ᠮᠤᠩᠭᠤᠯ ᠦᠨᠳᠤᠰᠤᠳᠠᠨ ᠤ ᠲᠡᠤᠬᠡᠨ ᠦᠯᠢᠬᠡᠷ ︵ᠠᠷᠪᠠᠨ ᠲᠦᠷᠪᠡ︶ — ᠪᠦᠷᠢ ᠪᠦᠬᠡ ᠠᠮᠢ ᠪᠠᠨ ᠠᠯᠳᠠᠭᠰᠠᠨ
ᠨᠡᠶᠢᠲᠡᠯᠡᠭᠰᠡᠨ ᠴᠠᠭ᠄
2020/3/16
       ᠲᠡᠮᠦᠵᠢᠨ᠂ ᠬᠠᠨ ① ᠪᠤᠯᠤᠭᠰᠠᠨ ᠤ ᠲᠠᠷᠠᠭ᠎ᠠ ᠡᠳᠤᠢ ᠲᠡᠳᠦᠢ ᠢᠷᠬᠡᠨ ᠵᠠᠮᠤᠬ᠎ᠠ ᠠᠴᠠ ᠰᠠᠯᠵᠤ ᠦᠪᠡᠷ ᠲᠤᠨᠢ ᠲᠠᠭᠠᠯᠳᠤᠨ ᠢᠷᠡᠭᠰᠡᠨ ᠳᠤ ᠤᠨᠤᠨ ᠤ ᠰᠢᠭᠤᠢ ᠳᠤ ᠪᠠᠶᠠᠷ ᠤᠨ ᠬᠤᠷᠢᠮ ᠬᠢᠵᠠᠢ᠃ ᠲᠡᠷᠡ ᠬᠤᠷᠢᠮ ᠳᠤ ᠲᠡᠮᠦᠵᠢᠨ᠂ ᠦᠬᠡᠯᠦᠨ ᠡᠬᠡ᠂ ᠬᠠᠰᠠᠷ ᠨᠠᠷ ᠪᠠ ᠵᠦᠷᠬᠢᠨ ᠤ ᠰᠠᠴᠠ ᠪᠠᠬᠢ᠂ ᠲᠠᠶᠢᠴᠤ ᠨᠠᠷ ᠤᠷᠤᠯᠴᠠᠪᠠ᠃ ᠡᠨᠡ ᠵᠦᠷᠬᠢᠨ ᠤᠪᠤᠭᠳᠠᠨ ᠪᠤᠯ ᠬᠠᠪᠤᠯ ᠬᠠᠭᠠᠨ ᠤ ᠤᠤᠭᠠᠨ ᠬᠦᠦ ᠤᠬᠢᠨᠪᠠᠷᠬᠠᠭ ᠤᠨ ᠬᠤᠶᠢᠴᠢ ᠦᠶ᠎ᠡ ᠪᠤᠯᠤᠨ᠎ᠠ᠃        ᠡᠨᠡ ᠬᠤᠷᠢᠮ ᠢ ᠲᠡᠮᠤᠵᠢᠨ ᠤ ᠲᠠᠯ᠎ᠠ ᠠᠴᠠ ᠪᠡᠯᠬᠦᠳᠠᠢ ᠵᠠᠰᠠᠵᠤ᠂ ᠵᠦᠷᠬᠢᠨ ᠤ ᠲᠠᠯ᠎ᠠ ᠠᠴᠠ ᠬᠤᠳᠤᠭᠳᠤ ᠮᠤᠩᠬᠤᠷ ᠤᠨ ᠬᠦᠦ ᠪᠦᠷᠢ ᠪᠦᠬᠡ ᠵᠠᠰᠠᠪᠠ᠃ ᠬᠤᠷᠢᠮ ᠡᠬᠢᠯᠡᠬᠦ ᠳᠤ᠂ ᠲᠤᠭᠤᠭᠠᠴᠢ ᠰᠢᠬᠦᠷ ᠡᠬᠢᠯᠡᠬᠡᠳ ᠲᠡᠮᠦᠵᠢᠨ᠂ ᠦᠬᠡᠯᠦᠨ ᠡᠬᠡ᠂ ᠬᠠᠰᠠᠷ᠂ ᠰᠡᠴᠠ ᠪᠠᠬᠢ ᠨᠠᠷ ᠲᠤ ᠨᠢᠵᠡᠬᠡᠳ ᠬᠤᠨᠳᠠᠭ᠎ᠠ ᠰᠠᠷᠬᠤᠳ ᠪᠠᠷᠢᠪᠠ᠃ ᠲᠠᠷᠠᠭ᠎ᠠ ᠨᠢ ᠰᠡᠴᠠ ᠪᠠᠬᠢ ᠶᠢᠨ ᠪᠠᠭ᠎ᠠ ᠡᠬᠡᠨᠡᠷ ᠡᠪᠡᠬᠡᠢ ᠳᠤ ᠬᠤᠨᠳᠠᠭ᠎ᠠ ᠪᠠᠷᠢᠪᠠ᠃ ᠡᠬᠦᠨ ᠳᠤ ᠬᠤᠷᠢᠵᠢᠨ᠂ ᠬᠤᠭᠤᠷᠴᠢᠨ ᠬᠤᠶᠠᠷ ᠬᠠᠳᠤᠨ ᠠᠭᠤᠷᠯᠠᠵᠤ᠄        ︽ᠪᠢᠳᠠᠨ ᠳᠤ ᠲᠡᠷᠢᠬᠦᠯᠡᠨ ᠪᠠᠷᠢᠬᠤ ᠦᠭᠡᠢ᠂ ᠶᠠᠭᠤᠨ ᠳᠤ ᠪᠠᠭ᠎ᠠ ᠡᠮ᠎ᠡ ᠡᠪᠡᠬᠡᠢ ᠳᠤ ᠤᠷᠢᠳᠠᠵᠤ ᠪᠠᠷᠢᠪᠠ︖︾ ᠬᠡᠵᠤ ᠲᠤᠭᠤᠭᠠᠴᠢ ᠰᠢᠬᠦᠷ ᠢ ᠵᠠᠨᠴᠢᠪᠠ᠃ ᠲᠤᠭᠤᠭᠠᠴᠢ ᠰᠢᠬᠦᠷ᠄        ︽ᠶᠢᠰᠦᠬᠡᠢ ᠪᠠᠭᠠᠳᠤᠷ᠂ ᠨᠡᠬᠦᠨ ᠲᠠᠶᠢᠵᠢ ᠬᠤᠶᠠᠷ ᠦᠭᠡᠢ ᠪᠤᠯᠤᠭᠰᠠᠨ ᠲᠤᠯᠠ ᠢᠩᠬᠢᠵᠤ ᠵᠠᠨᠴᠢᠭᠳᠠᠪᠠ︾ ᠬᠡᠵᠤ ᠶᠡᠭᠡ ᠲᠠᠭᠤ ᠪᠠᠷ ᠤᠬᠢᠯᠠᠵᠤ᠂ ᠬᠡᠷ ᠲᠤ ᠲᠤᠳᠤᠷ᠎ᠠ ᠦᠢᠮᠡᠬᠡᠨ ᠡᠬᠦᠰᠬᠡᠪᠡ᠃ ᠬᠦᠮᠦᠰ ᠰᠠᠶ᠋ᠢ ᠬᠤᠶᠠᠷ ᠡᠳᠡᠬᠡᠳ ᠢ ᠢᠳᠬᠠᠵᠤ᠂ ᠬᠡᠷ ᠲᠤᠳᠤᠷ᠎ᠠ ᠪᠠᠭ᠋ᠠᠨ ᠨᠠᠮ ᠪᠤᠯᠳᠠᠯ᠎ᠠ ᠭᠠᠳᠠᠨ᠎ᠠ ᠬᠠᠷᠢᠨ ᠨᠡᠩ ᠶᠡᠭᠡ ᠬᠡᠷᠡᠬᠦᠯ ᠱᠤᠤᠬᠢᠶᠡᠨ ᠪᠤᠯᠪᠠ᠃ ᠲᠡᠮᠦᠵᠢᠨ ᠬᠡᠷ ᠠᠴᠠ ᠭᠠᠷᠴᠤ ᠢᠷᠡᠬᠡᠳ᠄        ︽ᠶᠠᠭᠤᠨ ᠪᠤᠯᠵᠤ ᠬᠡᠷᠡᠯᠳᠤᠪᠠ︖︾ ᠬᠡᠵᠤ ᠠᠰᠠᠭᠤᠭᠰᠠᠨ ᠳᠤ᠂ ᠨᠢᠬᠡᠨ ᠬᠦᠮᠦᠨ᠄        ︽ᠬᠠᠳᠠᠬᠢᠨ ᠤᠪᠤᠭ ᠤᠨ ᠨᠢᠬᠡᠨ ᠬᠦᠮᠦᠨ ᠪᠢᠳᠠᠨ ᠤ ᠮᠤᠷᠢᠨ ᠤ ᠤᠶᠠᠭᠠᠨ ᠠᠴᠠ ᠴᠤᠯᠪᠤᠭᠤᠷ ᠬᠤᠯᠠᠭᠠᠶᠢᠯᠠᠵᠤ ᠠᠪᠤᠭᠠᠳ ᠪᠡᠯᠬᠦᠳᠠᠢ ᠠᠬ᠎ᠠ ᠳᠤ ᠪᠠᠷᠢᠭᠳᠠᠪᠠ᠂ ᠪᠦᠷᠢ ᠪᠦᠬᠡ ᠲᠡᠷᠡ ᠬᠦᠮᠦᠨ ᠢ ᠦᠮᠦᠬᠡᠷᠡᠵᠤ ᠪᠡᠯᠬᠦᠳᠠᠢ ᠠᠬ᠎ᠠ ᠲᠠᠢ ᠬᠡᠷᠡᠯᠳᠤᠵᠤ ᠲᠡᠬᠦᠨ ᠤ ᠮᠦᠷᠦ ᠶᠢ ᠬᠠᠭ᠎ᠠ ᠴᠠᠪᠴᠢᠪᠠ︾ ᠬᠡᠵᠤ ᠮᠡᠳᠡᠬᠦᠯᠪᠡ᠃ ᠲᠡᠮᠦᠵᠢᠨ᠂ ᠪᠡᠯᠬᠦᠳᠠᠢ ᠶᠢ ᠦᠵᠡᠪᠡᠯ ᠦᠨᠡᠬᠡᠷ ᠨᠢᠴᠦᠬᠦᠨ ᠮᠦᠷᠦ ᠪᠠᠨ ᠬᠠᠭ᠎ᠠ ᠴᠠᠪᠴᠢᠭᠳᠠᠭᠠᠳ ᠴᠢᠰᠤ ᠪᠠᠨ ᠴᠤᠪᠤᠷᠠᠭᠤᠯᠵᠤ᠂ ᠠᠵᠢᠭ ᠦᠭᠡᠢ ᠶᠠᠪᠤᠵᠤ ᠪᠠᠶᠢᠪᠠ᠃ ᠲᠡᠮᠦᠵᠢᠨ ᠰᠢᠷᠪᠢᠨ ᠬᠠᠷᠠᠵᠤ᠄        ︽ᠪᠡᠯᠬᠦᠳᠠᠢ ᠴᠢ ᠮᠦᠷᠦ ᠪᠠᠨ ᠴᠠᠪᠴᠢᠭᠤᠯᠤᠭᠠᠳ ᠶᠠᠭᠠᠬᠢᠨ ᠢᠩᠬᠢᠵᠤ ᠲᠠᠭᠤ ᠦᠭᠡᠢ ᠶᠠᠪᠤᠵᠤ ᠪᠠᠶᠢᠨ᠎ᠠ︖︾ ᠬᠡᠰᠡᠨ ᠳᠤ ᠪᠡᠯᠬᠦᠳᠠᠢ᠄        ︽ᠮᠢᠨᠤ ᠲᠦᠯᠦᠬᠡ ᠠᠬ᠎ᠠ ᠲᠡᠬᠦᠦ ᠨᠠᠷ ᠮᠠᠭᠤᠳᠠᠯᠴᠠᠬᠤ ᠪᠤᠯᠪᠠ ᠤᠤ ᠬᠡᠵᠤ ᠲᠤᠤᠭᠠᠷᠤᠭᠰᠠᠨ ᠦᠭᠡᠢ᠃ ᠮᠢᠨᠤ ᠰᠢᠷᠬ᠎ᠠ ᠬᠦᠩᠬᠡᠨ ᠪᠠᠶᠢᠨ᠎ᠠ᠂ ᠪᠢ ᠠᠯᠵᠢᠬᠤ ᠦᠭᠡᠢ᠃ ᠠᠬ᠎ᠠ ᠲᠡᠬᠦᠦ ᠰᠠᠳᠤᠨ ᠰᠠᠶ᠋ᠢ ᠢᠵᠢᠯᠳᠤᠨ ᠨᠠᠶᠢᠷᠠᠮᠳᠠᠵᠤ ᠪᠠᠶᠢᠭ᠎ᠠ ᠲᠤᠯᠠ ᠠᠬ᠎ᠠ ᠪᠢᠳᠡᠬᠡᠢ ᠮᠢᠨᠤ ᠲᠦᠯᠦᠬᠡ ᠪᠤᠰᠤᠳ ᠲᠠᠢ ᠮᠠᠭᠤᠳᠠᠯᠴᠠ︾ ᠬᠡᠵᠤ ᠲᠠᠶᠢᠪᠤᠭᠤ ᠬᠡᠯᠡᠪᠡ᠃        ᠲᠡᠮᠦᠵᠢᠨ᠂ ᠪᠡᠯᠬᠦᠳᠠᠢ ᠶᠢᠨ ᠦᠬᠡ ᠶᠢ ᠦᠯᠤ ᠰᠤᠨᠤᠰᠤᠨ ᠬᠤᠶᠠᠷ ᠡᠳᠡᠬᠡᠳ ᠠᠴᠠ ᠮᠤᠳᠤᠨ ᠤ ᠬᠡᠰᠢᠬᠦᠦ ᠬᠤᠭᠤ ᠳᠠᠲᠠᠨ ᠠᠪᠴᠤ ᠵᠤᠳᠤᠯᠳᠤᠪᠠ᠃ ᠵᠦᠷᠬᠢᠨ ᠠᠬ᠎ᠠ ᠲᠡᠬᠦᠦ ᠨᠠᠷ ᠠᠶᠢᠷᠠᠭ ᠤᠨ ᠪᠦᠯᠢᠬᠦᠷ ᠵᠡᠷᠬᠡ ᠠᠯᠢ ᠲᠠᠭᠠᠷᠠᠯᠳᠤᠭᠰᠠᠨ ᠢ ᠠᠳᠬᠤᠨ ᠠᠪᠴᠤ ᠡᠰᠡᠷᠬᠦᠴᠡᠪᠡ᠃ ᠡᠴᠤᠰ ᠲᠤ ᠵᠦᠷᠬᠢᠨ ᠨᠠᠷ ᠲᠡᠶᠢᠯᠦᠭᠳᠡᠪᠡ᠂ ᠲᠡᠮᠦᠵᠢᠨ ᠨᠠᠷ ᠬᠤᠷᠢᠵᠢᠨ᠂ ᠬᠤᠭᠤᠷᠴᠢᠨ ᠬᠤᠶᠠᠷ ᠬᠠᠳᠤᠨ ᠢ ᠪᠤᠯᠢᠶᠠᠵᠤ ᠠᠪᠤᠪᠠ᠃ ᠵᠦᠷᠬᠢᠨ ᠨᠠᠷ ᠬᠤᠶᠠᠷ ᠬᠠᠳᠤᠨ ᠢᠶᠠᠨ ᠪᠤᠯᠢᠶᠠᠭᠳᠠᠭᠠᠳ ᠠᠷᠭ᠎ᠠ ᠪᠤᠰᠤ ᠨᠠᠶᠢᠷᠠᠮᠳᠠᠨ ᠵᠤᠬᠢᠯᠳᠤᠶ᠎ᠠ ᠬᠡᠵᠤ ᠭᠤᠶᠤᠪᠠ᠃ ᠲᠡᠮᠦᠵᠢᠨ ᠵᠦᠪᠰᠢᠶᠡᠷᠡᠵᠤ᠄        ︽ᠲᠠ ᠪᠢᠳᠠ ᠴᠦᠮ ᠬᠠᠪᠤᠯ ᠬᠠᠭᠠᠨ ᠤ ᠤᠳᠤᠮ ᠤᠭᠰᠠᠭ᠎ᠠ᠂ ᠬᠠᠷᠢᠯᠴᠠᠨ ᠠᠬ᠎ᠠ ᠲᠠᠬᠦᠦ ᠰᠠᠳᠤᠨ ᠪᠤᠯᠤᠨ᠎ᠠ᠃ ᠬᠡᠳᠡᠯ᠎ᠡ ᠲᠠ ᠨᠠᠷ ᠶᠠᠭᠠᠬᠢᠨ ᠢᠩᠬᠢᠵᠤ ᠠᠭᠠᠰᠢᠯᠠᠵᠤ ᠠᠪᠤᠷᠢᠯᠠᠵᠤ ᠶᠠᠪᠤᠳᠠᠭ ᠪᠢᠯᠡ︖ ᠬᠤᠵᠢᠮ ᠲᠡᠬᠢᠨ ᠢᠩᠬᠢᠵᠤ ᠪᠢᠳᠠᠨ ᠤ ᠠᠬ᠎ᠠ ᠲᠡᠬᠦᠦ ᠨᠠᠷ ᠢ ᠲᠠᠷᠤᠯᠠᠨ ᠲᠤᠷᠤᠮᠵᠢᠯᠠᠵᠤ ᠦᠯᠤ ᠪᠤᠯᠤᠨ᠎ᠠ︾ ᠬᠡᠳ ᠬᠤᠷᠢᠵᠢᠨ᠂ ᠬᠤᠭᠤᠷᠴᠢᠨ ᠬᠤᠶᠠᠷ ᠬᠠᠳᠤᠨ ᠢ ᠪᠤᠴᠠᠭᠠᠵᠤ ᠦᠭᠪᠡ᠃ ᠡᠬᠦᠨ ᠳᠤ ᠵᠦᠷᠬᠢᠨ ᠨᠠᠷ ᠦᠰ ᠡᠪᠤᠷᠯᠡᠵᠤ ᠬᠠᠷᠢᠪᠠ᠃        ᠲᠡᠬᠦᠨ ᠤ ᠬᠤᠶᠢᠨ᠎ᠠ᠂ ᠠᠯᠳᠠᠨ ᠤᠯᠤᠰ ᠤᠨ ᠡᠵᠡᠨ᠂ ᠸᠠᠩᠬᠢᠩ ᠴᠢᠩᠰᠠᠩ ② ᠳᠠᠭᠠᠨ ᠴᠡᠷᠢᠭ ᠦᠭᠴᠤ ᠲᠠᠲ᠋ᠠᠷ ᠤᠨ ᠮᠡᠬᠦᠵᠢᠨ ᠰᠡᠬᠦᠯᠳᠤ ᠲᠠᠢ ᠪᠠᠶᠢᠯᠳᠤᠬᠤ ᠪᠠᠷ ᠮᠤᠷᠳᠠᠭᠤᠯᠪᠠ᠃ ᠲᠡᠭᠡᠭᠡᠳ ᠸᠠᠩᠬᠢᠩ ᠴᠢᠩᠰᠠᠩ ᠤᠨ ᠴᠡᠷᠢᠭ ᠲᠠᠲ᠋ᠠᠷ ᠤᠨ ᠮᠡᠬᠦᠵᠢᠨ ᠨᠠᠷ ᠲᠠᠢ ᠪᠠᠶᠢᠯᠳᠤᠵᠤ᠂ ᠲᠡᠳᠡᠨ ᠢ ᠠᠳᠤᠭᠤ ᠮᠠᠯ ᠤᠨ ᠬᠠᠮᠳᠤ ᠤᠯᠵᠠ ᠬᠡᠬᠦ ᠭᠠᠵᠠᠷ ᠦᠬᠡᠳᠡ ᠲᠦᠷᠢᠨ ᠬᠦᠬᠡᠬᠡᠵᠤ ᠪᠠᠶᠢᠭᠰᠠᠨ ᠮᠡᠳᠡᠭᠡ ᠶᠢ ᠲᠡᠮᠦᠵᠢᠨ ᠤᠯᠵᠤ ᠰᠤᠨᠤᠰᠤᠭᠠᠳ᠄        ︽ᠲᠠᠲ᠋ᠠᠷ ᠪᠤᠯ ᠪᠢᠳᠠᠨ ᠤ ᠡᠴᠢᠬᠡ ᠡᠪᠦᠬᠡᠳ ᠢ ᠠᠯᠠᠭᠰᠠᠨ ᠡᠷᠳᠡᠨ ᠤ ᠦᠰᠳᠡᠨ ᠪᠢᠯᠡ᠃ ᠤᠳᠤ ᠪᠢᠳᠠ ᠡᠨᠡ ᠪᠠᠶᠢᠯᠳᠤᠭᠠᠨ ᠳᠤ ᠬᠠᠪᠰᠤᠷᠤᠯᠴᠠᠵᠤ ᠦᠰᠢᠶ᠎ᠡ ᠪᠠᠨ ᠠᠪᠤᠶ᠎ᠠ︾ ᠬᠡᠵᠤ ᠤᠯᠵᠠ ᠦᠬᠡᠳᠠ ᠴᠡᠷᠢᠭ ᠬᠦᠳᠡᠯᠪᠡ᠃ ᠨᠦᠬᠦᠬᠡ ᠲᠠᠯ᠎ᠠ ᠪᠠᠷ ᠪᠠᠰᠠ ᠲᠤᠭᠤᠷᠢᠯ ᠬᠠᠨ ᠳᠤ ᠡᠯᠴᠢ ᠵᠠᠷᠤᠵᠤ᠄        ︽ᠠᠯᠳᠠᠨ ᠤᠯᠤᠰ ᠤᠨ ᠸᠠᠩᠬᠢᠩ ᠴᠢᠩᠰᠠᠩ ᠲᠠᠲ᠋ᠠᠷ ᠤᠨ ᠮᠡᠬᠦᠵᠢᠨ ᠰᠡᠬᠦᠯᠳᠤ ᠨᠠᠷ ᠢ ᠤᠯᠵᠠ ᠦᠬᠡᠳᠠ ᠲᠦᠷᠢᠨ ᠬᠦᠬᠡᠬᠡᠵᠤ ᠠᠶᠢᠰᠤᠢ ᠬᠡᠨ᠎ᠡ᠂ ᠡᠴᠢᠬᠡ ᠡᠪᠤᠬᠡᠳ ᠢ ᠬᠤᠤᠷᠯᠠᠭᠰᠠᠨ ᠡᠷᠳᠡᠨ ᠤ ᠦᠰᠳᠡᠨ ᠲᠠᠲ᠋ᠠᠷ ᠨᠠᠷ ᠠᠴᠠ ᠦᠰᠢᠶ᠎ᠡ ᠪᠠᠨ ᠠᠪᠬᠤ ᠬᠡᠵᠤ ᠪᠢ ᠴᠡᠷᠢᠭ ᠬᠦᠳᠡᠯᠪᠠ᠂ ᠲᠤᠭᠤᠷᠢᠯ ᠬᠠᠨ ᠡᠴᠢᠬᠡ ᠮᠢᠨᠢ ᠴᠡᠷᠢᠭ ᠠᠪᠴᠤ ᠲᠤᠰᠠᠯᠠᠨ ᠪᠠᠶᠢᠯᠳᠤᠭᠠᠷᠠᠢ︾ ᠬᠡᠰᠡᠨ ᠳᠤ᠂ ᠲᠤᠭᠤᠷᠢᠯ ᠬᠠᠨ ᠲᠡᠷᠡ ᠦᠬᠡ ᠶᠢ ᠵᠦᠪᠰᠢᠶᠡᠷᠡᠵᠤ᠂ ᠭᠤᠷᠪᠠᠳᠤᠭᠠᠷ ᠡᠳᠤᠷ ᠲᠤ ᠴᠡᠷᠢᠭ ᠢᠶᠠᠨ ᠴᠤᠭᠯᠠᠭᠤᠯᠵᠤ ᠮᠤᠷᠳᠠᠭᠠᠳ ᠲᠡᠮᠦᠵᠢᠨ ᠢ ᠤᠭᠳᠤᠨ ᠬᠦᠷᠴᠤ ᠢᠷᠡᠪᠡ᠃        ᠲᠡᠮᠦᠵᠢᠨ᠂ ᠲᠤᠭᠤᠷᠢᠯ ᠬᠠᠨ ᠬᠤᠶᠠᠷ ᠪᠠᠰᠠ ᠵᠦᠷᠬᠢᠨ ᠤ ᠰᠡᠴᠡ ᠪᠠᠬᠢ ᠨᠠᠷ ᠲᠤ ᠬᠦᠮᠦᠨ ᠵᠠᠷᠤᠵᠤ ᠡᠷᠳᠡᠨ ᠤ ᠦᠰᠳᠡᠨ ᠲᠠᠲ᠋ᠠᠷ ᠨᠠᠷ ᠢ ᠲᠤᠪᠳᠤᠯᠬᠤ ᠲᠠᠶᠢᠨ ᠳᠤ ᠬᠦᠴᠤ ᠬᠠᠪᠰᠤᠷᠤᠯᠴᠠᠶ᠎ᠠ ᠬᠡᠪᠡ᠃ ᠬᠡᠪᠡᠴᠤ ᠵᠢᠷᠭᠤᠭᠠᠨ ᠡᠳᠤᠷ ᠬᠦᠯᠢᠶᠡᠭᠰᠡᠨ ᠪᠤᠯᠪᠠᠴᠤ ᠵᠦᠷᠬᠢᠨ ᠨᠠᠷ ᠢᠷᠡᠭᠰᠡᠨ ᠦᠭᠡᠢ ᠲᠤᠯᠠ ᠲᠤᠭᠤᠷᠢᠯ ᠬᠠᠨ᠂ ᠲᠡᠮᠦᠵᠢᠨ ᠬᠤᠶᠠᠷ ᠬᠦᠯᠢᠶᠡᠵᠤ ᠶᠠᠳᠠᠭᠠᠳ ᠴᠡᠷᠢᠭ ᠢᠶᠠᠨ ᠠᠪᠴᠤ ᠤᠯᠵᠠ ᠦᠬᠡᠳᠡ ᠬᠦᠳᠡᠯᠪᠡ᠃ ᠡᠨᠡ ᠦᠶ᠎ᠡ ᠳᠤ ᠲᠠᠲ᠋ᠠᠷ ᠤᠨ ᠮᠡᠬᠦᠵᠢᠨ ᠰᠡᠬᠦᠯᠳᠤ ᠨᠠᠷ ᠤᠯᠵᠠ ᠶᠢᠨ ᠬᠤᠰᠤᠳᠤ ᠰᠢᠳᠦᠬᠡᠨ᠂ ᠨᠡᠷᠡᠳᠤ ᠰᠢᠳᠦᠬᠡᠨ ᠬᠡᠬᠦ ᠭᠠᠵᠠᠷ ᠬᠤᠷᠢᠶ᠎ᠠ ᠪᠠᠬᠢᠯᠡᠯᠳᠠ ᠪᠠᠷᠢᠭᠠᠳ ᠪᠠᠶᠢᠪᠠ᠃ ᠲᠤᠭᠤᠷᠢᠯ ᠬᠠᠨ᠂ ᠲᠡᠮᠦᠵᠢᠨ ᠬᠤᠶᠠᠷ ᠮᠡᠬᠦᠵᠢᠨ ᠰᠡᠬᠦᠯᠳᠤ ᠶᠢᠨ ᠪᠠᠬᠢᠯᠡᠯᠳᠠ ᠨᠠᠷ ᠢ ᠲᠠᠷᠤᠨ ᠤᠷᠤᠵᠤ ᠲᠡᠬᠦᠨ ᠢ ᠪᠠᠷᠢᠵᠤ ᠠᠪᠤᠭᠠᠳ ᠲᠡᠨᠳᠠ ᠨᠢ ᠠᠯᠠᠪᠠ᠃        ᠲᠤᠭᠤᠷᠢᠯ ᠬᠠᠨ᠂ ᠲᠡᠮᠦᠵᠢᠨ ᠬᠤᠶᠠᠷ ᠮᠡᠬᠦᠵᠢᠨ ᠰᠡᠬᠦᠯᠳᠤ ᠶᠢ ᠠᠯᠠᠵᠤ ᠲᠡᠲ᠋ᠠᠷ ᠨᠠᠷ ᠢ ᠰᠦᠨᠦᠬᠡᠭᠰᠡᠨ ᠳᠤ ᠠᠯᠳᠠᠨ ᠤᠯᠤᠰ ᠤᠨ ᠸᠠᠩᠬᠢᠩ ᠴᠢᠩᠰᠠᠩ ᠮᠠᠰᠢ ᠪᠠᠶᠠᠰᠴᠤ ᠲᠤᠭᠤᠷᠢᠯ ᠬᠠᠨ ᠳᠤ ᠸᠠᠩ ③ ᠴᠤᠯᠠ ᠱᠠᠩᠨᠠᠵᠤ᠂ ᠲᠡᠮᠦᠵᠢᠨ ᠳᠤ ᠵᠤᠤ ᠲᠤᠤ ᠱᠢ ④ ᠬᠡᠬᠦ ᠴᠤᠯᠠ ᠱᠠᠩᠨᠠᠪᠠ᠃ ᠲᠡᠨᠳᠡ ᠠᠴᠠ ᠲᠤᠭᠤᠷᠢᠯ ᠬᠠᠨ᠂ ᠲᠡᠮᠦᠵᠢᠨ ᠬᠤᠶᠠᠷ ᠲᠠᠲ᠋ᠠᠷ ᠢᠷᠬᠡᠨ ᠢ ᠬᠤᠪᠢᠶᠠᠵᠤ ᠠᠪᠤᠭᠠᠳ ᠬᠡᠷ ᠬᠡᠷ ᠲᠡᠭᠡᠨ ᠬᠠᠷᠢᠪᠠ᠃ ᠲᠡᠮᠦᠵᠢᠨ ᠢ ᠪᠤᠴᠠᠵᠤ ᠢᠷᠡᠬᠦ ᠳᠤ᠂ ᠵᠦᠷᠬᠢᠨ ᠨᠠᠷ ᠲᠡᠬᠦᠨ ᠢ ᠲᠠᠲ᠋ᠠᠷ ᠢᠷᠬᠡᠨ ᠳᠤ ᠮᠤᠷᠳᠠᠭᠰᠠᠨ ᠬᠤᠭᠤᠷᠤᠨᠳᠤ ᠬᠠᠪᠰᠤᠷᠤᠯᠴᠠᠬᠤ ᠪᠠᠷ ᠦᠯᠦ ᠤᠴᠢᠭᠰᠠᠨ ᠢᠶᠠᠷ ᠪᠠᠷᠠᠬᠤ ᠦᠭᠡᠢ᠂ ᠬᠠᠷᠢᠨ ᠲᠡᠮᠦᠵᠢᠨ ᠤ ᠠᠷᠤ ᠬᠡᠷ ᠢ ᠲᠤᠪᠳᠤᠯᠵᠤ ᠲᠠᠪᠢᠨ ᠬᠦᠮᠦᠨ ᠤ ᠬᠤᠪᠴᠠᠰᠤ ᠶᠢ ᠲᠤᠨᠤᠭᠠᠳ ᠠᠷᠪᠡᠨ ᠬᠦᠮᠦᠨ ᠢ ᠠᠯᠠᠪᠠ᠃ ᠲᠡᠮᠦᠵᠢᠨ ᠡᠬᠦᠨ ᠢ ᠦᠵᠡᠬᠡᠳ ᠮᠠᠰᠢ ᠬᠢᠯᠢᠩᠨᠡᠵᠤ᠄        ︽ᠵᠦᠷᠬᠢᠨ ᠨᠠᠷ ᠶᠠᠭᠠᠬᠢᠨ ᠢᠩᠬᠢᠵᠤ ᠪᠠᠶᠢᠭ᠎ᠠ ᠪᠢᠯᠡ︖ ᠤᠨᠤᠨ ᠤ ᠰᠢᠭᠤᠢ ᠳᠤ ᠬᠤᠷᠢᠮᠯᠠᠬᠤ ᠳᠤ ᠲᠤᠭᠤᠭᠠᠴᠢ ᠰᠢᠬᠦᠷ ᠢ ᠵᠠᠨᠴᠢᠪᠠ᠂ ᠪᠠᠰᠠ ᠪᠡᠯᠬᠦᠳᠠᠢ ᠶᠢᠨ ᠮᠦᠷᠦ ᠶᠢ ᠬᠠᠭ᠎ᠠ ᠴᠠᠪᠴᠢᠪᠠ᠃ ᠨᠠᠶᠢᠷᠠᠮᠳᠠᠶ᠎ᠠ ᠬᠡᠬᠦ ᠳᠤᠨᠢ ᠪᠢᠳᠠ ᠬᠤᠷᠢᠵᠢᠨ᠂ ᠬᠤᠭᠤᠷᠴᠢᠨ ᠬᠤᠶᠠᠷ ᠬᠠᠳᠤᠨ ᠢ ᠨᠢ ᠪᠤᠴᠠᠭᠠᠵᠤ ᠦᠭᠬᠦᠯ᠎ᠡ᠃ ᠡᠳᠦᠬᠡ ᠡᠴᠢᠬᠡ ᠡᠪᠦᠬᠡᠳ ᠢ ᠠᠯᠠᠭᠰᠠᠨ ᠡᠷᠳᠡᠨ ᠤ ᠦᠰᠳᠡᠨ ᠲᠠᠲ᠋ᠠᠷ ᠢᠷᠬᠡᠨ ᠢ ᠪᠠᠶᠢᠯᠳᠤᠬᠤ ᠳᠤ ᠬᠦᠴᠦ ᠬᠠᠪᠰᠤᠷᠤᠯᠴᠠᠶ᠎ᠠ ᠬᠡᠵᠤ ᠵᠢᠷᠭᠤᠭᠠᠨ ᠡᠳᠤᠷ ᠬᠦᠯᠢᠶᠡᠭᠰᠡᠨ ᠪᠤᠯᠪᠠᠴᠤ ᠢᠷᠡᠭᠰᠡᠨ ᠦᠭᠡᠢ ᠮᠦᠷᠳᠡᠬᠡᠨ ᠠᠷᠤ ᠬᠡᠷ ᠢ ᠲᠤᠪᠳᠤᠯᠵᠤ᠂ ᠲᠠᠶᠢᠰᠤᠨ ᠤ ᠬᠠᠵᠠᠭᠤ ᠪᠠᠷ ᠲᠠᠶᠢᠰᠤᠨ ᠪᠤᠯᠪᠠ︾ ᠬᠡᠳ ᠵᠦᠷᠬᠢᠨ ᠨᠠᠷ ᠲᠠᠢ ᠪᠠᠶᠢᠯᠳᠤᠬᠤ ᠪᠠᠷ ᠮᠤᠷᠳᠠᠪᠠ᠃        ᠵᠦᠷᠬᠢᠨ ᠨᠠᠷ ᠬᠡᠷᠦᠯᠤᠨ ᠤ ᠬᠦᠳᠡᠭᠡ ᠠᠷᠠᠯ ᠤᠨ ᠲᠤᠯᠤᠭᠠᠨ ᠪᠤᠯᠳᠠᠭ ᠬᠡᠬᠦ ᠭᠠᠵᠠᠷ ᠨᠤᠳᠤᠭᠯᠠᠵᠤ ᠪᠠᠶᠢᠳᠠᠭ᠃ ᠲᠡᠮᠦᠵᠢᠨ ᠤ ᠴᠡᠷᠢᠭ ᠲᠤᠯᠤᠭᠠᠨ ᠪᠤᠯᠳᠠᠭ ᠢ ᠲᠠᠭᠠᠷᠢᠨ ᠤᠷᠤᠵᠤ ᠪᠠᠶᠢᠯᠳᠤᠭᠰᠠᠨ ᠳᠤ ᠰᠡᠴᠡ ᠪᠠᠬᠢ᠂ ᠲᠠᠶᠢᠴᠤ ᠬᠤᠶᠠᠷ ᠡᠰᠡᠷᠬᠦᠴᠡᠬᠦ ᠴᠢᠳᠠᠯ ᠦᠭᠡᠢ ᠴᠦᠬᠡᠨ ᠬᠦᠮᠦᠨ ᠢ ᠠᠪᠴᠤ ᠲᠤᠳᠠᠭᠠᠪᠠ᠃ ᠲᠡᠮᠦᠵᠢᠨ ᠬᠤᠶᠢᠨ᠎ᠠ ᠠᠴᠠ ᠨᠢ ᠨᠡᠬᠡᠮᠵᠢᠯᠡᠵᠤ ᠲᠠᠯᠠᠳᠤ ᠶᠢᠨ ᠠᠮᠠ ᠬᠡᠬᠦ ᠭᠠᠵᠠᠷ ᠬᠦᠷᠦᠬᠡᠳ ᠰᠡᠴᠡ ᠪᠠᠬᠢ᠂ ᠲᠠᠶᠢᠴᠤ ᠬᠤᠶᠠᠷ ᠢ ᠬᠦᠢᠴᠡᠵᠤ ᠠᠮᠢᠳᠤ ᠪᠠᠷ ᠪᠠᠷᠢᠪᠠ᠃ ᠲᠡᠭᠡᠭᠡᠳ ᠲᠡᠷᠡ ᠬᠤᠶᠠᠷ ᠢ ᠲᠡᠨᠳᠠ ᠨᠢ ᠠᠯᠠᠭᠠᠳ ᠵᠦᠷᠬᠢᠨ ᠨᠠᠷ ᠢ ᠲᠠᠷᠤᠵᠤ᠂ ᠤᠯᠤᠰ ᠢᠷᠬᠡᠨ ᠢ ᠨᠢ ᠲᠡᠮᠦᠵᠢᠨ ᠦᠪᠡᠷ ᠤᠨ ᠦᠮᠴᠢ ᠪᠤᠯᠭᠠᠪᠠ᠃         ᠪᠦᠷᠢ ᠪᠦᠬᠡ ᠵᠦᠷᠬᠢᠨ ᠢᠷᠬᠡᠨ ᠳᠤ ᠪᠠᠶᠢᠭᠰᠠᠨ ᠲᠤᠯᠠ ᠠᠮᠢᠳᠤ ᠦᠯᠡᠳᠡᠪᠡ᠃ ᠪᠦᠷᠢ ᠪᠦᠬᠡ ᠪᠤᠯ ᠨᠡᠷᠡᠳᠠᠢ ᠪᠦᠬᠡ᠂ ᠬᠦᠴᠤ ᠴᠢᠳᠠᠯ ᠶᠡᠬᠡᠳᠠᠢ᠂ ᠬᠡᠨ ᠬᠦᠮᠦᠨ ᠴᠦ ᠲᠡᠬᠦᠨ ᠢ ᠪᠠᠶᠢᠯᠳᠤᠨ ᠲᠠᠶᠢᠯᠳᠡᠭ ᠦᠭᠡᠢ ᠠᠵᠢ᠂ ᠵᠦᠷᠬᠢᠨ ᠨᠠᠷ ᠠᠴᠠ ᠡᠶᠢᠮᠤ ᠨᠢᠬᠡᠨ ᠬᠦᠮᠦᠨ ᠲᠡᠮᠦᠵᠢᠨ ᠤ ᠢᠷᠬᠡᠨ ᠳᠤ ᠪᠠᠭᠳᠠᠯᠴᠠᠨ ᠪᠦᠬᠦᠢ ᠳᠤ ᠲᠡᠬᠦᠨ ᠤ ᠲᠤᠳᠤᠷ᠎ᠠ ᠲᠤᠩ ᠠᠮᠤᠷ ᠦᠭᠡᠢ᠂ ᠦᠷᠬᠦᠯᠵᠢ ᠪᠦᠷᠢ ᠪᠦᠬᠡ ᠶᠢ ᠬᠤᠷᠤᠭᠠᠬᠤ ᠠᠷᠭ᠎ᠠ ᠶᠢ ᠪᠤᠳᠤᠵᠤ ᠶᠠᠪᠤᠪᠠ᠃        ᠨᠢᠬᠡᠨ ᠡᠳᠤᠷ᠂ ᠪᠦᠷᠢ ᠪᠦᠬᠡ ᠭᠠᠳᠠᠨ᠎ᠠ ᠰᠤᠯᠠ ᠰᠠᠭᠤᠵᠤ ᠪᠠᠶᠢᠬᠤ ᠶᠢ ᠲᠡᠮᠦᠵᠢᠨ ᠦᠵᠡᠬᠡᠳ᠄        ︽ᠪᠦᠷᠢ ᠪᠦᠬᠡ ᠴᠢᠮ᠎ᠡ ᠶᠢ ᠨᠡᠷᠡᠳᠠᠢ ᠪᠦᠬᠡ ᠬᠡᠵᠤ ᠰᠤᠨᠤᠰᠤᠯ᠎ᠠ᠂ ᠮᠢᠨᠤ ᠲᠡᠬᠦᠦ ᠪᠡᠯᠬᠦᠳᠠᠢ ᠪᠠᠷᠢᠯᠳᠤᠬᠤ ᠲᠤᠷᠠᠳᠠᠢ᠂ ᠴᠢ ᠲᠡᠬᠦᠨ ᠲᠠᠢ ᠪᠠᠷᠢᠯᠳᠤᠵᠤ ᠦᠵᠡ︾ ᠬᠡᠪᠡ᠃ ᠪᠦᠷᠢ ᠪᠦᠬᠡ ᠲᠡᠮᠦᠵᠢᠨ ᠤ ᠲᠠᠯᠳᠠ ᠰᠠᠨᠠᠭ᠎ᠠ ᠶᠢ ᠲᠦᠰᠦᠪᠯᠡᠵᠤ ᠪᠠᠶᠢᠪᠠᠴᠤ ᠠᠷᠭ᠎ᠠ ᠦᠭᠡᠢ ᠪᠠᠷᠢᠯᠳᠤᠪᠠ᠃ ᠶᠠᠷᠤ ᠶᠢᠨ ᠴᠠᠭ ᠲᠤ ᠪᠡᠯᠬᠦᠳᠠᠢ ᠶᠢ ᠪᠦᠷᠢ ᠪᠦᠬᠡ ᠦᠷᠦᠬᠡᠰᠤᠨ ᠭᠠᠷ ᠢᠶᠠᠷ ᠪᠠᠷᠢᠵᠤ᠂ ᠦᠷᠦᠬᠡᠰᠤᠨ ᠬᠦᠯ ᠢᠶᠠᠷ ᠲᠡᠰᠢᠵᠤ ᠤᠨᠠᠭᠠᠭᠠᠳ ᠬᠦᠳᠡᠯᠬᠡᠯ ᠦᠭᠡᠢ ᠲᠠᠷᠤᠵᠤ ᠴᠢᠳᠠᠬᠤ ᠪᠢᠯᠡ᠃ ᠬᠡᠪᠡᠴᠤ ᠡᠨᠡ ᠤᠳᠠᠭ᠎ᠠ ᠲᠡᠮᠦᠵᠢᠨ ᠬᠠᠷᠠᠵᠤ ᠵᠤᠭᠰᠤᠵᠤ ᠪᠠᠶᠢᠬᠤ ᠲᠤᠯᠠ ᠲᠡᠷᠡ ᠲᠡᠮᠡᠴᠡᠭᠴᠢ ᠪᠤᠯᠤᠨ ᠬᠡᠰᠡᠭ ᠨᠤᠴᠤᠯᠳᠤᠭᠠᠳ ᠵᠤᠷᠢᠭᠤᠳᠠ ᠤᠨᠠᠵᠤ ᠦᠭᠪᠡ᠃ ᠪᠡᠯᠬᠦᠳᠠᠢ ᠪᠦᠷᠢ ᠪᠦᠬᠡ ᠶᠢ ᠠᠷᠠᠢ ᠬᠡᠵᠤ ᠮᠦᠷᠦᠯᠡᠨ ᠲᠠᠷᠤᠵᠤ ᠰᠠᠭᠠᠷᠢ ᠪᠦᠭᠰᠠ ᠲᠡᠭᠡᠷ᠎ᠡ ᠨᠢ ᠭᠠᠷᠤᠭᠠᠳ ᠲᠡᠮᠦᠵᠢᠨ ᠢ ᠨᠢᠳᠤ ᠪᠠᠨ ᠬᠢᠯᠡᠮᠬᠢᠵᠤ ᠬᠠᠷᠠᠪᠠᠯ ᠲᠡᠮᠦᠵᠢᠨ ᠬᠦᠮᠦᠬᠡᠢ ᠪᠠᠨ ᠵᠠᠭᠤᠪᠠ᠃ ᠪᠡᠯᠬᠦᠳᠠᠢ ᠲᠡᠮᠦᠵᠢᠨ ᠤ ᠬᠤᠷᠤᠭ᠎ᠠ ᠬᠡᠳᠡᠭ ᠰᠠᠨᠠᠭ᠎ᠠ ᠶᠢ ᠮᠡᠳᠡᠵᠤ ᠪᠦᠷᠢ ᠪᠦᠬᠡ ᠶᠢ ᠠᠭᠳᠠᠯᠠᠨ ᠪᠠᠷᠢᠵᠤ ᠴᠡᠬᠡᠵᠢ ᠪᠦᠭᠰᠠ ᠠᠴᠠ ᠤᠭᠵᠠᠷᠠᠨ ᠲᠠᠳᠠᠵᠤ ᠨᠢᠷᠤᠭᠤ ᠶᠢ ᠨᠢ ᠬᠤᠭᠤᠯᠪᠠ᠃ ᠪᠦᠷᠢ ᠪᠦᠬᠡ ᠪᠡᠯᠬᠦᠳᠠᠢ ᠳᠤ ᠨᠢᠷᠤᠭᠤ ᠪᠠᠨ ᠬᠤᠭᠤᠯᠤᠭᠳᠠᠭᠠᠳ ᠰᠠᠶ᠋ᠢ ᠬᠡᠮᠰᠢᠵᠤ᠄        ︽ᠪᠡᠯᠬᠦᠳᠠᠢ ᠳᠤ ᠪᠢ ᠦᠯᠤ ᠢᠯᠠᠭᠳᠠᠬᠤ ᠪᠢᠯᠡ᠂ ᠲᠡᠮᠦᠵᠢᠨ ᠤ ᠨᠢᠭᠤᠷ ᠢ ᠬᠠᠷᠠᠵᠤ ᠵᠤᠷᠢᠭᠤᠳᠠ ᠤᠨᠠᠵᠤ ᠦᠭᠬᠦᠬᠡᠳ ᠠᠮᠢ ᠪᠠᠨ ᠠᠯᠳᠠᠪᠠ︾ ᠬᠡᠳ ᠦᠬᠦᠪᠡ᠃ ᠨᠡᠷᠡᠳᠠᠢ ᠪᠦᠬᠡ ᠪᠦᠷᠢ ᠢᠩᠬᠢᠵᠤ ᠵᠤᠷᠢᠭᠤᠳᠠ ᠪᠠᠭᠤᠵᠤ ᠦᠭᠬᠦᠬᠡᠳ ᠨᠢᠷᠤᠭᠤ ᠪᠠᠨ ᠬᠤᠭᠤᠯᠤᠭᠤᠯᠵᠤ ᠦᠬᠦᠭᠰᠡᠨ ᠳᠤ ᠬᠦᠮᠦᠰ ᠲᠡᠰᠬᠡᠯ ᠦᠭᠡᠢ ᠭᠠᠰᠢᠭᠤᠳᠠᠨ ᠲᠠᠭᠤᠯᠠᠭᠰᠠᠨ ᠨᠢ᠄ ︽ᠡᠷᠡᠬᠡᠢ ᠳᠡᠭᠡᠨ ᠡᠷᠴᠢ ᠲᠠᠢ ᠡᠯᠢᠬᠡᠨ ᠳᠡᠭᠡᠨ ᠰᠢᠬᠦᠰᠤ ᠲᠠᠢ ᠬᠦᠴᠦᠳᠤ ᠪᠦᠬᠡ ᠪᠦᠷᠢ ᠬᠦᠬᠡᠷᠦᠬᠦᠢ ᠠᠮᠢ ᠪᠠᠨ ᠠᠯᠳᠠᠪᠠ︕ ᠤᠯᠠ ᠳᠠᠭᠠᠨ ᠢᠳᠠ ᠲᠠᠢ ᠠᠭᠤᠰᠬᠢᠨ ᠳᠠᠭᠠᠨ ᠠᠭᠤᠷ ᠲᠠᠢ ᠤᠯᠤᠰ ᠤᠨ ᠪᠦᠬᠡ ᠪᠦᠷᠢ ᠤᠴᠢᠷ ᠦᠭᠡᠢ ᠠᠮᠢ ᠪᠠᠨ ᠠᠯᠳᠠᠪᠠ︕ ᠵᠢᠷᠦᠬᠡ ᠶᠡᠬᠡᠳᠠᠢ ᠬᠦᠮᠦᠨ ᠲᠤᠯᠠ ᠵᠦᠷᠬᠢᠨ ᠠᠶᠢᠮᠠᠭ ᠲᠤ ᠲᠦᠷᠦᠪᠡ ᠵᠦᠢ ᠨᠢ ᠢᠯᠠᠬᠤ ᠪᠠᠶᠢᠳᠠᠯ᠎ᠠ ᠵᠦᠬᠡᠷ ᠠᠮᠢ ᠪᠠᠨ ᠠᠯᠳᠠᠪᠠ︕ ᠬᠦᠬᠡᠷᠦᠬᠦᠢ︕ ᠬᠦᠬᠡᠷᠦᠬᠦᠢ︕︾ ᠬᠡᠵᠠᠢ᠃ ᠲᠠᠶᠢᠯᠪᠤᠷᠢ ① ᠬᠠᠨ — ᠬᠠᠭᠠᠨ ᠠᠴᠠ ᠪᠠᠭ᠎ᠠ ᠵᠡᠷᠬᠡ᠃ ② ᠴᠢᠩᠰᠠᠩ — ᠶᠡᠷᠦᠩᠬᠡᠶᠢᠯᠡᠨ ᠵᠠᠰᠠᠭᠴᠢ ᠰᠠᠶᠢᠳ ᠬᠡᠰᠡᠨ ᠬᠢᠳᠠᠳ ᠦᠬᠡ᠃ ③ ᠸᠠᠩ — ᠲᠡᠬᠦᠨ ᠠᠴᠠ ᠬᠤᠶᠢᠰᠢ ᠲᠤᠭᠤᠷᠢᠯ ᠬᠠᠨ ᠢ ᠪᠠᠰᠠ ︽ᠸᠠᠩ ᠬᠠᠨ︾ ᠬᠡᠵᠤ ᠲᠠᠭᠤᠳᠠᠬᠤ ᠪᠤᠯᠪᠠ᠃ ④ ᠵᠤᠤ ᠲᠤᠤ ᠱᠢ — ᠲᠠᠭᠠᠭᠤᠯᠤᠨ ᠲᠦᠪᠰᠢᠳᠬᠡᠭᠴᠢ ᠨᠤᠶᠠᠨ ᠬᠡᠰᠡᠨ ᠬᠢᠳᠠᠳ ᠦᠬᠡ᠃    
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号