ᠴᠦᠢᠵᠢᠡᠤᠤᠠᠰᠠᠷ
ᠨᠡᠶᠢᠲᠡᠯᠡᠭᠰᠡᠨ ᠴᠠᠭ᠄
2019/12/10
        ᠴᠦᠢᠵᠢᠡᠤᠤᠠᠰᠠᠷ ᠪᠠᠷᠤᠭ 1260 ᠤᠨ ᠤ ᠦᠶ᠎ᠡ ᠪᠠᠷ ᠰᠢᠨᠵᠢᠶᠠᠩ᠂ ᠲᠦᠪᠡᠳ᠂ ᠬᠦᠬᠡᠨᠠᠭᠤᠷ ᠭᠤᠷᠪᠠᠨ ᠤᠷᠤᠨ ᠤ ᠠᠭᠤᠯᠵᠠᠷ ᠲᠤ ᠨᠤᠳᠤᠭᠯᠠᠵᠤ ᠪᠠᠶᠢᠭᠰᠠᠨ ᠪᠦᠭᠡᠳ ᠪᠤᠷᠬᠠᠨ ᠤ ᠨᠤᠮ ᠢ ᠬᠦᠨ ᠪᠢᠰᠢᠯᠭᠠᠵᠤ᠂ ᠰᠢᠳᠢ ᠶᠢ ᠤᠯᠤᠭᠰᠠᠨ ᠱᠢᠷᠳᠡᠭᠡᠪᠡ ᠵᠠᠯᠠᠭᠤ ᠭᠡᠷᠡᠯ ᠭᠡᠳᠡᠭ ᠬᠦᠮᠤᠨ ᠤ ᠭᠡᠷ ᠲᠤ ᠲᠦᠷᠤᠵᠡᠢ᠃ ᠳᠡᠭᠦᠨ ᠤ ᠪᠠᠭ᠎ᠠ ᠶᠢᠨ ᠨᠡᠷ᠎ᠡ ᠨᠢ ᠳ᠋ᠠᠮᠢᠳᠳᠤᠷᠵᠢ ᠭᠡᠳᠡᠭ ᠪᠦᠭᠡᠳ ᠳᠦᠢᠨ ᠪᠤᠯᠤᠭᠰᠠᠨ ᠤ ᠬᠤᠶᠢᠨ᠎ᠠ ᠴᠦᠢᠵᠢᠡᠤᠤᠠᠰᠠᠷ ᠭᠡᠮᠡᠨ ᠨᠡᠷᠡᠯᠡᠪᠡ᠃ ᠤᠯᠤᠰ ᠤᠨ ᠪᠠᠭᠰᠢ ᠪᠠᠶᠢᠭᠰᠠᠨ ᠫᠠᠭᠪᠠ ᠳᠡᠭᠦᠨ ᠤ ᠨᠡᠷ᠎ᠡ ᠶᠢ ᠴᠦᠢᠬᠦᠠᠤᠤᠠᠰᠠᠷ ᠭᠡᠵᠦ ᠬᠠᠯᠠᠨ ᠦᠡᠭᠭᠡᠷᠡᠭᠰᠡᠨ ᠪᠦᠭᠡᠳ ᠵᠠᠷᠢᠮ ᠨᠤᠮ ᠰᠤᠳᠤᠷ ᠲᠤ ᠪᠠᠰᠠ ︽ᠨᠤᠮ ᠤᠨ ᠭᠡᠷᠡᠯ — ᠨᠤᠮᠤᠨᠭᠡᠷᠡᠯ︾ ᠭᠡᠵᠦ ᠤᠷᠴᠢᠭᠤᠯᠤᠨ ᠠᠪᠤᠭᠰᠠᠨ ᠪᠠᠶᠢᠳᠠᠭ ᠶᠤᠮ᠃        1265 ᠤᠨ ᠳᠤ᠂ ᠴᠦᠢᠵᠢᠡᠤᠤᠠᠰᠠᠷ ᠳᠠᠪᠤᠨ ᠨᠠᠰᠤᠳᠠᠢ ᠳᠠᠭᠠᠨ ᠰᠦᠮ᠎ᠡ ᠳᠤ ᠰᠠᠭᠤᠵᠤ ᠨᠤᠮ ᠰᠤᠷᠤᠭᠠᠳ᠂ 1295 ᠤᠨ ᠪᠤᠯᠬᠤ ᠳᠤ᠂ ᠡᠷᠳᠡᠮ ᠨᠤᠮ ᠳᠤ ᠶᠡᠬᠡᠳᠡ ᠴᠠᠭᠠᠷᠠᠵᠤ᠂ ᠳᠠᠪᠤᠨ ᠤᠬᠠᠭᠠᠨ ᠳᠤ ᠨᠡᠪᠳᠡᠷᠡᠭᠡᠳ ᠪᠠᠷᠠᠭᠤᠨ ᠲᠦᠪᠡᠳ ᠲᠤ ᠠᠯᠳᠠᠷᠰᠢᠵᠠᠢ᠃        1295 ᠤᠨ ᠳᠤ᠂ ᠦᠯᠵᠡᠶᠢᠳᠤ ᠬᠠᠭᠠᠨ ᠳᠡᠮᠤᠷ ᠤᠨ ᠤᠷᠢᠯᠭ᠎ᠠ ᠪᠠᠷ ᠮᠤᠩᠭᠤᠯ ᠳᠤ ᠢᠷᠡᠵᠦ ᠱᠠᠰᠳᠢᠷ᠂ ᠰᠤᠳᠤᠷ ᠳ᠋ᠠᠨᠳᠠᠷᠢᠰ᠂ ︽ᠪᠤᠳᠢᠴᠠᠷ᠎ᠠ ᠠᠸᠠᠳᠠᠷ᠎ᠠ︾ ᠵᠡᠷᠭᠡ ᠤᠯᠠᠨ ᠨᠤᠮ ᠪᠢᠴᠢᠭ ᠢ ᠤᠷᠴᠢᠭᠤᠯᠵᠤ ᠨᠠᠶᠢᠷᠠᠭᠤᠯᠪᠠ᠃ 1308 — 1311 ᠤᠨ ᠤ ᠬᠤᠭᠤᠷᠤᠨᠳᠤ᠂ ᠬᠠᠶᠢᠰᠠᠩ ᠬᠦᠯᠦᠭ ᠬᠠᠭᠠᠨ ᠳᠤ ᠬᠦᠨᠳᠤ ᠬᠡᠷᠡᠭᠯᠡᠭᠳᠡᠵᠦ᠂ ︽ᠪᠠᠨᠵᠠᠷᠠᠭᠴᠠ︾ ︵ᠳᠠᠪᠤᠨ ᠰᠠᠬᠢᠶ᠎ᠠ︶ ᠵᠡᠷᠭᠡ ᠶᠢ ᠤᠷᠴᠢᠭᠤᠯᠵᠤ᠂ ︽ᠪᠤᠳᠢᠴᠠᠷ᠎ᠠ ᠠᠸᠠᠳᠠᠷ᠎ᠠ ᠶᠢᠨ ᠳᠠᠶᠢᠯᠪᠤᠷᠢ︾ ᠪᠠ ︽ᠵᠢᠷᠤᠭᠡᠨ ᠤ ᠳᠤᠯᠳᠤ︾ ᠵᠡᠷᠭᠡ ᠨᠤᠮ ᠢᠶᠠᠨ ᠪᠢᠴᠢᠭᠡᠳ ᠶᠡᠭᠡ ᠨᠡᠶᠢᠰᠯᠡᠯ ᠳ᠋ᠠ ᠳ᠋ᠦ᠋ ︵ᠪᠡᠭᠡᠵᠢᠩ︶ ᠳᠤ ᠭᠡᠪᠯᠡᠭᠦᠯᠵᠡᠢ ᠃ 1312 ᠤᠨ ᠤ 10 ᠰᠠᠷ᠎ᠠ ᠳᠤ ᠴᠦᠢᠵᠢᠡᠤᠤᠠᠰᠠᠷ ᠪᠤᠶᠠᠨᠳᠤ ᠬᠠᠭᠠᠨ ᠤ ᠰᠢᠳᠠᠷ ᠯᠠᠮᠠ ᠪᠤᠯᠵᠤ᠂ ᠤᠯᠤᠰ ᠤᠨ ᠪᠠᠭᠰᠢ ᠡᠷᠭᠦᠮᠵᠢᠯᠡᠭᠳᠡᠪᠡ᠃        ᠴᠦᠢᠵᠢᠡᠤᠤᠠᠰᠠᠷ ᠪᠤᠯ ᠮᠤᠩᠭᠤᠯ ᠭᠡᠯᠡᠨ ᠵᠦᠢ᠂ ᠠᠪᠢᠶᠠᠠ ᠤ ᠵᠦᠢ᠂ ᠦᠭᠡᠰ ᠤᠨ ᠰᠠᠩ ᠤᠨ ᠰᠤᠳᠤᠯᠤᠯ ᠳᠤ ᠴᠦᠮ ᠠᠩᠬ᠎ᠠ ᠠᠯᠬᠤᠮ ᠤᠨ ᠰᠠᠭᠤᠷᠢ ᠶᠢ ᠳᠠᠯᠪᠢᠵᠤ ᠦᠭᠭᠦᠭᠰᠡᠨ ᠬᠦᠮᠤᠨ ᠶᠤᠮ᠃ ᠲᠡᠷᠡ ᠫᠠᠭᠪᠠ ᠯᠠᠮᠠ ᠶᠢᠨ ᠵᠤᠬᠢᠶᠠᠭᠰᠠᠨ ᠳᠦᠷᠪᠡᠯᠵᠢᠨ ᠦᠰᠦᠭ ᠢ ︽ᠪᠤᠷᠬᠠᠨ ᠤ ᠨᠤᠮ ᠢ ᠤᠷᠴᠢᠭᠤᠯᠵᠤ ᠡᠰᠡ ᠪᠤᠯᠤᠭᠰᠠᠨ︾ ᠭᠡᠳᠡᠭ ᠨᠡᠷ᠎ᠡ ᠪᠠᠷ ᠤᠷᠬᠢᠭᠤᠯᠤᠭᠰᠠᠨ ᠪᠦᠭᠡᠳ ᠤᠶᠢᠭᠤᠷᠵᠢᠨ ᠮᠤᠩᠭᠤᠯ ᠦᠰᠦᠭ ᠢ ᠴᠤ ᠨᠢᠭᠡ ᠠᠯᠬᠤᠮ ᠰᠢᠨᠡᠴᠢᠯᠡᠨ ᠰᠠᠶᠢᠵᠢᠷᠠᠭᠤᠯᠵᠠᠢ᠃ ᠲᠡᠷᠡ ᠤᠶᠢᠭᠤᠷ ᠦᠰᠦᠭ ᠤᠨ ᠳᠤᠳᠠᠭᠤ ᠶᠢ ᠨᠦᠭᠦᠵᠤ᠂ ᠮᠤᠩᠭᠤᠯ ᠦᠰᠦᠭ ᠲᠤ ᠦᠭᠡᠢ ᠪᠠᠶᠢᠭᠰᠠᠨ ︵ᠤᠳᠤᠬᠢ ᠫᠠ᠊᠂ ᠱ᠊︶ ᠢ ᠨᠡᠮᠡᠨ ᠵᠤᠬᠢᠶᠠᠵᠤ᠂ ︽ᠵ᠊᠂ ᠶ᠊︾ ᠶᠢᠨ ᠳᠦᠷᠰᠤ ᠶᠢ ᠰᠠᠯᠭᠠᠨ᠂ ᠨᠡᠶᠢᠳᠡ 123 ᠦᠶᠡᠳᠤ ᠦᠰᠦᠭ ᠪᠤᠯᠭᠠᠨ ᠵᠢᠭᠰᠠᠭᠠᠭᠠᠳ᠂ ᠠᠩᠬ᠎ᠠ ᠠᠯᠬᠤᠮ ᠮᠤᠩᠭᠤᠯ ᠭᠡᠯᠡᠨ ᠳᠤ ᠬᠡᠷᠡᠭᠯᠡᠭᠳᠡᠬᠦ ᠴᠠᠭᠠᠨ ᠲᠤᠯᠤᠭᠠᠢ ᠶᠢᠨ ᠦᠰᠦᠭ ᠢ ᠪᠦᠷᠢᠯᠳᠤᠭᠦᠯᠵᠦ᠂ ᠮᠤᠩᠭᠤᠯ ᠭᠡᠯᠡᠨ ᠤ ᠦᠭᠡᠰ ᠤᠨ ᠤᠳᠬ᠎ᠠ ᠶᠢ ᠢᠯᠭᠠᠬᠤ ᠳᠤ ᠬᠡᠷᠡᠭᠯᠡᠭᠳᠡᠬᠦ ᠭᠤᠤᠯ ᠠᠪᠢᠶ᠎ᠠ ︵ᠠᠪᠢᠶᠠᠯᠠᠪᠤᠷᠢ︶ ᠨᠤᠭᠤᠳ ᠢ ᠢᠯᠡᠷᠭᠡᠶᠢᠯᠡᠭᠰᠡᠨ ᠦᠰᠦᠭ ᠤᠨ ᠰᠢᠰᠲ᠋ᠧᠮ ᠢ ᠦᠭᠡᠷᠡᠴᠢᠯᠡᠨ ᠵᠤᠬᠢᠶᠠᠪᠠ᠃ ᠵᠠᠷᠢᠮ ᠡᠷᠳᠡᠮᠳᠡᠳ ᠳᠡᠭᠦᠨ ᠤ ᠵᠤᠬᠢᠶᠠᠭᠰᠠᠨ 123 ᠦᠶᠡᠳᠤ ᠦᠰᠦᠭ ᠤᠨ ᠴᠠᠭᠠᠨ ᠲᠤᠯᠤᠭᠠᠢ ᠶᠢᠨ ᠳᠠᠪᠬᠤᠷᠳᠠᠭᠰᠠᠨ ︽‍ᠵᠠ ‍ᠵᠠ ‍ᠵᠢ ‍ᠵᠤ᠋ ‍ᠵᠤ᠋ ‍ᠵᠦ᠋ ‍ᠵᠦ᠋︾ ᠪᠠ ︽ ᠢᠶᠠᠷ︾ ᠳᠠᠭᠠᠪᠤᠷᠢ ᠶᠢ ᠭᠠᠷᠭᠠᠭᠠᠳ ᠭᠡᠷᠡᠭ ᠳᠡᠭᠡᠷ᠎ᠡ ᠪᠠᠨ 115 ᠭᠡᠵᠦ ᠦᠵᠡᠵᠦ ᠪᠤᠢ᠃        ᠴᠦᠢᠵᠢᠡᠤᠤᠠᠰᠠᠷ ᠡᠩ ᠳᠡᠷᠢᠭᠦᠨ ᠳᠤ᠂ ᠮᠤᠩᠭᠤᠯ ᠦᠰᠦᠭ ᠢ ᠴᠢᠩᠭ᠎ᠠ᠂ ᠬᠦᠨᠳᠡᠢ᠂ ᠰᠠᠭᠠᠷᠮᠠᠭ ᠭᠡᠵᠦ ᠭᠤᠷᠪᠠ ᠬᠤᠪᠢᠶᠠᠭᠰᠠᠨ ᠪᠦᠭᠡᠳ ᠮᠤᠩᠭᠤᠯ ᠭᠡᠯᠡᠨ ᠤ ᠠᠪᠢᠶ᠎ᠠ ᠵᠤᠬᠢᠴᠠᠬᠤ ᠶᠤᠰᠤ ᠶᠢ ᠠᠩᠬ᠎ᠠ ᠠᠯᠬᠤᠮ ᠵᠦᠪ ᠳᠠᠶᠢᠯᠪᠤᠷᠢᠯᠠᠵᠠᠢ᠃ ᠲᠡᠷᠡ ᠪᠠᠰᠠ ᠡᠨᠡᠳᠭᠡᠭ ᠭᠡᠯᠡᠨ ᠤ ᠰᠢᠨᠵᠢᠯᠡᠯ ᠤᠨ ᠮᠠᠬᠠᠪᠤᠳ ᠢᠶᠠᠷ ᠢᠯᠭᠠᠬᠤ ᠵᠡᠷᠭᠡ ᠵᠢᠷᠤᠮ ᠭᠤᠷᠤᠮ ᠢ ᠠᠰᠢᠭᠯᠠᠵᠤ᠂ ᠮᠤᠩᠭᠤᠯ ᠭᠡᠯᠡᠨ ᠤ ᠠᠪᠢᠶᠠᠯᠠᠪᠤᠷᠢ ᠶᠢ ᠨᠡᠯᠢᠶᠡᠳ ᠤᠨᠤᠪᠴᠢᠳᠠᠢ ᠳᠠᠶᠢᠯᠪᠤᠷᠢᠯᠠᠭᠰᠠᠨ ᠶᠤᠮ᠃ ᠴᠦᠢᠵᠢᠡᠤᠤᠠᠰᠠᠷ ︽ᠳᠠᠭᠤᠳᠠᠬᠤᠢ ᠶᠢᠨ ᠳᠠᠶᠢᠨ ᠢᠯᠭᠠᠯ ᠯᠤᠭ᠎ᠠ ᠬᠠᠮᠳᠤ︾ ᠨᠠᠢᠮᠠᠨ ᠳᠠᠶᠢᠨ ᠢᠯᠭᠠᠯ ᠭᠠᠷᠭᠠᠭᠰᠠᠨ ᠪᠦᠭᠡᠳ ᠳᠠᠶᠢᠨ ᠢᠯᠭᠠᠯ ᠤᠨ ᠳᠠᠭᠠᠪᠤᠷᠢ ᠳᠠᠭᠠᠭᠤᠯᠬᠤ ᠳᠦᠷᠢᠮ ᠢ ᠨᠡᠯᠢᠶᠡᠳ ᠰᠠᠶᠢᠨ ᠵᠠᠳᠠᠯᠤᠨ ᠰᠢᠨᠵᠢᠯᠡᠭᠰᠡᠨ ᠪᠠᠶᠢᠯ᠎ᠠ ᠃ ᠴᠦᠢᠵᠢᠡᠤᠤᠠᠰᠠᠷ ᠪᠠᠰᠠ ᠦᠰᠦᠭ ᠤᠨ ᠳᠦᠷᠢᠮ ᠤᠨ ᠵᠦᠪ ᠪᠢᠴᠢᠯᠭᠡ᠂ ᠵᠦᠪ ᠳᠠᠭᠤᠳᠠᠯᠭ᠎ᠠ ᠶᠢᠨ ᠳᠠᠯ᠎ᠠ ᠪᠠᠷ ᠨᠠᠷᠢᠨ ᠳᠦᠷᠢᠮ ᠪᠤᠯᠪᠠᠰᠤᠷᠠᠭᠤᠯᠵᠤ᠂ ᠮᠦᠷᠳᠡᠯᠭᠡ ᠪᠠᠷᠢᠮᠳᠠᠯᠠᠯ ᠪᠤᠯᠬᠤ ︽ᠭᠤᠤᠯ ᠶᠤᠰᠤᠨ︾ ᠢ ᠨᠡᠭᠡᠭᠡᠵᠡᠢ᠃ ᠳᠡᠭᠦᠨ ᠤ ᠲᠡᠷᠡ ︽ᠳᠤᠮᠳᠠᠳᠤ ᠰᠤᠯᠠ ᠪᠠᠷ ᠡᠬᠢ ᠠᠳᠠᠭ ᠢ ᠮᠡᠳᠡᠭᠦᠢ︔ ᠠᠯᠳᠠᠷᠰᠢᠭᠰᠠᠨ ᠢᠶᠠᠷ ᠮᠡᠳᠡᠭᠦᠢ︔ ᠳᠡᠪᠢᠰᠭᠡᠷ ᠢᠶᠠᠷ ᠮᠡᠳᠡᠭᠦᠢ︔ ᠤᠳᠬᠠᠰ ᠤᠨ ᠬᠦᠴᠤᠨ ᠢᠶᠠᠷ ᠢᠯᠭᠠᠨ ᠳᠤᠳᠤᠯᠠᠬᠤᠢ︾ ᠵᠡᠷᠭᠡ ᠳᠦᠷᠪᠡᠨ ᠵᠠᠷᠴᠢᠮ ᠪᠤᠯ ᠭᠡᠷᠡᠭ ᠳᠡᠭᠡᠷ᠎ᠡ ᠪᠠᠨ ᠮᠤᠩᠭᠤᠯ ᠭᠡᠯᠡᠨ ᠤ ᠦᠰᠦᠭ ᠤᠨ ᠳᠦᠷᠢᠮ ᠤᠨ ᠦᠭᠡ ᠶᠢᠨ ᠵᠦᠢ᠂ ᠠᠪᠢᠶᠠᠨ ᠤ ᠵᠦᠢ ᠪᠠ ᠤᠯᠠᠮᠵᠢᠯᠠᠯ ᠤᠨ ᠪᠤᠶᠤ ᠳᠡᠤᠭᠡᠨ ᠤ ᠵᠡᠷᠭᠡ ᠭᠤᠤᠯ ᠭᠤᠤᠯ ᠵᠠᠷᠴᠢᠮ ᠤᠳ ᠪᠤᠯᠤᠨ᠎ᠠ᠃ ᠡᠭᠦᠨ ᠳᠤ ᠳᠦᠷᠰᠤ ᠢᠯᠭᠠᠬᠤ ᠵᠡᠷᠭᠡ ᠳᠦᠷᠢᠮ ᠢ ︽ᠡᠳ᠋︾ ᠦᠭᠡ ᠪᠠᠷ ᠡᠰᠢᠯᠡᠨ ᠳᠠᠶᠢᠯᠪᠤᠷᠢᠯᠠᠪᠠ᠃ ᠳᠡᠭᠦᠨ ᠤ ᠳᠤᠭᠳᠠᠭᠠᠭᠰᠠᠨ ︽ᠠᠨ ᠠᠪ ᠠᠭ ᠠᠮ ᠠᠯ ᠠᠢ ᠠᠷ ᠠᠳ ᠠᠤ ᠬᠢᠭᠡᠳ ᠠᠡᠭ ᠯᠤᠭ᠎ᠠ ᠠᠷᠪᠠᠨ ᠨᠢᠭᠡᠨ ᠳ᠋ᠠᠩ ᠳᠡᠪᠢᠰᠭᠡᠷ︾ ᠪᠠ ︽ᠠᠶᠢᠯ︾᠂ ︽ᠡᠶᠢᠨ︾ ᠭᠡᠬᠦ ᠮᠡᠳᠤ ᠳᠠᠪᠬᠤᠷ ᠳᠡᠪᠢᠰᠭᠡᠷ ᠪᠠᠶᠢᠬᠤ ᠶᠢ ᠳᠤᠳᠤᠯᠠᠨ ︽ᠳᠡᠪᠢᠰᠭᠡᠷᠯᠡᠭᠦᠢ ᠶᠤᠰᠤᠨ︾ ᠠᠨᠤ ᠡᠳᠤᠭᠡ ᠴᠤ ᠭᠡᠰᠡᠨ ᠮᠠᠰᠢ ᠶᠡᠭᠡ ᠰᠤᠳᠤᠯᠬᠤ ᠠᠴᠢ ᠬᠤᠯᠪᠤᠭᠳᠠᠯ ᠲᠠᠢ ᠪᠠᠶᠢᠭᠰᠠᠭᠠᠷ ᠪᠠᠶᠢᠨ᠎ᠠ᠃        ᠴᠦᠢᠵᠢᠡᠤᠤᠠᠰᠠᠷ ᠮᠤᠩᠭᠤᠯ ᠪᠢᠴᠢᠭ ᠤᠨ ᠭᠡᠯᠡ ᠶᠢ ᠠᠩᠬ᠎ᠠ ᠳᠦᠷᠢᠮᠵᠢᠭᠦᠯᠵᠦ᠂ ︽ᠭᠠᠨᠵᠤᠤᠷ︾᠂ ︽ᠳ᠋ᠨᠨᠵᠤᠤᠷ︾ ᠵᠡᠷᠭᠡ ᠠᠪᠤᠷᠭᠤ ᠲᠤᠮᠤ ᠨᠤᠮ ᠰᠤᠳᠤᠷ ᠤᠳ ᠢ ᠤᠷᠴᠢᠭᠤᠯᠵᠤ ᠳᠠᠶᠢᠯᠪᠤᠷᠢᠯᠠᠬᠤ᠂ ᠳᠡᠭᠦᠨᠴᠢᠯᠡᠨ ᠪᠤᠰᠤᠳ ᠨᠤᠮ ᠰᠤᠳᠤᠷ ᠢ ᠨᠠᠶᠢᠷᠠᠭᠤᠯᠤᠨ ᠵᠤᠬᠢᠶᠠᠵᠤ ᠰᠤᠷᠳᠠᠯᠴᠢᠯᠠᠨ ᠳᠡᠯᠭᠡᠷᠡᠭᠦᠯᠬᠦ ᠳᠤ ᠴᠤ ᠶᠡᠭᠡᠭᠡᠨ ᠭᠠᠪᠢᠶ᠎ᠠ ᠵᠢᠳᠭᠦᠯ ᠭᠠᠷᠭᠠᠵᠤ ᠪᠢᠯᠡ᠃        ᠴᠦᠢᠵᠢᠡᠤᠤᠠᠰᠠᠷ ᠪᠤᠯ ᠮᠤᠩᠭᠤᠯ ᠭᠡᠯᠡᠨ ᠤ ᠤᠤᠭᠠᠨ ᠤᠷᠴᠢᠭᠤᠯᠤᠭᠴᠢ ᠶᠢᠨ ᠨᠢᠭᠡ ᠨᠢ ᠪᠤᠯᠤᠨ᠎ᠠ᠃ ᠲᠡᠷᠡ ᠪᠤᠯ ︽ᠰᠤᠳᠤᠷ ᠳᠠᠷᠨᠢ ᠶᠢ ᠤᠷᠴᠢᠭᠤᠯᠬᠤ ᠵᠢᠷᠤᠮ ᠢ ᠭᠠᠷᠭᠠᠭᠰᠠᠨ︾ ᠤᠷᠴᠢᠭᠤᠯᠭ᠎ᠠ ᠶᠢᠨ ᠤᠬᠠᠭᠠᠨᠳᠠᠨ ᠶᠤᠮ᠃ ᠡᠨᠡᠳᠭᠡᠭ᠂ ᠲᠦᠪᠡᠳ ᠭᠡᠯᠡᠨ ᠠᠴᠠ ᠨᠤᠮ ᠰᠤᠳᠤᠷ ᠤᠷᠴᠢᠭᠤᠯᠬᠤ ᠶᠠᠪᠤᠳᠠᠯ ᠳᠡᠭᠦᠨ ᠤ ᠦᠶ᠎ᠡ ᠠᠴᠠ ᠡᠬᠢᠯᠡᠭᠰᠡᠨ ᠪᠦᠭᠡᠳ ᠵᠦᠪᠬᠡᠨ ᠱᠠᠰᠢᠨ ᠤ ᠨᠤᠮ ᠰᠤᠳᠤᠷ ᠤᠷᠴᠢᠭᠤᠯᠤᠭᠰᠠᠨ ᠪᠢᠰᠢ᠂ ᠬᠠᠷᠢᠨ ᠳᠠᠪᠤᠨ ᠤᠬᠠᠭᠠᠨ ᠤ ᠨᠤᠮ ᠰᠤᠳᠤᠷ ᠢ ᠨᠡᠶᠢᠳᠡᠮ ᠤᠷᠴᠢᠭᠤᠯᠵᠤ ᠳᠡᠯᠭᠡᠷᠡᠭᠦᠯᠦᠭᠰᠡᠨ ᠪᠠᠶᠢᠵᠠᠢ᠃ ᠡᠨᠡ ᠳᠠᠯ᠎ᠠ ᠪᠠᠷ ᠳᠡᠭᠦᠨ ᠢ ᠬᠢᠳᠠᠳ ᠤᠨ ᠤᠷᠴᠢᠭᠤᠯᠭ᠎ᠠ ᠶᠢᠨ ᠤᠨᠤᠯᠳᠠᠨ ᠪᠦᠭᠡᠳ ᠬᠦᠨ ᠤᠬᠠᠭᠠᠨᠳᠠᠨ ᠳᠠᠩᠰᠤᠭ ᠯᠠᠮᠠ ᠲᠠᠢ ᠠᠳᠠᠯᠢᠳᠬᠠᠵᠤ ᠪᠤᠯᠤᠮᠠᠷ ᠶᠤᠮ᠃ ᠴᠦᠢᠵᠢᠡᠤᠤᠠᠰᠠᠷ ᠪᠠᠰᠠ ᠪᠤᠳᠤᠯᠭᠠᠳᠠᠨ ᠪᠦᠭᠡᠳ ᠬᠦᠨ ᠤᠬᠠᠭᠠᠨᠳᠠᠨ ᠪᠢᠯᠡ᠃ ᠲᠡᠷᠡ ᠭᠡᠳᠤᠨ ᠦᠶ᠎ᠡ ᠶᠢᠨ ᠬᠠᠭᠠᠳ ᠤᠨ ᠰᠢᠳᠠᠷ ᠯᠠᠮᠠ ᠶᠠᠪᠤᠵᠤ᠂ ᠱᠠᠰᠢᠨ ᠤ ᠵᠠᠩ ᠦᠢᠯᠡ ᠰᠠᠬᠢᠯ ᠰᠠᠸᠠᠷ ᠢ ᠤᠯᠠᠮ ᠪᠦᠷᠢᠨ ᠳᠡᠭᠦᠯᠳᠡᠷ ᠪᠤᠯᠭᠠᠵᠤ᠂ ᠪᠤᠳ᠋ᠳ᠋ᡁᠨ ᠤ ᠱᠠᠰᠢᠨ ᠢ ᠳᠡᠯᠭᠡᠷᠡᠭᠦᠯᠵᠦ᠂ ᠪᠦᠬᠡ ᠮᠦᠷᠭᠦᠯ ᠢ ᠤᠰᠠᠳᠬᠠᠬᠤ ᠪᠠᠷ ᠴᠢᠷᠮᠠᠶᠢᠨ ᠳᠡᠮᠡᠴᠡᠪᠡ᠃ ᠲᠡᠷᠡ ᠪᠤᠯ ᠡᠷᠳᠡᠨ ᠤ ᠡᠨᠡᠳᠭᠡᠭ ᠳ᠋ᠠᠬᠢᠨ ᠤ ᠬᠦᠨ ᠤᠬᠠᠭᠠᠨ ᠪᠤᠯᠤᠨ ᠱᠠᠰᠢᠨ ᠤ ᠬᠦᠨ ᠤᠬᠠᠭᠠᠨ ᠢ ᠰᠤᠳᠤᠯᠤᠨ ᠰᠢᠨᠵᠢᠯᠡᠵᠦ ᠰᠤᠷᠳᠠᠯᠴᠢᠯᠠᠨ ᠨᠡᠪᠳᠡᠷᠡᠭᠦᠯᠵᠦ ᠪᠠᠶᠢᠭᠰᠠᠨ ᠠᠬᠠᠮᠠᠳ ᠡᠷᠳᠡᠮᠳᠡᠨ ᠤ ᠨᠢᠭᠡ ᠨᠢ ᠪᠤᠯᠤᠨ᠎ᠠ᠃ ᠳᠡᠭᠦᠨ ᠤ ᠪᠢᠴᠢᠭᠰᠡᠨ ︽ᠪᠤᠳᠢᠴᠠᠷ᠎ᠠ ᠠᠸᠠᠳᠠᠷ᠎ᠠ ᠶᠢᠨ ᠳᠠᠶᠢᠯᠪᠤᠷᠢ︾ ᠪᠤᠯ ᠬᠦᠨ ᠤᠬᠠᠭᠠᠨ ︵ᠱᠠᠰᠢᠨ ᠤ ᠬᠦᠨ ᠤᠬᠠᠭᠠᠨ ᠳᠤ ᠪᠠᠭᠳᠠᠵᠤ ᠪᠤᠢ︶ ᠤ ᠵᠤᠬᠢᠶᠠᠯ ᠪᠤᠯᠬᠤ ᠪᠦᠭᠡᠳ ︽ᠠᠷᠪᠠᠨ ᠬᠤᠶᠠᠷ ᠵᠤᠬᠢᠶᠠᠩᠭᠤᠢ︾ ᠨᠢ ᠴᠤ ᠱᠠᠰᠢᠨ ᠤ ᠬᠦᠨ ᠤᠬᠠᠭᠠᠨ ᠤ ᠨᠡᠯᠢᠶᠡᠳ ᠴᠢᠬᠤᠯᠠ ᠵᠤᠬᠢᠶᠠᠯ ᠪᠤᠯᠬᠤ ᠶᠤᠮ᠃        ᠴᠦᠢᠵᠢᠡᠤᠤᠠᠰᠠᠷ ᠵᠢᠷᠠᠭᠠᠳ ᠨᠠᠰᠤᠯᠠᠭᠠᠳ ᠪᠠᠷᠤᠭ 1320 ᠤᠨ ᠳᠤ ᠨᠠᠰᠤ ᠪᠠᠷᠠᠵᠠᠢ᠃ ᠴᠦᠢᠵᠢᠡᠤᠤᠠᠰᠠᠷ ᠪᠤᠯ ᠮᠤᠩᠭᠤᠯ᠂ ᠤᠶᠢᠭᠤᠷ᠂ ᠡᠨᠡᠳᠭᠡᠭ ︵ᠰᠠᠨᠰᠺᠷᠢᠲ︶᠂ ᠲᠦᠪᠡᠳ ᠵᠡᠷᠭᠡ ᠤᠯᠠᠨ ᠭᠡᠯᠡᠨ ᠳᠤ ᠨᠡᠪᠳᠡᠷᠡᠭᠰᠡᠨ ᠮᠤᠩᠭᠤᠯ ᠭᠡᠯᠡᠨ ᠤ ᠤᠤᠭᠠᠨ ᠰᠢᠨᠵᠢᠯᠡᠭᠡᠳᠡᠨ ᠪᠤᠯᠬᠤ ᠪᠦᠭᠡᠳ ᠮᠤᠩᠭᠤᠯ ᠦᠨᠳᠤᠰᠤᠳᠡᠨ ᠤ ᠰᠤᠶᠤᠯ ᠤᠨ ᠶᠡᠭᠡ ᠵᠢᠳᠭᠦᠯᠳᠡᠨ ᠪᠤᠯᠬᠤ ᠶᠤᠮ᠃
 
ᠢᠷᠡᠯᠲᠡ᠄ ᠬᠦᠬᠡᠨᠠᠭᠤᠷ ᠮᠤᠵᠢ ᠶᠢᠨ ᠬᠠᠶᠢᠰᠢ ᠶᠢᠨ ᠮᠤᠩᠭᠤᠯ ᠦᠨᠳᠦᠰᠦᠲᠡᠨ ᠲᠥᠪᠡᠳ ᠦᠨᠳᠦᠰᠦᠲᠡᠨ ᠤ ᠦᠪᠡᠷᠲᠡᠭᠡᠨ ᠵᠠᠰᠠᠬᠤ ᠵᠸᠦ ᠶᠢᠨ ᠠᠷᠠᠳ ᠤᠨ ᠵᠠᠰ᠊
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号