡᠵᠦ᠂ ᠵᠦᠪᠬᠡᠨ ᠡᠩ ᠤᠨ | ᠲᠦᠰᠢᠮᠡᠯ ᠢᠶᠠᠨ ᠳᠤᠮᠢᠯᠠᠨ ᠬᠤᠳᠠ ᠶᠢᠨ ᠭᠠᠳᠠᠨ᠎ᠠ ᠢᠷᠡᠭᠦᠯᠵᠦ ᠢᠡᠭᠽᠦ᠋ᠡᠭ ᠬᠠᠭᠠᠨ ᠯᠤᠭ᠎ᠠ ᠠᠭᠤᠯᠵᠠᠭᠰᠠᠨ ᠪᠠᠶᠢᠨ᠎ᠠ᠃ | ᠡᠭᠦᠨ ᠳᠤ ᠢᠡᠭᠽᠦ᠋ᠡᠭ ᠬᠠᠭᠠᠨ ᠶᠡᠭᠡᠳᠡ ᠳᠤᠷ᠎ᠠ ᠦᠭᠡᠶᠢᠴᠡᠵᠦ᠂ ᠳᠡᠷᠡ ᠳᠠᠷᠤᠢ ᠢᠤᠢ ᠴᠢᠶᠠᠨ ᠵᠡᠷᠭᠡ ᠶᠡᠭᠡᠰ | ᠲᠦᠰᠢᠮᠡᠳ ᠤᠨ ᠨᠡᠷ᠎ᠡ ᠶᠢ ᠰᠢᠭᠤᠳ ᠳᠤᠷᠠᠳᠤᠨ᠂ ᠬᠤᠳᠠ ᠶᠢᠨ ᠭᠠᠳᠠᠨ᠎ᠠ ᠢᠷᠡᠵᠦ ᠤᠭᠳᠤᠰᠤᠭᠠᠢ ᠭᠡᠪᠡ᠃ ᠭᠡᠳᠡᠯ᠎ᠡ | ᠵᠢᠩᠳᠠᠢ ᠬᠠᠭᠠᠨ ᠪᠠᠰᠠ ᠵᠦᠪᠰᠢᠶᠡᠷᠡᠭᠰᠡᠨ ᠦᠭᠡᠢ ᠪᠠᠶᠢᠯ᠎ᠠ᠂ ᠵᠢᠩᠳᠠᠢ ᠬᠠᠭᠠᠨ ︽ᠶᠡᠭᠡ ᠠᠬ᠎ᠠ︾ ᠳᠠᠭᠠᠨ ᠡᠨᠡ ᠮᠡᠳᠤ | ᠶᠤᠰᠤ ᠦᠭᠡᠢ ᠬᠦᠡᠭᠭᠡᠪᠴᠢᠯᠡᠨ ᠠᠭᠠᠰᠢᠯᠠᠬᠤ ᠶᠢ ᠦᠵᠡᠭᠡᠳ ᠡᠰᠡᠨ ᠳᠠᠶᠢᠱᠢ ᠶᠡᠭᠡᠳᠡ ᠠᠭᠤᠷᠯᠠᠵᠤ᠄ ︽ᠨᠤᠬᠠᠢ | ᠪᠠᠶᠢᠳᠠᠯ᠎ᠠ ᠡᠵᠡᠨ ᠢᠶᠠᠨ ᠳᠠᠨᠢᠳᠠᠭ ᠶᠤᠮ᠃ ᠡᠳᠤᠭᠡ ᠪᠢ ᠪᠡᠶ᠎ᠡ ᠪᠠᠷ ᠢᠶᠠᠨ ᠬᠠᠭᠠᠨ ᠢ ᠴᠢᠨᠢ ᠬᠦᠷᠭᠡᠵᠦ ᠬᠤᠳᠠᠨ ᠤ | ᠬᠠᠭᠠᠯᠭ᠎ᠠ ︵ᠡᠭᠦᠳᠡ︶ ᠶᠢᠨ ᠳᠡᠷᠭᠡᠳᠡ ᠢᠷᠡᠭᠰᠡᠨ ᠪᠠᠶᠢᠳᠠᠯ᠎ᠠ ᠲᠤᠰᠴᠤ ᠠᠪᠠᠴᠢᠬᠤ ᠬᠦᠮᠤᠨ ᠦᠭᠡᠢ ᠨᠢ ᠦᠨᠡᠭᠡᠷ | ᠬᠠᠷᠠᠰᠠᠯᠳᠠᠢ︾ ᠭᠡᠵᠦ ᠭᠡᠯᠡᠭᠡᠳ ᠢᠡᠭᠽᠦ᠋ᠡᠭ ᠬᠠᠭᠠᠨ ᠢ ᠠᠪᠤᠨ ᠬᠤᠶᠢᠰᠢ ᠪᠤᠴᠠᠪᠠ᠃ ᠡᠰᠡᠨ ᠳᠠᠶᠢᠱᠢ ᠶᠢᠨ ᠶᠡᠭᠡ | ᠴᠡᠷᠢᠭ ᠬᠤᠶᠢᠳᠤ ᠵᠦᠭ ᠠᠶᠠᠯᠠᠭᠰᠠᠭᠠᠷ 1449 ᠤᠨ ᠤ 11 ᠰᠠᠷ᠎ᠠ ᠶᠢᠨ 11 ᠤ ᠡᠳᠤᠷ᠂ ᠪᠠᠭ᠎ᠠ ᠰᠢᠷ᠎ᠠ ᠮᠦᠷᠡᠨ | ︵ᠤᠳᠤᠬᠢ ᠦᠪᠤᠷ ᠮᠤᠩᠭᠤᠯ ᠤᠨ ᠳᠠᠷᠬᠠᠨ ᠮᠤᠤᠮᠢᠩᠭᠠᠨ ᠬᠤᠰᠢᠭᠤᠨ ᠳᠤ ᠪᠤᠢ︶ ᠤ ᠵᠡᠭᠦᠨ ᠬᠦᠪᠡᠭᠡ ᠳᠤ | ᠴᠡᠷᠢᠭ ᠤᠨ ᠬᠦᠷᠢᠶ᠎ᠡ ᠪᠠᠭᠤᠪᠠ᠃ ᠡᠨᠡ ᠡᠳᠤᠷ ᠪᠤᠯ ᠢᠡᠭᠽᠦ᠋ᠡᠭ ᠬᠠᠭᠠᠨ ᠤ ᠲᠦᠷᠦᠭᠰᠡᠨ ᠡᠳᠤᠷ ᠪᠤᠯᠬᠤᠷ ᠡᠰᠡᠨ | ᠳᠠᠶᠢᠱᠢ ᠦᠪᠡᠷ ᠤᠨ ᠪᠡᠶ᠎ᠡ ᠪᠠᠷ ᠪᠠᠶᠠᠷ ᠬᠦᠷᠭᠡᠵᠦ᠂ ᠰᠢᠷ᠎ᠠ ᠦᠡᠭᠭᠡ ᠶᠢᠨ ᠯᠤᠤᠳᠤ ᠪᠤᠯᠭᠠᠨ ᠠᠷᠠᠰᠤ ᠶᠢᠨ ᠬᠦᠷᠮ᠎ᠡ | ᠪᠡᠯᠡᠭᠯᠡᠨ ᠦᠭᠴᠤ᠂ ᠮᠤᠷᠢ ᠠᠯᠠᠨ ᠨᠠᠶᠢᠷ ᠬᠢᠵᠤ᠂ ᠨᠠᠰᠤᠨ ᠦᠯᠵᠡᠢ ᠪᠠᠳᠤᠳᠬᠤ ᠶᠢ ᠨᠢ ᠵᠦᠡᠭᠨᠡᠨ ᠢᠷᠤᠭᠡᠵᠡᠢ᠃ | ᠲᠤᠰ ᠵᠢᠯ ᠤᠨ ᠪᠢᠳᠡᠭᠦᠨ ᠤ ᠦᠳᠡᠰᠢ᠂ ᠮᠢᠩ ᠤᠯᠤᠰ ᠤᠨ ᠢᠡᠭᠽᠦ᠋ᠡᠭ ᠬᠠᠭᠠᠨ ᠦᠪᠡᠷ ᠤᠨ ᠰᠠᠭᠤᠭ᠎ᠠ ᠮᠤᠩᠭᠤᠯ | ᠭᠡᠷ ᠤᠨ ᠢᠶᠠᠨ ᠭᠠᠳᠠᠨ᠎ᠠ᠂ ᠡᠪᠦᠭᠡ ᠳᠡᠭᠡᠳᠤᠰ ᠲᠡᠭᠡᠨ ᠳᠤᠶᠠᠩ ᠲᠦᠯᠡᠰᠢ ᠰᠢᠳᠠᠭᠠᠨ ᠦᠭᠴᠤ ᠪᠠᠶᠢᠳᠠᠯ᠎ᠠ᠂ ᠡᠰᠡᠨ | ᠳᠠᠶᠢᠱᠢ ᠬᠦᠮᠤᠨ ᠳᠤᠮᠢᠯᠠᠨ ᠢᠷᠡᠭᠦᠯᠵᠦ᠂ ᠢᠡᠭᠽᠦ᠋ᠡᠭ ᠬᠠᠭᠠᠨ ᠢ ᠤᠷᠳᠤᠨ ᠳᠠᠭᠠᠨ ᠵᠠᠯᠠᠨ ᠠᠪᠠᠴᠢᠭᠠᠳ ᠬᠠᠮᠳᠤ ᠪᠠᠷ | ᠪᠢᠳᠡᠭᠦᠨ ᠤ ᠰᠦᠨᠢ ᠶᠢ ᠨᠠᠶᠢᠷᠯᠠᠨ ᠦᠡᠭᠭᠡᠷᠡᠭᠦᠯᠬᠦ ᠭᠡᠪᠡ᠃ ᠢᠡᠭᠽᠦ᠋ᠡᠭ ᠬᠠᠭᠠᠨ ᠳᠤᠷᠠᠳᠠᠶᠢᠶ᠎ᠠ ᠤᠷᠢᠯᠭ᠎ᠠ ᠶᠢ | ᠬᠦᠯᠢᠶᠡᠨ ᠠᠪᠤᠭᠠᠳ᠂ ᠮᠤᠷᠢ ᠤᠨᠤᠵᠤ ᠳᠠᠰᠤᠷᠬᠠᠢ ᠠᠭᠤᠯᠠ ᠶᠢᠨ ᠳᠡᠷᠭᠡᠳᠡ ᠬᠦᠷᠦᠭᠰᠡᠨ ᠳᠤ᠂ ᠡᠰᠡᠨ ᠳᠠᠶᠢᠱᠢ | ᠭᠡᠷᠭᠡᠢ ᠭᠡᠦᠭᠡᠳ ᠲᠠᠢ ᠪᠠᠨ ᠬᠤᠯᠠ ᠠᠴᠠ ᠤᠭᠳᠤᠵᠤ ᠠᠪᠤᠭᠠᠳ ᠦᠪᠡᠷ ᠤᠨ ᠦᠷᠤᠭᠡ ᠳᠡᠭᠡᠨ ᠤᠷᠤᠭᠤᠯᠪᠠ᠃ ᠲᠡᠷᠡ | ᠰᠦᠨᠢ ᠡᠰᠡᠨ ᠳᠠᠶᠢᠱᠢ ᠬᠤᠪᠢᠰ ᠬᠦᠭᠵᠢᠮᠳᠡᠵᠦ ᠮᠤᠩᠭᠤᠯ ᠡᠮᠡᠭᠳᠠᠶᠢᠴᠤᠳ ᠤᠨ ᠳᠠᠭᠤᠤ ᠬᠦᠭᠵᠢᠮ ᠳᠤ | ᠬᠠᠪᠰᠤᠷᠭᠠᠭᠰᠠᠨ ᠪᠦᠭᠡᠳ ᠦᠪᠡᠷ ᠤᠨ ᠪᠡᠶ᠎ᠡ ᠪᠠᠷ ᠢᠶᠠᠨ ᠢᠡᠭᠽᠦ᠋ᠡᠭ ᠬᠠᠭᠠᠨ ᠳᠤ ︽ᠰᠤᠷ ᠬᠦᠶᠦᠯᠭᠡᠬᠦ︾ | ᠮᠤᠩᠭᠤᠯ ᠤᠨ ᠤᠳᠤᠮᠰᠢᠯᠳᠤ ᠳᠤᠭᠯᠠᠭᠠᠮ ᠢ ᠵᠢᠭᠠᠵᠤ ᠦᠭᠴᠠᠢ᠃ ᠢᠡᠭᠬᠢᠭᠡᠳ ᠪᠢᠳᠡᠭᠦᠨ ᠤ ᠨᠢᠭᠡ ᠰᠦᠨᠢ ᠶᠢ ᠳᠡᠳᠡ | ᠬᠦᠷ ᠬᠦᠭᠵᠢᠶᠡᠨ ᠪᠠᠶᠠᠷ ᠪᠠᠶᠠᠰᠬᠤᠯᠠᠩ ᠲᠠᠢ ᠪᠠᠷ ᠦᠡᠭᠭᠡᠷᠡᠭᠦᠯᠵᠦ ᠪᠢᠯᠡ᠃ ᠡᠰᠡᠨ ᠳᠠᠶᠢᠱᠢ ᠶᠡᠭᠡ ᠴᠡᠷᠢᠭ ᠢᠶᠠᠨ | ᠠᠪᠴᠤ ᠬᠤᠶᠢᠰᠢ ᠪᠤᠴᠠᠭᠰᠠᠨ ᠤ ᠳᠠᠷᠠᠭ᠎ᠠ᠂ ᠮᠢᠩ ᠤᠯᠤᠰ ᠤᠨ ᠶᠡᠭᠡ ᠲᠦᠰᠢᠮᠡᠯ ᠢᠤᠢ ᠴᠢᠶᠠᠨ ᠢᠡᠭᠽᠦ᠋ᠡᠭ ᠬᠠᠭᠠᠨ | ᠪᠤᠯᠤᠨ ᠵᠢᠩᠳᠠᠢ ᠬᠠᠭᠠᠨ ᠬᠤᠶᠠᠭᠤᠯᠠ ᠳᠤ ᠴᠦᠮ ᠰᠠᠶᠢᠨ ᠬᠦᠮᠤᠨ ᠪᠤᠯᠬᠤ ᠶᠢᠨ ᠲᠦᠯᠦᠭᠡ᠂ ︽ᠳᠡᠭᠷᠢ ᠶᠢᠨ ᠤᠷᠤ | ᠨᠢᠭᠡᠨᠳᠡ ᠳᠤᠭᠳᠠᠵᠤ᠂ ᠦᠭᠡᠷ᠎ᠡ ᠬᠦᠮᠤᠨ ᠳᠠᠬᠢᠨ ᠡᠵᠡᠯᠡᠬᠦ ᠦᠭᠡᠢ ᠪᠤᠯᠤᠭᠰᠠᠨ ᠲᠤᠯᠠ ᠢᠡᠭᠽᠦ᠋ᠡᠭ ᠢ ᠡᠷᠳᠡᠭᠡᠨ | ᠤᠭᠳᠤᠵᠤ ᠠᠪᠴᠢᠷᠠᠪᠠᠯ ᠵᠤᠬᠢᠨ᠎ᠠ︾ ᠭᠡᠵᠦ ᠵᠢᠩᠳᠠᠢ ᠬᠠᠭᠠᠨ ᠳᠤ ᠠᠶᠢᠯᠠᠳᠬᠠᠪᠠ᠃ ᠵᠢᠩᠳᠠᠢ ᠬᠠᠭᠠᠨ ᠴᠢᠨᠠᠳᠤ | ᠰᠠᠨᠠᠭ᠎ᠠ ᠶᠢ ᠮᠡᠳᠡᠭᠰᠡᠨ ᠪᠤᠯᠬᠤᠷ ᠳᠡᠷᠡ ᠳᠠᠷᠤᠢ᠄ ︽ᠴᠢᠨᠤ ᠦᠭᠡ ᠵᠦᠢᠳᠠᠢ︾ ᠭᠡᠵᠦ ᠵᠦᠪᠰᠢᠶᠡᠷᠡᠭᠡᠳ᠂ ᠳ᠋ᠦ᠋ ᠢᠤᠢ | ᠱᠢ ᠲᠦᠰᠢᠮᠡᠯ ᠶᠠᠩ ᠱᠠᠨ ᠢ ᠮᠤᠩᠭᠤᠯ ᠳᠤ ᠡᠯᠴᠢ ᠪᠠᠷ ᠢᠯᠡᠭᠡᠵᠦ᠂ ᠢᠡᠭᠽᠦ᠋ᠡᠭ ᠬᠠᠭᠠᠨ ᠢ ᠤᠭᠳᠤᠵᠤ | ᠠᠪᠴᠢᠷᠠᠬᠤ ᠪᠠᠷ ᠪᠤᠯᠪᠠ᠃ |