ᠡᠰᠡᠨ ᠲᠠᠶᠢᠱᠢ ︵ᠬᠤᠶᠠᠷ︶
ᠨᠡᠶᠢᠲᠡᠯᠡᠭᠰᠡᠨ ᠴᠠᠭ᠄
2019/12/10
         1450 ᠤᠨ ᠤ 8 ᠰᠠᠷ᠎ᠠ ᠶᠢᠨ 2 ᠤᠨ ᠡᠳᠤᠷ᠂ ᠡᠰᠡᠨ ᠳᠠᠶᠢᠱᠢ ᠶᠠᠩ ᠱᠠᠨ ᠢ ᠬᠦᠯᠢᠶᠡᠨ ᠠᠪᠴᠤ ᠠᠭᠤᠯᠵᠠᠭᠠᠳ᠄ ︽ᠲᠠ ᠶᠠᠮᠠᠷ ᠳᠤᠰᠢᠶᠠᠯ ᠲᠠᠢ ᠨᠤᠶᠠᠨ ᠪᠤᠢ︖︾ ᠭᠡᠵᠦ ᠠᠰᠠᠭᠤᠭᠰᠠᠨ ᠳᠤ ᠶᠠᠩ ᠱᠠᠨ᠄ ︽ᠳ᠋ᠦ᠋ ᠢᠤᠢ ᠱᠢ ᠲᠦᠰᠢᠮᠡᠯ︾ ᠭᠡᠵᠦ ᠬᠠᠷᠢᠭᠤᠯᠪᠠ᠃ ᠡᠰᠡᠨ ᠳᠠᠶᠢᠱᠢ᠄ ︽ᠮᠠᠨ ᠤ ᠬᠤᠶᠠᠷ ᠤᠯᠤᠰ ᠤᠳᠠᠭᠠᠨ ᠵᠢᠯ ᠨᠦᠭᠦᠷᠰᠡᠭ ᠢᠶᠠᠷ ᠶᠠᠪᠤᠯᠴᠠᠭᠰᠠᠭᠠᠷ ᠢᠷᠡᠭᠰᠡᠨ ᠪᠢᠯᠡ᠂ ᠨᠢᠳᠤᠨᠤᠨ ᠳᠠᠨᠤᠰ ᠶᠠᠭᠤᠨ ᠳᠤ ᠮᠢᠨᠤ ᠡᠯᠴᠢ ᠶᠢ ᠪᠠᠷᠢᠵᠤ ᠬᠤᠷᠢᠭᠠᠳ᠂ ᠭᠠᠭᠴᠠ ᠳᠠᠯ᠎ᠠ ᠠᠴᠠ ᠮᠤᠷᠢᠨ ᠤ ᠦᠨ᠎ᠡ ᠶᠢ ᠪᠠᠭᠤᠷᠠᠭᠤᠯᠵᠤ᠂ ᠮᠠᠨ ᠳᠤ ᠬᠤᠳᠠᠯᠳᠤᠨ ᠦᠭᠬᠦ ᠳᠤᠷᠭ᠎ᠠ ᠶᠢᠨ ᠢᠶᠠᠨ ᠨᠢᠭᠡ ᠤᠷᠢᠶᠠᠮᠤᠭ ᠢ ᠬᠤᠶᠠᠷ ᠤᠷᠢᠶᠠᠮᠤᠭ ᠪᠤᠯᠭᠠᠨ ᠬᠠᠶᠢᠴᠢᠯᠠᠵᠤ ᠬᠤᠳᠠᠯᠳᠤᠪᠠ︖ ᠢᠡᠭᠬᠢᠵᠤ ᠨᠦᠭᠦᠷᠰᠡᠭ ᠪᠤᠰᠤ ᠪᠠᠷ ᠬᠠᠨᠳᠤᠪᠠᠯ ᠡᠴᠤᠰ ᠲᠡᠭᠡᠨ ᠶᠠᠮᠠᠷ ᠤᠷᠰᠢᠭ ᠪᠤᠯᠬᠤ ᠶᠢ ᠳᠠᠨᠠᠷ ᠪᠤᠳᠤᠯᠬᠢᠯᠠᠭᠰᠠᠨ ᠤᠤ︖︾ ᠭᠡᠵᠦ ᠠᠰᠠᠭᠤᠭᠰᠠᠨ ᠳᠤ ᠶᠠᠩ ᠱᠠᠨ᠄ ︽ᠳᠠᠶᠢᠱᠢ ᠶᠢᠨ ᠡᠪᠦᠭᠡ ᠪᠠᠳᠤᠯᠠ ᠴᠧᠡᠭᠰᠢᠶᠠᠩ ᠵᠢᠴᠢ ᠡᠴᠢᠭᠡ ᠳᠤᠭᠤᠭᠠᠨ ᠳᠠᠶᠢᠱᠢ ᠠᠮᠢᠳᠤ ᠰᠡᠷᠢᠭᠦᠨ ᠪᠠᠶᠢᠬᠤ ᠦᠶ᠎ᠡ ᠳᠤ᠂ ᠳᠠᠶᠢᠰᠦ᠋ᠡᠭ ᠨᠢ ᠰᠢᠤᠸᠠᠨᠽᠦ᠋ᠡᠭ ᠬᠠᠭᠠᠨ ᠤ ᠤᠷᠳᠤᠨ ᠳᠤ ᠳᠤᠮᠢᠯᠠᠨ ᠤᠴᠢᠭᠤᠯᠳᠠᠭ ᠡᠯᠴᠢ ᠭᠤᠴᠢᠭᠠᠳ ᠬᠦᠮᠤᠨ ᠠᠴᠠ ᠭᠡᠳᠤᠷᠡᠬᠦ ᠦᠭᠡᠢ ᠪᠠᠶᠢᠭᠰᠠᠨ ᠲᠤᠯᠠ ᠳᠡᠳᠡᠨᠤᠰ ᠤᠨ ᠰᠤᠯᠢᠯᠴᠠᠬᠤ ᠪᠠᠷ ᠱᠠᠭᠠᠷᠳᠠᠭᠰᠠᠨ ᠡᠳ᠋ ᠪᠤᠳᠠᠰ ᠢ ᠪᠦᠷᠢᠨ ᠬᠠᠨᠭ᠍ᠭᠠᠵᠤ ᠴᠢᠳᠠᠳᠠᠭ ᠪᠠᠶᠢᠪᠠ᠃ ᠭᠡᠳᠡᠯ᠎ᠡ ᠤᠳᠤ ᠳᠠᠶᠢᠱᠢ ᠶᠢᠨ ᠳᠤᠮᠢᠯᠠᠬᠤ ᠡᠯᠴᠢᠳ ᠤᠯᠠᠰᠢᠷᠠᠭᠠᠳ ᠭᠤᠷᠪᠠᠨ ᠮᠢᠩᠭ᠎ᠠ ᠭᠠᠷᠤᠢ ᠬᠦᠮᠤᠨ ᠪᠤᠯᠵᠠᠢ᠃ ᠡᠵᠡᠨ ᠬᠠᠭᠠᠨ ᠬᠦᠮᠤᠨ ᠪᠦᠷᠢ ᠳᠤ ᠠᠯᠳᠠᠨ ᠨᠡᠭᠡᠮᠡᠯᠳᠤ ᠬᠤᠪᠴᠠᠰᠤ ᠱᠠᠩᠨᠠᠵᠤ᠂ ᠤᠷᠳᠤᠨ ᠳᠠᠭᠠᠨ ᠬᠦᠨᠳᠤᠳᠭᠡᠨ ᠵᠤᠴᠢᠯᠠᠭᠠᠳ᠂ ᠲᠤᠰᠬᠠᠢ ᠲᠦᠰᠢᠮᠡᠯ ᠳᠤᠮᠢᠯᠠᠵᠤ ᠬᠢᠯᠢ ᠳᠠᠪᠠᠳᠠᠯ᠎ᠠ ᠦᠳᠡᠨ ᠮᠤᠷᠳᠠᠭᠤᠯᠵᠤ ᠪᠠᠶᠢᠭ᠎ᠠ ᠨᠢ ᠪᠦᠷ ᠳᠠᠶᠢᠱᠢ ᠶᠢᠨ ᠨᠢᠭᠤᠷ ᠢ ᠪᠤᠳᠤᠭᠰᠠᠨ ᠠᠴᠠ ᠪᠤᠯᠤᠭᠰᠠᠨ ᠶᠤᠮ᠃ ᠳᠠᠶᠢᠱᠢ ᠶᠢᠨ ᠡᠯᠴᠢ ᠶᠢ ᠶᠡᠷᠤ ᠠᠴᠠ ᠬᠤᠷᠢᠵᠤ ᠦᠡᠭᠭᠡᠷᠡᠭᠰᠡᠨ ᠦᠭᠡᠢ ᠪᠢᠯᠡ᠃ ᠵᠠᠷᠢᠮ ᠡᠯᠴᠢ ᠶᠢᠨ ᠪᠤᠴᠠᠵᠤ ᠢᠷᠡᠭᠡᠳᠤᠢ ᠪᠠᠶᠢᠬᠤ ᠶᠢᠨ ᠤᠴᠢᠷ ᠨᠢ ᠳᠡᠳᠡ ᠪᠡᠭᠡᠵᠢᠩ ᠳᠤ ᠬᠤᠯᠠᠭᠠᠢ ᠳᠡᠭᠡᠷᠡᠮ ᠬᠢᠵᠤ᠂ ᠳᠠᠶᠢᠱᠢ ᠳᠤ ᠶᠠᠯᠠᠳᠠᠭᠳᠠᠬᠤ ᠠᠴᠠ ᠠᠶᠤᠬᠤ ᠳᠠᠭᠠᠨ ᠵᠦᠷᠢᠭ ᠵᠠᠮ ᠢᠶᠠᠷ ᠰᠡᠮᠡᠭᠡᠷ ᠪᠤᠴᠠᠬᠤ ᠵᠠᠭᠤᠷ᠎ᠠ ᠵᠡᠷᠯᠢᠭ ᠠᠷᠢᠶᠠᠳᠠᠨ ᠳᠤ ᠢᠳᠡᠭᠳᠡᠭᠰᠡᠨ ᠪᠤᠶᠤ ᠡᠰᠡᠭᠦᠯ᠎ᠡ ᠦᠭᠡᠷ᠎ᠡ ᠭᠠᠵᠠᠷ ᠵᠤᠯᠵᠤ ᠶᠠᠪᠤᠭᠰᠠᠨ ᠴᠤ ᠪᠠᠶᠢᠵᠤ ᠮᠠᠭᠠᠳ᠂ ᠮᠢᠩ ᠤᠯᠤᠰ ᠳᠡᠳᠡᠨ ᠢ ᠦᠯᠡᠳᠡᠭᠡᠭᠡᠳ ᠶᠠᠭᠤ ᠬᠢᠬᠦ ᠪᠤᠢ︖ ᠮᠤᠷᠢᠨ ᠤ ᠦᠨ᠎ᠡ ᠶᠢ ᠪᠠᠭᠤᠷᠠᠭᠤᠯᠤᠭᠰᠠᠨ ᠶᠠᠪᠤᠳᠠᠯ ᠳᠤ ᠲᠠ ᠠᠨᠳᠠᠭᠤᠷᠠᠵᠤ ᠪᠠᠶᠢᠨ᠎ᠠ᠃ ᠤᠭ ᠨᠢ ᠳᠠᠶᠢᠱᠢ ᠲᠠ ᠸᠠᠩ ᠰᠢ ᠶᠢ ᠳᠤᠮᠢᠯᠠᠵᠤ᠂ ᠬᠠᠭᠠᠨ ᠤ ᠤᠷᠳᠤᠨ ᠤ ᠶᠠᠮᠠᠷ ᠨᠢᠭᠡᠨ ᠲᠦᠰᠢᠮᠡᠯ ᠳᠤ ᠵᠠᠬᠢᠳᠠᠯ ᠬᠦᠷᠭᠡᠭᠦᠯᠦᠭᠰᠡᠨ ᠳᠤ᠂ ᠳᠠᠷᠠ ᠬᠠᠷᠢᠨ ᠵᠠᠬᠢᠳᠠᠯ ᠢᠶᠠᠨ ᠡᠤ ᠰᠢᠨ ᠳᠤ ᠪᠤᠷᠤᠭᠤ ᠦᠭᠭᠦᠭᠰᠡᠨ ᠪᠠᠶᠢᠵᠠᠢ᠃ ᠲᠡᠷᠡ ᠲᠦᠰᠢᠮᠡᠯ ᠵᠠᠬᠢᠳᠠᠯ ᠢᠶᠠᠨ ᠪᠤᠷᠤᠭᠤ ᠬᠦᠷᠭᠡᠭᠰᠡᠨ ᠢ ᠮᠡᠳᠡᠵᠦ᠂ ᠬᠠᠭᠠᠨ ᠳᠤ ᠶᠠᠯᠠᠳᠠᠭᠳᠠᠬᠤ ᠠᠴᠠ ᠪᠠᠨ ᠠᠶᠤᠬᠤ ᠳᠠᠭᠠᠨ ᠸᠠᠩ ᠵᠧᠨ ᠯᠦᠭᠡ ᠰᠦᠯᠪᠡᠭᠡᠯᠡᠵᠦ᠂ ᠡᠨᠡ ᠤᠳᠠᠭ᠎ᠠ ᠳᠠᠶᠢᠱᠢ ᠶᠢᠨ ᠬᠦᠷᠭᠡᠵᠦ ᠢᠷᠡᠭᠦᠯᠦᠭᠰᠡᠨ ᠠᠳᠤᠭᠤ ᠪᠠᠷᠤᠭᠳᠠᠢ᠂ ᠤᠭ ᠦᠨ᠎ᠡ ᠪᠠᠷ ᠠᠪᠴᠤ ᠪᠤᠯᠬᠤ ᠦᠭᠡᠢ ᠭᠡᠰᠡᠨ ᠳᠤ᠂ ᠸᠠᠩ ᠵᠧᠨ ᠳᠠᠷᠤᠢ ᠮᠤᠷᠢᠨ ᠤ ᠦᠨ᠎ᠡ ᠶᠢ ᠪᠠᠭᠤᠷᠠᠭᠤᠯᠤᠭᠰᠠᠨ ᠪᠠᠶᠢᠨ᠎ᠠ᠃ ᠳᠤᠭᠤᠭ᠎ᠠ ︵ᠬᠠᠶᠢᠰᠤᠨ︶ ᠬᠤᠳᠠᠯᠳᠤᠵᠤ ᠠᠪᠬᠤ ᠤᠴᠢᠷ ᠢ ᠭᠡᠯᠡᠪᠡᠯ᠂ ᠳᠠᠶᠢᠱᠢ ᠶᠢᠨ ᠠᠪᠬᠤ ᠭᠡᠰᠡᠨ ᠳᠡᠮᠤᠷ ᠳᠤᠭᠤᠭ᠎ᠠ ᠶᠢ ᠴᠦᠮ ᠭᠤᠸᠠᠩᠳᠦ᠋ᠡᠭ ᠮᠤᠵᠢ ᠳᠤ ᠴᠢᠳᠬᠤᠳᠠᠭ ᠶᠤᠮ᠃ ᠭᠤᠸᠠᠩᠳᠦ᠋ᠡᠭ ᠪᠡᠭᠡᠵᠢᠩ ᠠᠴᠠ ᠲᠦᠮᠡ ᠢᠯᠡᠭᠦᠦ ᠭᠠᠵᠠᠷ ᠬᠤᠯᠠ ᠪᠠᠶᠢᠳᠠᠭ ᠪᠤᠯᠬᠤᠷ ᠨᠢᠭᠡ ᠳᠡᠮᠤᠷ ᠳᠤᠭᠤᠭ᠎ᠠ ᠬᠤᠶᠠᠷ ᠤᠷᠢᠶᠠᠮᠤᠭ ᠱᠤ ᠶᠢᠨ ᠦᠨ᠎ᠡ ᠳᠤ ᠬᠦᠷᠳᠡᠭ᠃ ᠭᠡᠳᠡᠯ᠎ᠡ ᠳᠠᠶᠢᠱᠢ ᠶᠢᠨ ᠡᠯᠴᠢ ᠨᠢᠭᠡ ᠳᠤᠭᠤᠭᠠᠨ ᠳᠤ ᠨᠢᠭᠡ ᠯᠠ ᠤᠷᠢᠶᠠᠮᠤᠭ ᠱᠤ ᠦᠭᠭᠦᠨ᠎ᠡ ᠭᠡᠨ᠎ᠡ᠃ ᠢᠡᠭᠬᠢᠭᠡᠳ ᠡᠯᠴᠢᠳ ᠬᠤᠳᠠᠯᠳᠤᠭᠠᠴᠢᠨ ᠯᠤᠭ᠎ᠠ ᠮᠠᠷᠭᠤᠯᠳᠤᠭᠠᠨ ᠭᠠᠷᠤᠭᠠᠳ᠂ ᠬᠤᠳᠠᠯᠳᠤᠭᠠᠴᠢᠨ ᠡᠭᠦᠳᠡ ᠪᠠᠨ ᠬᠠᠭᠠᠵᠤ ᠬᠤᠳᠠᠯᠳᠤᠭᠠᠯᠠᠬᠤ ᠪᠠᠨ ᠪᠠᠶᠢᠵᠠᠢ᠃ ᠨᠢᠭᠡ ᠤᠷᠢᠶᠠᠮᠤᠭ ᠳᠤᠷᠭ᠎ᠠ ᠶᠢ ᠬᠠᠶᠢᠴᠢᠯᠠᠵᠤ ᠬᠤᠶᠠᠷ ᠤᠷᠢᠶᠠᠮᠤᠭ ᠪᠤᠯᠭᠠᠭᠰᠠᠨ ᠶᠠᠪᠤᠳᠠᠯ ᠪᠤᠯ ᠬᠤᠳᠤᠩ ︵ᠬᠤᠶᠢᠽᠤ︶ ᠬᠤᠳᠠᠯᠳᠤᠭᠠᠴᠢᠳ ᠦᠢᠯᠡᠳᠦᠭᠰᠡᠨ ᠶᠤᠮ᠃ ᠳᠡᠳᠡᠨ ᠬᠠᠶᠢᠴᠢᠯᠠᠭᠰᠠᠨ ᠬᠠᠭᠠᠰ ᠤᠷᠢᠶᠠᠮᠤᠭ ᠳᠤᠷᠭ᠎ᠠ ᠪᠠᠨ ᠨᠤᠶᠠᠳ ᠲᠦᠰᠢᠮᠡᠳ ᠲᠤ ᠭᠡᠭᠡᠯᠢ ︵ᠳᠠᠲ᠋ᠠᠯᠭ᠎ᠠ︶ ᠲᠦᠯᠬᠢᠬᠦ ᠪᠤᠶᠤ ᠡᠰᠡᠭᠦᠯ᠎ᠡ ᠠᠷᠠᠯᠵᠢᠶᠠᠨ ᠤ ᠱᠤ ᠭᠠᠶᠢᠯᠢ ᠪᠤᠯᠭᠠᠵᠠᠢ᠃ ᠳᠠᠶᠢᠱᠢ ᠭᠡᠷᠪᠡ ᠢᠳᠡᠭᠡᠬᠦ ᠦᠭᠡᠢ ᠪᠤᠯ ᠬᠦᠮᠤᠨ ᠶᠠᠪᠤᠭᠤᠯᠵᠤ ᠳᠡᠳᠡᠨ ᠤ ᠤᠷᠤ ᠶᠢ ᠪᠠᠶᠢᠴᠠᠭᠠᠯᠭᠠᠵᠤ ᠦᠵᠡ᠂ ᠰᠠᠶᠢᠨ ᠳᠤᠷᠭ᠎ᠠ ᠴᠦᠮ ᠳᠤᠳᠤᠷ᠎ᠠ ᠨᠢ ᠪᠠᠶᠢᠬᠤ ᠶᠤᠮ︾ ᠭᠡᠪᠡ᠃ ᠡᠰᠡᠨ ᠳᠠᠶᠢᠱᠢ᠄ ︽ᠬᠠᠷᠢᠨ ᠳᠡᠶᠢᠮᠤ ᠪᠠᠶᠢᠭᠰᠠᠨ ᠶᠤᠮ ᠤᠤ︖ ᠭᠡᠷᠡᠭ ᠶᠠᠪᠤᠳᠠᠯ ᠨᠢᠭᠡᠨᠳᠡ ᠦᠡᠭᠭᠡᠷᠡᠴᠢᠭᠰᠡᠨ ᠪᠤᠯᠬᠤᠷ ᠳᠠᠬᠢᠵᠤ ᠨᠡᠭᠡᠮᠵᠢᠯᠡᠭᠰᠡᠨ ᠤ ᠭᠡᠷᠡᠭ ᠦᠭᠡᠢ᠃ ᠢᠡᠭᠽᠦ᠋ᠡᠭ ᠬᠠᠭᠠᠨ ᠪᠤᠴᠠᠵᠤ ᠬᠠᠷᠢᠪᠠᠯ ᠳᠠᠬᠢᠨ ᠰᠠᠭᠤᠷᠢᠨ ᠳᠠᠭᠠᠨ ᠰᠠᠭᠤᠵᠤ ᠴᠢᠳᠠᠨ᠎ᠠ ᠤᠤ︖︾ ᠭᠡᠰᠡᠨ ᠳᠤ ᠶᠠᠩ ᠱᠠᠨ᠄ ︽ᠶᠡᠭᠡ ᠰᠠᠭᠤᠷᠢ ᠶᠢ ᠨᠢᠭᠡᠨᠳᠡ ᠳᠤᠭᠳᠠᠭᠠᠴᠢᠭᠰᠠᠨ ᠲᠤᠯᠠ ᠳᠡᠭᠦᠨ ᠢ ᠳᠠᠬᠢᠨ ᠰᠠᠭᠤᠷᠢᠨ ᠳᠤ ᠰᠠᠭᠤᠯᠭᠠᠬᠤ ᠳᠤ ᠪᠡᠷᠭᠡ ᠲᠠᠢ︾ ᠭᠡᠪᠡ᠃ ᠡᠰᠡᠨ ᠳᠠᠶᠢᠱᠢ᠄ ︽ᠳᠤᠮᠳᠠᠳᠤ ᠤᠯᠤᠰ ᠤᠨ ᠳᠡᠤᠭᠡᠨ ᠳᠡᠭᠡᠷ᠎ᠡ ᠶᠤᠤ ᠬᠠᠭᠠᠨ ᠠᠴᠠ ᠱᠦᠨ ᠬᠠᠭᠠᠨ ᠳᠤ ᠰᠠᠭᠤᠷᠢᠨ ᠢᠶᠠᠨ ᠨᠠᠶᠢᠷ ᠳᠠᠯᠪᠢᠭᠰᠠᠨ ᠮᠠᠭᠳᠠᠭᠤᠰᠢᠳᠠᠢ ᠤᠴᠢᠷ ᠪᠠᠶᠢᠳᠠᠭ ᠪᠢᠯᠡ᠂ ᠤᠳᠤ ᠶᠠᠭᠠᠬᠢᠭᠠᠳ ᠳᠡᠭᠦᠨ ᠢ ᠳᠠᠭᠤᠷᠢᠶᠠᠵᠤ ᠪᠤᠯᠬᠤ ᠦᠭᠡᠢ ᠪᠤᠢ︖︾ ᠭᠡᠰᠡᠨ ᠳᠤ ᠶᠠᠩ ᠱᠠᠨ᠄ ︽ᠭᠡᠨ ᠳᠠᠭᠤᠷᠢᠶᠠᠬᠤ ᠦᠭᠡᠢ ᠭᠡᠰᠡᠨ ᠪᠤᠢ︖ ᠲᠤᠬᠠᠢ ᠶᠢᠨ ᠦᠶ᠎ᠡ ᠳᠤ᠂ ᠶᠤᠤ ᠬᠠᠭᠠᠨ ᠱᠦᠨ ᠬᠠᠭᠠᠨ ᠳᠤ ᠰᠠᠭᠤᠷᠢ ᠪᠠᠨ ᠨᠠᠶᠢᠷ ᠳᠠᠯᠪᠢᠵᠤ ᠦᠭᠭᠦᠭᠰᠡᠨ ᠪᠠᠶᠢᠨ᠎ᠠ᠂ ᠦᠨᠤᠳᠤᠷ ᠠᠬ᠎ᠠ ᠨᠢ ᠳᠡᠭᠦᠦ ᠳᠡᠭᠡᠨ ᠰᠠᠭᠤᠷᠢ ᠪᠠᠨ ᠨᠠᠶᠢᠷ ᠳᠠᠯᠪᠢᠵᠤ ᠦᠭᠪᠡ᠂ ᠡᠨᠡ ᠨᠢ ᠶᠠᠭ ᠶᠤᠤ ᠪᠤᠯᠤᠨ ᠱᠦᠨ ᠤ ᠨᠠᠶᠢᠷ ᠳᠠᠯᠪᠢᠬᠤ ᠭᠡᠯᠪᠡᠷᠢ ᠶᠢ ᠳᠠᠭᠤᠷᠢᠶᠠᠭᠰᠠᠨ ᠶᠠᠪᠤᠳᠠᠯ ᠶᠤᠮ︾ ᠭᠡᠵᠡᠢ᠃ ᠳᠡᠷᠭᠡᠳᠡ ᠨᠢ ᠪᠠᠶᠢᠭᠰᠠᠨ ᠶᠡᠭᠡ ᠨᠤᠶᠠᠨ ᠡᠩᠭᠡ᠄ ︽ᠲᠠ ᠡᠨᠡ ᠤᠳᠠᠭ᠎ᠠ ᠬᠠᠭᠠᠨ ᠢᠶᠠᠨ ᠤᠭᠳᠤᠬᠤ ᠪᠠᠷ ᠢᠷᠡᠬᠦ ᠳᠡᠭᠡᠨ ᠮᠠᠨ ᠤ ᠳᠠᠶᠢᠱᠢ ᠪᠤᠯᠤᠨ ᠬᠠᠭᠠᠨ ᠳᠤ ᠶᠠᠮᠠᠷ ᠪᠡᠯᠡᠭ ᠠᠪᠴᠢᠷᠠᠵᠤ ᠦᠭᠪᠡ︖︾ ᠭᠡᠵᠦ ᠠᠰᠠᠭᠤᠭᠰᠠᠨ ᠳᠤ ᠶᠠᠩ ᠱᠠᠨ᠄ ︽ᠭᠡᠷᠪᠡ ᠵᠤᠭᠤᠰ ᠮᠦᠡᠭᠭᠦ ᠪᠠᠷ ᠬᠠᠭᠠᠨ ᠢᠶᠠᠨ ᠰᠤᠯᠢᠨ ᠵᠤᠯᠢᠵᠤ ᠠᠪᠠᠴᠢᠪᠠᠯ᠂ ᠬᠤᠵᠢᠮ ᠤᠨ ᠬᠦᠮᠦᠰ ᠮᠤᠩᠭᠤᠯ ᠨᠤᠶᠠᠳ ᠢ ᠡᠳ᠋ ᠮᠦᠡᠭᠭᠦᠨ ᠳᠤ ᠰᠢᠨᠤᠬᠠᠢ ᠭᠡᠵᠦ ᠶᠤᠤᠵᠤᠯᠠᠨ ᠳᠤᠭᠤᠬᠢᠯᠠᠵᠤ᠂ ᠮᠠᠭᠤ ᠨᠡᠷ᠎ᠡ ᠦᠯᠡᠳᠡᠬᠦ ᠪᠤᠯᠤᠨ᠎ᠠ᠂ ᠡᠨᠡ ᠤᠳᠠᠭ᠎ᠠ ᠪᠢ ᠬᠠᠭᠠᠨ ᠢᠶᠠᠨ ᠭᠠᠷ ᠬᠤᠭᠤᠰᠤᠨ ᠵᠠᠯᠠᠵᠤ ᠠᠪᠠᠴᠢᠪᠠᠯ᠂ ᠮᠤᠩᠭᠤᠯ ᠤᠨ ᠶᠡᠭᠡ ᠨᠤᠶᠠᠳ ᠦᠷᠤᠰᠢᠶᠡᠯ ᠵᠢᠷᠤᠮ ᠲᠠᠢ ᠪᠦᠭᠡᠳ ᠳᠡᠭᠷᠢ ᠶᠢᠨ ᠰᠠᠨᠠᠭ᠎ᠠ ᠪᠠᠷ ᠶᠠᠪᠤᠳᠠᠭ ᠭᠡᠳᠡᠭ ᠨᠢ ᠬᠦᠢᠴᠡᠳ ᠢᠯᠡᠷᠡᠨ᠎ᠡ᠃ ᠬᠤᠵᠢᠮ ᠪᠢ ᠳᠡᠤᠭᠡ ᠶᠢᠨ ᠰᠤᠳᠤᠷ ᠨᠠᠶᠢᠷᠠᠭᠤᠯᠵᠤ ᠬᠢᠨᠠᠬᠤ ᠦᠶᠡᠰ᠂ ᠮᠤᠩᠭᠤᠯ ᠤᠨ ᠶᠡᠭᠡᠰ ᠨᠤᠶᠠᠳ ᠤᠨ ᠡᠨᠡᠬᠦ ᠭᠠᠯᠠᠪ ᠶᠢᠷᠳᠢᠨᠴᠤ ᠳᠤ ᠭᠠᠷᠤᠭ᠎ᠠ ᠦᠭᠡᠢ ᠭᠠᠶᠢᠬᠠᠮᠰᠢᠭᠳᠤ ᠦᠢᠯᠡᠰ ᠢ ᠬᠦᠬᠡ ᠰᠤᠳᠤᠷ ᠲᠤ ᠴᠢᠬᠤᠯᠠᠴᠢᠯᠠᠨ ᠳᠡᠮᠳᠡᠭᠯᠡᠵᠦ᠂ ᠬᠤᠵᠢᠮ ᠬᠤᠶᠢᠴᠢ ᠶᠢᠨ ᠦᠷ᠎ᠠ ᠠᠴᠢᠨᠠᠷ ᠲᠤ ᠦᠨᠢ ᠡᠭᠦᠷᠢᠳᠡ ᠳᠠᠭᠤᠷᠢᠰᠤᠭᠤᠯᠤᠨ᠎ᠠ︾ ᠭᠡᠵᠡᠢ᠃ ᠡᠰᠡᠨ ᠳᠠᠶᠢᠱᠢ᠄ ︽ᠳᠡᠶᠢᠮᠤ ᠡ︕ ᠳᠡᠶᠢᠮᠤ᠃ ᠳ᠋ᠦ᠋ ᠢᠤᠢ ᠱᠢ ᠲᠦᠰᠢᠮᠡᠯ ᠮᠢᠨᠤ ᠰᠡᠳᠬᠢᠯ ᠤᠨ ᠦᠭᠡ ᠶᠢ ᠭᠡᠯᠡᠵᠦ ᠭᠠᠷᠭᠠᠯ᠎ᠠ︾ ᠭᠡᠪᠡ᠃ ᠳᠡᠭᠡᠭᠡᠳ ᠳᠠᠷᠠᠭ᠎ᠠ ᠡᠳᠤᠷ ᠨᠢ᠂ ᠡᠰᠡᠨ ᠳᠠᠶᠢᠱᠢ ᠪᠠ ᠤᠯᠠᠨ ᠠᠶᠢᠮᠠᠭ ᠤᠨ ᠠᠬᠠᠮᠠᠳ ᠨᠠᠷ ᠦᠭᠡᠷ ᠮᠤᠷᠢ ᠠᠯᠠᠵᠤ ᠬᠤᠷᠢᠮ ᠳᠠᠯᠪᠢᠭᠠᠳ᠂ ᠬᠦᠭᠵᠢᠮ ᠡᠭᠦᠰᠭᠡᠨ ᠳᠠᠭᠤᠤ ᠳᠠᠭᠤᠯᠠᠵᠤ᠂ ᠦᠪᠡᠳᠡᠭᠰᠢ ᠶᠡᠭᠡ ᠪᠠᠷ ᠦᠳᠡᠨ ᠮᠤᠷᠳᠠᠭᠤᠯᠬᠤ ᠶᠤᠰᠤᠯᠠᠯ ᠬᠢᠵᠡᠢ᠃ ᠳᠡᠭᠦᠨ ᠤ ᠬᠤᠶᠢᠨ᠎ᠠ ᠡᠰᠡᠨ ᠳᠠᠶᠢᠱᠢ ᠶᠢᠨ ᠳᠡᠭᠦᠦ ᠪᠠᠶᠠᠨᠳᠡᠮᠤᠷ ᠪᠡᠷ᠎ᠠ ᠪᠤᠯᠵᠤ ᠢᠡᠭᠽᠦ᠋ᠡᠭ ᠬᠠᠭᠠᠨ ᠢ ᠪᠡᠭᠡᠵᠢᠩ ᠳᠤ ᠬᠦᠷᠭᠡᠪᠡ᠃ ᠢᠡᠭᠽᠦ᠋ᠡᠭ ᠬᠠᠭᠠᠨ ᠪᠡᠭᠡᠵᠢᠩ ᠳᠡᠭᠡᠨ ᠪᠤᠴᠠᠭᠰᠠᠨ ᠤ ᠳᠠᠷᠠᠭ᠎ᠠ᠂ ᠵᠢᠷᠭᠤᠭᠠᠨ ᠵᠢᠯ ᠦᠡᠭᠭᠡᠷᠡᠭᠡᠳ ᠳᠠᠬᠢᠨ ᠶᠡᠭᠡ ᠰᠠᠭᠤᠷᠢᠨ ᠢᠶᠠᠨ ᠵᠠᠯᠭᠠᠮᠵᠢᠯᠠᠵᠤ ᠬᠠᠭᠠᠨ ᠡᠷᠭᠦᠮᠵᠢᠯᠡᠭᠳᠡᠭᠰᠡᠨ ᠪᠠᠶᠢᠵᠠᠢ᠃ 1452 ᠤᠨ ᠳᠤ᠂ ᠳᠠᠶᠢᠰᠦ᠋ᠡᠭ ᠬᠠᠭᠠᠨ ᠳᠠᠶᠢᠽᠢ ᠡᠷᠭᠦᠮᠵᠢᠯᠡᠬᠦ ᠠᠰᠠᠭᠤᠳᠠᠯ ᠳᠡᠭᠡᠷ᠎ᠡ ᠡᠰᠡᠨ ᠳᠠᠶᠢᠱᠢ ᠯᠤᠭ᠎ᠠ ᠵᠦᠷᠢᠴᠡᠯ ᠡᠭᠦᠰᠪᠡ᠃ ᠳᠠᠶᠢᠰᠦ᠋ᠡᠭ ᠬᠠᠭᠠᠨ ᠪᠤᠯᠤᠨ ᠠᠯᠳᠠᠨ ᠤᠷᠤᠭ ᠤᠨ ᠨᠢᠭᠡᠨ ᠪᠦᠯᠦᠭ ᠲᠦᠰᠢᠮᠡᠳ ᠮᠤᠯᠠᠨ ᠢ ᠳᠠᠶᠢᠽᠢ ᠪᠤᠯᠭᠠᠬᠤ ᠶᠢ ᠰᠠᠨᠠᠯ ᠨᠢᠭᠡᠳᠠᠢ ᠬᠦᠷᠢᠶᠡᠯᠡᠪᠡ᠃ ᠡᠰᠡᠨ ᠳᠠᠶᠢᠱᠢ ᠲᠦᠷᠤᠭᠦᠳᠠᠢ ᠨᠢᠭᠡᠨ ᠪᠦᠯᠦᠭ ᠶᠡᠭᠡᠰ ᠨᠤᠶᠠᠳ ᠠᠪᠢᠳᠠᠨ ᠢ ᠳᠠᠶᠢᠽᠢ ᠡᠷᠭᠦᠮᠵᠢᠯᠡᠬᠦ ᠶᠢ ᠵᠤᠷᠢᠵᠤ ᠪᠠᠶᠢᠪᠠ᠃ ᠤᠴᠢᠷ ᠨᠢ ᠠᠪᠢᠳᠠᠨ ᠪᠤᠯ ᠡᠰᠡᠨ ᠳᠠᠶᠢᠱᠢ ᠶᠢᠨ ᠵᠢᠭᠡ ᠬᠦᠪᠡᠭᠦᠨ ᠪᠤᠯᠬᠤ ᠶᠤᠮ᠃ ᠡᠶᠢᠮᠤ ᠠᠴᠠ ᠡᠨᠡᠬᠦ ᠵᠦᠷᠢᠴᠡᠯ ᠢ ᠰᠢᠢᠳᠪᠤᠷᠢᠯᠡᠬᠦ ᠶᠢᠨ ᠲᠦᠯᠤᠭᠡ ᠳᠠᠶᠢᠰᠦ᠋ᠡᠭ ᠬᠠᠭᠠᠨ ᠪᠦᠬᠦ ᠮᠤᠩᠭᠤᠯ ᠤᠨ ᠨᠤᠶᠠᠳ ᠲᠦᠰᠢᠮᠡᠳ ᠢ ᠴᠤᠭᠯᠠᠭᠤᠯᠵᠤ ᠬᠠᠷ᠎ᠠ ᠭᠡᠳᠡᠭ ᠭᠠᠵᠠᠷ ︵ᠲᠦᠷᠫᠠᠨ ᠤ ᠤᠷᠴᠢᠮ ᠪᠤᠢ︶ ᠶᠡᠭᠡ ᠬᠤᠷᠠᠯ ᠬᠤᠷᠠᠯᠳᠤᠭᠤᠯᠬᠤ ᠪᠠᠷ ᠳᠤᠭᠳᠠᠪᠠ᠃ ᠡᠨᠡ ᠤᠳᠠᠭ᠎ᠠ ᠶᠢᠨ ᠬᠤᠷᠠᠯᠳᠤᠭᠠᠨ ᠢ ᠳᠠᠶᠢᠰᠦ᠋ᠡᠭ ᠬᠠᠭᠠᠨ ᠪᠠ ᠳᠡᠭᠦᠨ ᠤ ᠳᠡᠭᠦᠦ ᠠᠭᠪᠠᠷᠵᠢᠨ ᠵᠢᠨᠤᠩ ᠡᠷᠬᠢᠯᠡᠭᠰᠡᠨ ᠪᠦᠭᠡᠳ ᠡᠰᠡᠨ ᠳᠠᠶᠢᠱᠢ ᠶᠢᠨ ᠳᠠᠯ᠎ᠠ ᠠᠴᠠ ᠠᠯᠠᠭ ᠳᠡᠮᠤᠷ ᠴᠧᠡᠭᠰᠢᠶᠠᠩ᠂ ᠤᠷᠳᠤᠰ ᠤᠨ ᠬᠠᠳᠠᠨᠳᠡᠮᠤᠷ ᠴᠧᠡᠭᠰᠢᠶᠠᠩ᠂ ᠳᠠᠯᠠᠩᠬᠦᠳ ᠠᠶᠢᠮᠠᠭ ᠤᠨ ᠠᠪᠳᠤᠷᠠ ᠰᠡᠴᠡᠨ ᠪᠤᠯᠤᠨ ᠠᠪᠠᠪᠤᠷᠬᠢ᠂ ᠳᠠᠶᠢᠳᠤᠩ᠂ ᠳᠤᠬᠤᠨ ᠬᠦᠮᠡᠴᠢ᠂ ᠯᠤᠪᠰᠢ ᠵᠡᠷᠭᠡ ᠲᠦᠰᠢᠮᠡᠳ ᠤᠷᠤᠯᠴᠠᠵᠠᠢ᠃ ᠬᠤᠷᠠᠯ ᠳᠡᠭᠡᠷ᠎ᠡ ᠬᠤᠶᠠᠷ ᠡᠳᠡᠭᠡᠳ ᠢᠶᠠᠷ ᠢᠶᠠᠨ ᠰᠢᠷᠤᠭᠦᠨ ᠮᠠᠷᠭᠤᠯᠳᠤᠵᠤ ᠰᠠᠨᠠᠯ ᠨᠢᠭᠡᠳᠦᠭᠰᠡᠨ ᠦᠭᠡᠢ ᠪᠠᠷ ᠪᠠᠷᠠᠬᠤ ᠦᠭᠡᠢ᠂ ᠠᠭᠪᠠᠷᠵᠢᠨ ᠵᠢᠨᠤᠩ ᠪᠠᠰᠠ ᠡᠰᠡᠨ ᠳᠠᠶᠢᠱᠢ ᠶᠢᠨ ᠳᠠᠯ᠎ᠠ ᠳᠤ ᠵᠤᠭᠰᠤᠭᠰᠠᠨ ᠠᠴᠠ ᠵᠦᠷᠢᠴᠡᠯ ᠢ ᠤᠯᠠᠮ ᠬᠤᠷᠴᠠᠳᠬᠠᠭᠰᠠᠨ ᠪᠠᠶᠢᠨ᠎ᠠ᠃ ᠡᠶᠢᠮᠤ ᠠᠴᠠ ᠡᠰᠡᠨ ᠳᠠᠶᠢᠱᠢ ᠠᠭᠪᠠᠷᠵᠢᠨ ᠵᠢᠨᠤᠩ ᠲᠠᠢ ᠬᠤᠯᠪᠤᠭᠠᠯᠠᠵᠤ᠂ ᠳᠦᠷᠪᠡᠨ ᠲᠦᠮᠡᠨ ᠴᠡᠷᠢᠭ ᠳᠠᠶᠢᠴᠢᠯᠠᠭᠠᠳ ᠳᠠᠶᠢᠰᠦ᠋ᠡᠭ ᠬᠠᠭᠠᠨ ᠤ ᠰᠠᠭᠤᠵᠤ ᠪᠠᠶᠢᠭᠰᠠᠨ ᠬᠠᠷ᠎ᠠ ᠬᠤᠷᠤᠨ ᠬᠤᠳᠠ ᠶᠢ ᠪᠦᠰᠡᠯᠡᠨ ᠠᠪᠤᠪᠠ᠃ ᠲᠡᠷᠡ ᠲᠤᠬᠠᠢ ᠠᠭᠪᠠᠷᠵᠢᠨ ᠵᠢᠨᠤᠩ᠄ ︽ᠮᠢᠨᠤ ᠠᠬ᠎ᠠ ᠳᠠᠶᠢᠰᠦ᠋ᠡᠭ ᠬᠠᠭᠠᠨ ᠪᠤᠯ ᠶᠡᠷᠤ ᠠᠴᠠ ᠵᠢᠷᠤᠭᠡ ᠪᠠᠭ᠎ᠠ ᠲᠠᠢ ᠠᠶᠤᠮᠠᠳᠤᠭᠠᠢ ᠬᠦᠮᠤᠨ ᠶᠤᠮ᠂ ᠰᠦᠨᠢ ᠴᠡᠷᠢᠭ ᠢᠶᠠᠷ ᠬᠤᠳᠠ ᠶᠢᠨ ᠭᠠᠳᠠᠨ᠎ᠠ ᠤᠯᠠᠨ ᠠᠷᠪᠢᠨ ᠲᠦᠳᠡᠭ ᠭᠠᠯ ᠰᠢᠳᠠᠭᠠᠯᠭᠠᠪᠠᠯ ᠲᠡᠷᠡ ᠯᠠᠪᠳᠠᠢ ᠵᠤᠯᠬᠤ ᠪᠤᠯᠤᠨ᠎ᠠ ︾ ᠭᠡᠪᠡ᠃ ᠡᠰᠡᠨ ᠳᠠᠶᠢᠱᠢ ᠡᠨᠡᠬᠦ ᠰᠠᠨᠠᠯ ᠢ ᠵᠦᠪᠰᠢᠶᠡᠷᠡᠭᠡᠳ᠂ ᠴᠡᠷᠢᠭ ᠪᠦᠷᠢ ᠪᠠᠷ ᠨᠢᠵᠢᠭᠡᠳ ᠤᠪᠤᠭ᠎ᠠ ᠲᠦᠯᠡᠭᠦᠯᠦᠭᠰᠡᠨ ᠳᠤ ᠳᠠᠶᠢᠰᠤᠩ ᠬᠠᠭᠠᠨ ᠤᠯᠵᠤ ᠦᠵᠡᠭᠡᠳ ᠶᠡᠬᠡᠳᠡ ᠠᠶᠤᠵᠤ᠂ ᠰᠦᠨᠢ ᠲᠦᠯᠢ ᠪᠠᠷ ᠴᠦᠭᠡᠨ ᠳᠤᠭᠠᠨ ᠤ ᠴᠡᠷᠢᠭ ᠢ ᠠᠪᠴᠤ ᠭᠡᠷᠤᠯᠤᠨ ᠭᠤᠤᠯ ᠢ ᠭᠠᠳᠤᠯᠤᠭᠠᠳ᠂ ᠬᠤᠷᠯᠠᠳ ᠤᠨ ᠬᠠᠳᠠᠮ ᠡᠴᠢᠭᠡ ᠴᠠᠪᠳᠠᠨ ᠤ ᠳᠤ ᠬᠦᠷᠪᠡ᠃ ᠳᠠᠶᠢᠰᠦ᠋ᠡᠭ ᠬᠠᠭᠠᠨ ᠭᠡᠳᠤᠨ ᠵᠢᠯ ᠤᠨ ᠡᠮᠤᠨ᠎ᠡ ᠭᠡᠦᠭᠡᠨ ᠠᠯᠳᠠᠭᠠᠨ᠎ᠠ ᠶᠢ ᠨᠢ ᠬᠠᠶᠠᠵᠤ ᠬᠠᠷᠢᠭᠤᠯᠤᠭᠰᠠᠨ ᠶᠠᠪᠤᠳᠠᠯ ᠳᠤ ᠵᠠᠨᠤᠨ ᠬᠤᠷᠤᠰᠴᠤ ᠪᠠᠶᠢᠭᠰᠠᠨ ᠲᠤᠯᠠ ᠴᠠᠪᠳᠠᠨ᠄ ︽ᠬᠠᠷᠭᠤᠨ᠎ᠠ ᠶᠢᠨ ᠠᠷᠤ ᠤᠷᠢᠳᠠ ᠬᠠᠯᠠᠭᠤᠨ ᠪᠢᠯᠡ / ᠡᠳᠤᠭᠡ ᠶᠠᠭᠠᠬᠢᠨ ᠬᠦᠢᠳᠡᠨ ᠪᠤᠯᠪᠠ / ᠬᠠᠳᠤᠨ ᠤ ᠡᠪᠤᠷ ᠤᠷᠢᠳ ᠬᠦᠢᠳᠡᠨ ᠪᠢᠯᠡ / ᠡᠳᠤᠭᠡ ᠶᠠᠭᠠᠬᠢᠨ ᠬᠠᠯᠠᠭᠤᠨ ᠪᠤᠯᠪᠠ / ᠡᠪᠡᠰᠤ ᠦᠭᠡᠢ ᠭᠡᠵᠦ ᠨᠡᠭᠦᠭᠰᠡᠨ ᠨᠤᠳᠤᠭ ᠲᠤ ᠳᠠᠬᠢᠨ ᠪᠠᠭᠤᠳᠠᠭ ᠤᠤ︖ / ᠦᠡᠭᠭᠡ ᠦᠭᠡᠢ ᠭᠡᠵᠦ ᠬᠠᠶᠠᠭᠰᠠᠨ ᠡᠮ᠎ᠡ ᠶᠢ ᠳᠠᠬᠢᠨ ᠠᠪᠳᠠᠭ ᠪᠤᠶᠤ︖︾ ᠭᠡᠵᠦ ᠵᠦᠢᠷᠯᠡᠨ ᠶᠤᠵᠤᠯᠠᠭᠠᠳ᠂ ᠳᠠᠶᠢᠰᠦ᠋ᠡᠭ ᠬᠠᠭᠠᠨ ᠢ ᠬᠤᠶᠠᠷ ᠬᠠᠮᠠᠭᠠᠯᠠᠭᠴᠢ ᠲᠠᠢ ᠨᠢ ᠬᠤᠤᠷᠯᠠᠨ ᠠᠯᠠᠵᠠᠢ᠃ ᠳᠡᠭᠡᠭᠡᠳ ᠮᠤᠩᠭᠤᠯ ᠤᠨ ᠲᠦᠷᠦ ᠳᠤ ᠬᠠᠭᠠᠨ ᠦᠭᠡᠢ ᠪᠤᠯᠤᠭᠰᠠᠨ ᠲᠤᠯᠠ᠂ 1453 ᠤᠨ ᠳᠤ᠂ ᠡᠰᠡᠨ ᠳᠠᠶᠢᠱᠢ ᠶᠡᠭᠡ ᠰᠠᠭᠤᠷᠢᠨ ᠢ ᠵᠠᠯᠭᠠᠮᠵᠢᠯᠠᠭᠠᠳ᠂ ᠦᠪᠡᠷ ᠤᠨ ᠪᠡᠶ᠎ᠡ ᠪᠠᠨ ᠶᠡᠭᠡ ᠮᠤᠩᠭᠤᠯ ᠤᠯᠤᠰ ᠤᠨ ᠳᠡᠭᠷᠢᠯᠢᠭ ᠪᠤᠭᠳᠠ ᠬᠠᠭᠠᠨ ᠭᠡᠮᠡᠨ ᠡᠷᠭᠦᠮᠵᠢᠯᠡᠪᠡ᠃ ᠡᠰᠡᠨ ᠳᠠᠶᠢᠱᠢ ᠶᠢᠨ ᠬᠠᠭᠠᠨ ᠰᠠᠭᠤᠷᠢᠨ ᠳᠤ ᠰᠠᠭᠤᠭᠰᠠᠨ ᠤ ᠰᠡᠭᠦᠯᠡᠷ᠂ ᠨᠢᠭᠡᠨ ᠡᠳᠤᠷ ᠠᠯᠠᠭ ᠳᠡᠮᠤᠷ ᠪᠤᠯᠤᠨ ᠬᠠᠳᠠᠳᠡᠮᠤᠷ ᠬᠤᠶᠠᠭᠤᠯᠠ ᠬᠦᠷᠴᠤ ᠢᠷᠡᠭᠡᠳ᠄ ︽ᠡᠰᠡᠨ ᠴᠢ ᠪᠦᠬᠦ ᠮᠤᠩᠭᠤᠯ ᠤᠨ ᠬᠠᠭᠠᠨ ᠪᠤᠯᠪᠠ᠂ ᠤᠭ ᠤᠨ ᠳᠠᠶᠢᠱᠢ ᠴᠤᠯᠠ ᠪᠠᠨ ᠪᠢᠳᠡᠨ ᠳᠤ ᠦᠭᠭᠦᠭᠡᠴᠢ︾ ᠭᠡᠪᠡ᠃ ᠡᠰᠡᠨ ᠬᠠᠭᠠᠨ᠄ ︽ᠪᠢ ᠳᠠᠶᠢᠱᠢ ᠴᠤᠯᠠ ᠪᠠᠨ ᠬᠦᠪᠡᠭᠦᠨ ᠳᠡᠭᠡᠨ ᠦᠭᠪᠡ︾ ᠭᠡᠰᠡᠨ ᠳᠤ ᠳᠡᠳᠡ ᠬᠤᠶᠠᠭᠤᠯᠠ᠄ ︽ᠠᠯᠠᠭ ᠳᠡᠮᠤᠷ ᠤᠨ ᠠᠤᠭ᠎ᠠ ᠪᠠᠭᠠᠳᠤᠷ ᠢᠶᠠᠷ᠂ ᠬᠠᠳᠠᠳᠡᠮᠤᠷ ᠤᠨ ᠬᠠᠳᠠᠭᠤ ᠵᠤᠷᠢᠭ ᠢᠶᠠᠷ᠂ ᠠᠪᠳᠤᠷᠠ ᠰᠡᠴᠡᠨ ᠤ ᠠᠷᠭ᠎ᠠ ᠤᠬᠠᠭᠠᠨ ᠢᠶᠠᠷ ᠤᠶᠢᠷᠠᠳ ᠮᠤᠩᠭᠤᠯ ᠤᠨ ᠲᠦᠷᠦ ᠶᠢ ᠠᠪᠴᠤ ᠬᠠᠭᠠᠨ ᠰᠠᠭᠤᠪᠠ ᠴᠢ᠂ ᠭᠠᠭᠴᠠ ᠴᠢᠨᠤ ᠬᠦᠴᠤᠨ ᠪᠢᠯᠢᠤ︖ ᠭᠡᠳᠡᠯ᠎ᠡ ᠴᠢ ᠬᠠᠭᠠᠨ ᠰᠠᠭᠤᠮᠠᠭᠴᠠ ᠴᠢᠮᠠᠳᠤ ᠦᠭᠦᠨ ᠵᠢᠳᠭᠦᠵᠤ ᠴᠢᠰᠤᠨ ᠭᠠᠪᠢᠶ᠎ᠠ ᠪᠠᠶᠢᠭᠤᠯᠤᠭᠰᠠᠨ ᠨᠤᠶᠠᠳ ᠲᠦᠰᠢᠮᠡᠳ ᠢᠶᠠᠨ ᠮᠠᠷᠳᠠᠴᠢᠬᠠᠵᠠᠢ᠃ ᠴᠢ ᠶᠡᠷᠤ ᠨᠢ ᠰᠠᠶᠢᠨ ᠢᠶᠠᠨ ᠦᠵᠡᠭᠦ ᠦᠭᠡᠢ ᠶᠤᠮ︾ ᠭᠡᠵᠦ ᠭᠡᠯᠡᠭᠡᠳ ᠭᠠᠷᠴᠤ ᠶᠠᠪᠤᠪᠠ᠃ ᠡᠰᠡᠨ ᠬᠠᠭᠠᠨ ᠡᠨᠡ ᠬᠤᠶᠠᠷ ᠨᠤᠶᠠᠨ ᠯᠤᠭ᠎ᠠ ᠶᠢᠨ ᠵᠦᠷᠢᠴᠡᠯ ᠢ ᠵᠠᠷ ᠵᠡᠪᠰᠡᠭ ᠬᠦᠳᠡᠯᠭᠡᠨ ᠠᠷᠢᠯᠭᠠᠬᠤ ᠳᠤ ᠪᠡᠷᠭᠡ ᠭᠡᠳᠡᠭ ᠢ ᠮᠡᠳᠡᠵᠦ ᠪᠠᠶᠢᠭᠰᠠᠨ ᠲᠤᠯᠠ᠂ ᠨᠢᠭᠡᠨ ᠡᠳᠤᠷ ᠠᠯᠠᠭ ᠳᠡᠮᠤᠷ ᠤᠨ ᠬᠤᠶᠠᠷ ᠬᠦᠪᠡᠭᠦᠨ ᠢ ᠦᠪᠡᠷ ᠤᠨ ᠦᠷᠤᠭᠡᠨ ᠳᠡᠭᠡᠨ ᠳᠠᠭᠤᠳᠠᠨ ᠠᠪᠴᠢᠷᠠᠵᠤ᠄ ︽ᠮᠠᠨ ᠤ ᠬᠦᠬᠡᠨᠠᠭᠤᠷ ᠤᠨ ᠰᠡᠷᠭᠡᠶᠢᠯᠡᠯᠳᠡ ᠶᠢᠨ ᠬᠦᠴᠤᠨ ᠢ ᠪᠠᠳᠤᠳᠬᠠᠬᠤ ᠴᠢᠬᠤᠯᠠ ᠲᠠᠢ ᠪᠠᠶᠢᠨ᠎ᠠ᠃ ᠳᠠᠨ ᠤ ᠠᠬ᠎ᠠ ᠳᠡᠭᠦᠦ ᠬᠤᠶᠠᠷ ᠢ ᠮᠢᠨᠤ ᠬᠦᠪᠡᠭᠦᠨ ᠬᠤᠷᠬᠤᠳ ᠲᠠᠢ ᠬᠠᠮᠳᠤ ᠪᠠᠷ ᠳᠡᠨᠳᠡ ᠢᠯᠡᠭᠡᠶ᠎ᠡ᠃ ᠳᠠᠨᠤᠰ ᠴᠡᠷᠢᠭ ᠢᠶᠠᠨ ᠪᠦᠬᠦᠳᠡ ᠶᠢ ᠠᠪᠴᠤ ᠶᠠᠪᠤᠬᠤ ᠪᠤᠯᠪᠠᠤ︾ ᠭᠡᠪᠡ᠃ ᠭᠦᠬᠡᠨᠠᠭᠤᠷ ᠲᠤ ᠤᠴᠢᠬᠤ ᠵᠠᠮ ᠵᠠᠭᠤᠷ᠎ᠠ ᠬᠤᠷᠬᠤᠳ ᠬᠤᠤᠷᠳᠤ ᠠᠷᠢᠬᠢ ᠪᠠᠷ ᠠᠯᠠᠭ ᠳᠡᠮᠤᠷ ᠤᠨ ᠬᠤᠶᠠᠳᠤᠭᠠᠷ ᠬᠦᠪᠡᠭᠦᠨ ᠢ ᠬᠤᠤᠷᠯᠠᠨ ᠠᠯᠠᠪᠠ᠃ ᠡᠨᠡᠬᠦ ᠵᠤᠯ ᠪᠤᠰᠤ ᠶᠢᠨ ᠶᠠᠪᠤᠳᠠᠯ ᠢ ᠠᠯᠠᠭ ᠳᠡᠮᠤᠷ ᠤᠨ ᠶᠡᠭᠡ ᠬᠦᠪᠡᠭᠦᠨ ᠨᠢᠭᠤᠴᠠ ᠪᠠᠷ ᠬᠦᠮᠤᠨ ᠳᠤᠮᠢᠯᠠᠨ ᠡᠴᠢᠭᠡ ᠳᠡᠭᠡᠨ ᠮᠡᠳᠡᠭᠦᠯᠪᠡ᠃ ᠠᠯᠠᠭ ᠳᠡᠮᠤᠷ ᠡᠨᠡ ᠴᠢᠮᠡᠭᠡ ᠶᠢ ᠤᠯᠵᠤ ᠰᠤᠨᠤᠰᠤᠭᠠᠳ᠂ ᠠᠭᠤᠷ ᠬᠢᠯᠢᠩ ᠢᠶᠠᠨ ᠳᠠᠷᠤᠵᠤ ᠶᠠᠳᠠᠨ᠂ ᠭᠤᠷᠪᠠᠨ ᠲᠦᠮᠡᠨ ᠴᠡᠷᠢᠭ ᠳᠠᠶᠢᠴᠢᠯᠠᠵᠤ᠂ ᠡᠰᠡᠨ ᠬᠠᠭᠠᠨ ᠢ ᠳᠠᠭᠠᠷᠢᠨ ᠳᠤᠪᠳᠤᠯᠤᠭᠠᠳ ᠳᠡᠭᠦᠦ ᠨᠠᠷ ᠲᠠᠢ ᠨᠢ ᠬᠠᠮᠳᠤ ᠪᠠᠷ ᠤᠰᠠᠳᠬᠠᠨ ᠰᠦᠨᠤᠭᠡᠭᠰᠡᠨ ᠪᠠᠶᠢᠪᠠ᠃        ᠡᠰᠡᠨ ᠳᠠᠶᠢᠱᠢ 1453 ᠤᠨ ᠳᠤ ᠬᠠᠭᠠᠨ ᠡᠷᠭᠦᠮᠵᠢᠯᠡᠭᠳᠡᠭᠡᠳ᠂ 1454 ᠤᠨ ᠳᠤ ᠠᠯᠠᠭᠳᠠᠬᠤ ᠬᠦᠷᠳᠡᠯ᠎ᠡ ᠬᠠᠭᠠᠨ ᠰᠢᠷᠡᠭᠡᠨ ᠳᠤ ᠲᠦᠡᠭᠭᠡᠵᠢ ᠨᠢᠭᠡ ᠯᠠ ᠵᠢᠯ ᠰᠠᠭᠤᠭᠰᠠᠨ ᠪᠢᠯᠡ᠃ ᠡᠰᠡᠨ ᠬᠠᠭᠠᠨ ᠪᠤᠯ 15 ᠳ᠋ᠤᠭᠠᠷ ᠵᠠᠭᠤᠨ ᠤ ᠦᠶ᠎ᠡ ᠳᠠᠬᠢ ᠮᠤᠩᠭᠤᠯ ᠤᠨ ᠨᠢᠭᠡᠨ ᠭᠠᠷᠮᠠᠭᠠᠢ ᠤᠯᠤᠰ ᠲᠦᠷᠤᠴᠢᠨ ᠪᠤᠯᠬᠤ ᠪᠦᠭᠡᠳ ᠴᠡᠷᠢᠭ ᠤᠨ ᠡᠷᠳᠡᠮᠳᠡᠨ ᠪᠤᠯᠤᠨ᠎ᠠ᠂ ᠮᠦᠨᠴᠤ ᠮᠤᠩᠭᠤᠯ ᠤᠨ ᠳᠡᠤᠭᠡᠨ ᠳᠤ ᠴᠢᠩᠬᠢᠰ ᠬᠠᠭᠠᠨ᠂ ᠬᠤᠪᠢᠯᠠᠢ ᠬᠠᠭᠠᠨ ᠠᠴᠠ ᠬᠤᠶᠢᠰᠢ ᠭᠡᠳᠤᠨ ᠦᠶ᠎ᠡ ᠶᠢᠨ ᠨᠡᠷ᠎ᠡ ᠠᠯᠳᠠᠷᠰᠢᠭᠰᠠᠨ ᠬᠠᠭᠠᠳ ᠤᠨ ᠨᠢᠭᠡ ᠨᠢ ᠪᠤᠯᠬᠤ ᠶᠤᠮ᠃ ᠭᠡᠳᠡᠯ᠎ᠡ ᠠᠷᠭ᠎ᠠ ᠪᠤᠳᠤᠯᠭ᠎ᠠ ᠪᠠ ᠬᠦᠮᠤᠨ ᠢ ᠬᠡᠷᠡᠭᠯᠡᠬᠦ ᠵᠠᠷᠴᠢᠮ ᠳᠡᠭᠡᠷ᠎ᠡ ᠮᠦᠨ ᠠᠯᠳᠠᠭ᠎ᠠ ᠳᠤᠳᠠᠭᠳᠠᠯ ᠲᠠᠢ ᠪᠠᠶᠢᠭᠰᠠᠨ ᠲᠤᠯᠠ᠂ ᠬᠠᠭᠠᠨ ᠰᠠᠭᠤᠷᠢᠨ ᠳᠤ ᠠᠷᠠᠢ ᠨᠢᠭᠡ ᠯᠠ ᠵᠢᠯ ᠰᠠᠭᠤᠭᠠᠳ᠂ ᠦᠢᠯᠡᠰ ᠢᠶᠠᠨ ᠬᠠᠭᠠᠰ ᠳᠤᠳᠠᠭᠤ ᠬᠠᠶᠠᠵᠤ᠂ ᠦᠰᠢᠶᠡᠳᠡᠨ ᠳᠡᠭᠡᠨ ᠠᠮᠠᠷᠬᠠᠨ ᠤᠰᠠᠳᠬᠠᠭᠳᠠᠭᠰᠠᠨ ᠪᠠᠶᠢᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号