| ᠭᠤᠷᠪᠠᠨ ᠮᠡᠷᠬᠢᠳ ᠴᠤᠴᠢᠮᠠᠭ ᠢᠶᠠᠷ ᠲᠤᠪᠳᠤᠯᠵᠤ ᠰᠤᠴᠢᠬᠡᠯ ᠡᠬᠡ ᠬᠢᠬᠡᠳ ᠪᠦᠷᠳᠡ ᠦᠵᠢᠨ ᠢ ᠤᠯᠵᠠᠯᠠᠵᠤ | ᠠᠪᠠᠴᠢᠭᠰᠠᠨ ᠤ ᠲᠠᠷᠠᠭ᠎ᠠ᠂ ᠲᠡᠮᠦᠵᠢᠨ ᠬᠦᠮᠦᠨ ᠴᠦᠬᠡᠨ ᠬᠦᠴᠤ ᠨᠢᠮᠬᠡᠨ ᠲᠤᠯᠠ ᠦᠰᠢᠶ᠎ᠡ ᠪᠠᠨ ᠠᠪᠬᠤ ᠠᠷᠭ᠎ᠠ | ᠦᠭᠡᠢ ᠭᠠᠰᠠᠯᠤᠨ ᠰᠠᠭᠤᠪᠠ᠃ ᠠᠬ᠎ᠠ ᠲᠡᠬᠦᠦ ᠨᠠᠷ ᠵᠦᠪᠯᠡᠯᠳᠦᠭᠰᠡᠨ ᠤ ᠡᠴᠤᠰ ᠲᠤ᠂ ᠡᠴᠢᠬᠡ ᠶᠢᠨ ᠬᠠᠭᠤᠴᠢᠨ | ᠠᠨᠳᠠ ᠲᠤᠭᠤᠷᠢᠯ ᠬᠠᠨ ᠪᠤᠯᠤᠨ ᠲᠠᠮᠦᠵᠢᠨ ᠤ ᠠᠨᠳᠠ ᠵᠠᠮᠤᠬ᠎ᠠ ᠠᠴᠠ ᠲᠠᠮᠵᠢᠯᠬᠡ ᠭᠤᠶᠤᠬᠤ ᠪᠠᠷ ᠪᠤᠯᠵᠤ᠂ ᠲᠡᠬᠦᠦ | ᠬᠠᠰᠠᠷ ᠪᠡᠯᠬᠦᠳᠠᠢ ᠬᠤᠶᠠᠷ ᠢ ᠲᠠᠭᠠᠭᠤᠯᠤᠨ ᠲᠤᠤᠯᠠ ᠭᠤᠤᠯ ᠤᠨ ᠬᠠᠷ᠎ᠠ ᠰᠢᠭᠤᠢ ᠳᠤ ᠨᠤᠳᠤᠭᠯᠠᠵᠤ ᠪᠠᠶᠢᠬᠤ ᠬᠡᠷᠡᠶᠢᠳ | ᠠᠶᠢᠮᠠᠭ ᠤᠨ ᠲᠤᠭᠤᠷᠢᠯ ᠬᠠᠨ ᠢ ᠡᠷᠢᠶ᠎ᠡ ᠤᠳᠪᠠ᠃ ᠪᠤᠭᠤᠷᠴᠢ ᠵᠠᠯᠮ᠎ᠠ ᠨᠠᠷ ᠲᠠᠮᠦᠵᠢᠨ ᠤ ᠠᠷᠤ ᠬᠡᠷ ᠢ ᠰᠠᠬᠢᠬᠤ ᠪᠠᠷ | ᠬᠤᠴᠤᠷᠪᠠ᠃ | ᠲᠠᠮᠦᠵᠢᠨ ᠨᠠᠷ ᠲᠤᠭᠤᠷᠢᠯ ᠬᠠᠨ ᠢ ᠡᠷᠢᠵᠤ ᠤᠯᠤᠭᠠᠳ᠄ | ︽ᠰᠠᠨᠠᠮᠰᠠᠷ ᠦᠭᠡᠢ ᠪᠠᠶᠢᠳᠠᠯ᠎ᠠ ᠭᠤᠷᠪᠠᠨ ᠮᠡᠷᠬᠢᠳ ᠲᠤᠪᠳᠤᠯᠤᠨ ᠢᠷᠡᠵᠤ ᠡᠬᠡ ᠪᠠ ᠡᠬᠡᠨᠡᠷ ᠢ ᠮᠢᠨᠢ | ᠪᠤᠯᠢᠶᠠᠵᠤ ᠠᠪᠠᠴᠢᠪᠠ᠂ ᠰᠠᠶᠢᠨ ᠬᠠᠨ ᠡᠴᠢᠬᠡ ᠮᠢᠨᠢ ᠡᠬᠡ ᠪᠠ ᠡᠬᠡᠨᠡᠷ ᠢ ᠮᠢᠨᠢ ᠠᠪᠤᠷᠠᠨ ᠭᠠᠷᠭᠠᠵᠤ ᠦᠭᠬᠦ ᠪᠤᠯᠪᠠ ᠤᠤ | ︖︾ ᠬᠡᠵᠤ ᠬᠡᠯᠡᠭᠰᠡᠨ ᠳᠤ ᠲᠤᠭᠤᠷᠢᠯ ᠬᠠᠨ ᠰᠤᠨᠤᠰᠤᠭᠠᠳ᠄ | ︽ᠪᠢ ᠨᠢᠳᠤᠨᠤᠨ ᠴᠢᠮ᠎ᠡ ᠳᠤ ᠶᠠᠭᠤ ᠬᠡᠯᠡᠭᠰᠡᠨ ᠪᠢᠯᠡ᠂ ᠤᠳᠤ ᠲᠡᠷᠡ ᠦᠬᠡᠨ ᠳᠡᠭᠡᠨ ᠬᠦᠷᠴᠤ | ᠪᠤᠯᠠᠭᠠᠨ ᠲᠠᠬᠤ ᠶᠢᠨ ᠴᠢᠨᠢ ᠬᠠᠷᠢᠭᠤ ᠳᠤ | ᠪᠦᠬᠦᠳᠠ ᠮᠡᠷᠬᠢᠳ ᠢ ᠪᠦᠷᠢᠯᠳᠠᠯᠠ ᠲᠤᠪᠳᠤᠯᠵᠤ | ᠪᠦᠷᠳᠠ ᠦᠵᠢᠨ ᠢ ᠴᠢᠨᠢ | ᠪᠤᠴᠠᠭᠠᠵᠤ ᠠᠪᠴᠢᠷᠠᠵᠤ ᠦᠭᠬᠦᠶ᠎ᠡ᠃ | ᠬᠠᠷ᠎ᠠ ᠪᠤᠯᠠᠭᠠᠨ ᠲᠠᠬᠤ ᠶᠢᠨ ᠴᠢᠨᠢ ᠬᠠᠷᠢᠭᠤ ᠳᠤ | ᠬᠠᠮᠤᠭ ᠮᠡᠷᠬᠢᠳ ᠢ ᠬᠠᠮᠬ᠎ᠠ ᠴᠤᠬᠢᠵᠤ | ᠬᠠᠳᠤᠨ ᠪᠦᠷᠳᠠ ᠶᠢ ᠴᠢᠨᠢ | ᠬᠠᠷᠢᠭᠤᠯᠵᠤ ᠠᠪᠴᠢᠷᠠᠵᠤ ᠦᠭᠬᠦᠶ᠎ᠡ︾ ᠬᠡᠳ ᠪᠠᠰᠠ᠄ | ︽ᠴᠢ ᠤᠳᠴᠤ ᠵᠠᠮᠤᠬ᠎ᠠ ᠲᠡᠬᠦᠦ ᠳᠤ ᠬᠡᠯᠡᠵᠤ ᠦᠭ᠂ ᠵᠠᠮᠤᠬ᠎ᠠ ᠲᠡᠬᠦᠦ ᠬᠤᠷᠬᠤᠨᠠᠭ ᠵᠦᠪᠦᠷ ᠬᠡᠬᠦ ᠭᠠᠵᠠᠷ | ᠪᠤᠢ᠃ ᠪᠢ ᠠᠳᠠ ᠠᠴᠠ ᠬᠤᠶᠠᠷ ᠲᠦᠮᠡᠨ ᠴᠡᠷᠢᠭ ᠠᠪᠴᠤ ᠪᠠᠷᠠᠭᠤᠨ ᠭᠠᠷ ᠪᠤᠯᠵᠤ ᠮᠤᠷᠳᠠᠶ᠎ᠠ᠃ ᠵᠠᠮᠤᠬ᠎ᠠ ᠲᠡᠬᠦᠦ ᠶᠢ | ᠬᠤᠶᠠᠷ ᠲᠦᠮᠡᠨ ᠴᠡᠷᠢᠭ ᠠᠪᠴᠤ ᠵᠡᠬᠦᠨ ᠭᠠᠷ ᠪᠤᠯᠵᠤ ᠮᠤᠷᠢᠯᠠ ᠬᠡᠵᠤ ᠬᠡᠯᠡᠵᠤ ᠦᠭ᠂ ᠪᠢᠳᠠᠨ ᠤ ᠤᠴᠠᠷᠠᠬᠤ | ᠪᠤᠯᠵᠤᠭ᠎ᠠ ᠶᠢ ᠵᠠᠮᠤᠬ᠎ᠠ ᠲᠡᠬᠦᠦ ᠲᠤᠭᠳᠠᠭᠠᠳᠤᠭᠠᠢ ᠬᠡᠭᠳᠤᠨ︾ ᠬᠡᠪᠡ᠃ | ᠲᠡᠮᠦᠵᠢᠨ ᠲᠤᠭᠤᠷᠢᠯ ᠬᠠᠨ ᠳᠤ ᠮᠠᠰᠢ ᠲᠠᠯᠠᠷᠬᠠᠵᠤ ᠲᠡᠨᠳᠠ ᠠᠴᠠ ᠬᠡᠷ ᠲᠡᠭᠡᠨ ᠪᠤᠴᠠᠵᠤ ᠢᠷᠡᠬᠡᠳ᠂ ᠬᠠᠰᠠᠷ | ᠂ ᠪᠡᠯᠬᠦᠳᠠᠢ ᠬᠤᠶᠠᠷ ᠲᠡᠬᠦᠦ ᠪᠠᠨ ᠵᠠᠮᠤᠬ᠎ᠠ ᠶᠢᠨ ᠲᠡᠨᠳᠠ ᠢᠯᠡᠬᠡᠪᠡ᠃ ᠲᠡᠳᠡ ᠬᠤᠶᠠᠷ ᠵᠠᠮᠤᠬ᠎ᠠ ᠳᠤ ᠤᠴᠠᠷᠠᠵᠤ᠄ | ︽ᠲᠠᠮᠦᠵᠢᠨ ᠠᠬ᠎ᠠ ᠪᠢᠳᠠ ᠬᠤᠶᠠᠷ ᠢ ᠵᠠᠷᠤᠵᠤ ᠲᠠᠨ ᠠᠴᠠ ᠲᠡᠮᠵᠢᠯᠬᠡ ᠭᠤᠶᠤᠵᠤ ᠬᠡᠯᠡᠬᠦᠯᠦᠭᠰᠡᠨ ᠨᠢ᠄ | ︿ᠦᠰᠳᠤ ᠮᠡᠷᠬᠢᠳ ᠢᠷᠡᠵᠤ | ᠡᠪᠤᠷ ᠢ ᠮᠢᠨᠢ ᠬᠤᠭᠤᠰᠤᠯᠠᠪᠠ | ᠦᠨᠢᠷ ᠲᠦᠷᠦᠯ ᠤᠨ ᠲᠠᠨᠠᠷ | ᠦᠰᠢᠶ᠎ᠡ ᠶᠢ ᠮᠢᠨᠢ ᠠᠪᠴᠤ ᠦᠭᠬᠦᠨ᠎ᠡ ᠤᠤ︖ | ᠤᠷᠰᠢᠭᠳᠤ ᠮᠡᠷᠬᠢᠳ ᠢᠷᠡᠵᠤ | ᠤᠷᠤ ᠶᠢ ᠮᠢᠨᠢ ᠬᠤᠭᠤᠰᠤᠯᠠᠪᠠ | ᠤᠷᠤᠭ ᠲᠦᠷᠦᠯ ᠤᠨ ᠲᠠᠨᠠᠷ | ᠤᠳᠤ ᠦᠰᠢᠶ᠎ᠡ ᠶᠢ ᠠᠪᠴᠤ ᠦᠭᠬᠦᠨ᠎ᠡ ᠤᠤ︖﹀ ᠬᠡᠵᠤ ᠬᠡᠯᠡᠪᠡ︾ ᠬᠡᠳ ᠦᠪᠡᠷᠰᠡᠳ ᠤᠨ ᠲᠤᠭᠤᠷᠢᠯ ᠬᠠᠨ ᠳᠤ | ᠵᠤᠯᠭᠠᠵᠤ ᠲᠡᠬᠦᠨ ᠠᠴᠠ ᠲᠡᠮᠵᠢᠯᠬᠡ ᠭᠤᠶᠤᠭᠰᠠᠨ ᠢᠶᠠᠨ ᠬᠡᠯᠡᠵᠤ ᠦᠭᠪᠡ᠃ ᠡᠴᠤᠰ ᠲᠤ ᠲᠤᠭᠤᠷᠢᠯ ᠬᠠᠨ ᠤ | ᠵᠠᠮᠤᠬ᠎ᠠ ᠳᠤ ᠬᠡᠯᠡᠭᠰᠡᠨ ᠦᠭᠡ ᠶᠢ ᠤᠯᠠᠮᠵᠢᠯᠠᠵᠤ ᠦᠭᠪᠡ᠃ ᠡᠳᠡᠬᠡᠷ ᠦᠬᠡ ᠶᠢ ᠰᠤᠨᠤᠰᠤᠭᠠᠳ ᠵᠠᠮᠤᠬ᠎ᠠ᠄ | ︽ᠦᠨᠢᠷ ᠲᠦᠷᠦᠯ ᠤᠨ ᠲᠡᠮᠦᠵᠢᠨ ᠢ | ᠡᠪᠤᠷ ᠢᠶᠠᠨ ᠬᠤᠭᠤᠰᠤᠯᠠᠭᠳᠠᠪᠠ ᠬᠡᠵᠤ ᠰᠤᠨᠤᠰᠤᠭᠠᠳ | ᠡᠯᠢᠬᠡ ᠮᠢᠨᠢ ᠡᠮᠳᠡᠷᠡᠪᠡ᠃ | ᠤᠷᠤᠭ ᠲᠦᠷᠦᠯ ᠤᠨ ᠲᠠᠨᠠᠷ ᠢ | ᠤᠷᠤ ᠪᠠᠨ ᠬᠤᠭᠤᠰᠤᠯᠠᠭᠳᠠᠪᠠ ᠬᠡᠵᠤ ᠰᠤᠨᠤᠰᠤᠭᠠᠳ | ᠦᠷᠦ ᠮᠢᠨᠢ ᠡᠪᠡᠳᠪᠠ᠃ | ᠡᠳᠡᠬᠡᠷ ᠮᠡᠷᠬᠢᠳ ᠢ ᠮᠦᠬᠦᠬᠡᠵᠤ | ᠦᠵᠢᠨ ᠪᠦᠷᠳᠡ ᠶᠢ ᠠᠪᠤᠷᠠᠶ᠎ᠠ | ᠬᠠᠮᠤᠭ ᠮᠡᠷᠬᠢᠳ ᠢ ᠰᠦᠨᠦᠬᠡᠵᠤ | ᠬᠠᠳᠤᠨ ᠪᠦᠷᠳᠡ ᠶᠢ ᠬᠠᠷᠢᠭᠤᠯᠤᠨ ᠠᠪᠤᠷᠠᠶ᠎ᠠ︾ ᠬᠡᠳ ᠪᠠᠰᠠ᠄ | ︽ᠤᠳᠤ ᠤᠳᠦ᠋ᠢᠳ ᠮᠡᠷᠬᠢᠳ ᠤᠨ ᠲᠤᠭᠳᠤᠭ᠎ᠠ᠂ ᠪᠤᠤᠷ᠎ᠠ ᠬᠡᠬᠡᠷ᠎ᠡ ᠬᠡᠬᠦ ᠭᠠᠵᠠᠷ ᠪᠤᠷᠤᠭᠤᠯᠠᠨ ᠶᠠᠪᠤᠵᠤ᠂ | ᠤᠸᠠᠰ ᠮᠡᠷᠬᠢᠳ ᠤᠨ ᠲᠠᠶᠢᠷ ᠤᠰᠤᠨ ᠲᠡᠯᠠᠳ ᠠᠷᠠᠯ ᠬᠡᠬᠦ ᠭᠠᠵᠠᠷ ᠲᠠᠰᠢᠶᠠᠯᠠᠨ ᠰᠠᠭᠤᠵᠤ᠂ ᠬᠠᠭᠠᠳ ᠮᠡᠷᠬᠢᠳ ᠤᠨ | ᠬᠠᠭᠠᠳᠠᠢ ᠲᠠᠷᠮᠠᠯᠠ ᠬᠠᠷᠠᠵᠢ ᠶᠢᠨ ᠲᠠᠯ᠎ᠠ ᠬᠡᠬᠦ ᠭᠠᠵᠠᠷ ᠬᠠᠯᠬᠠᠯᠠᠨ ᠨᠢᠭᠤᠭᠳᠠᠵᠤ ᠪᠠᠶᠢᠨ᠎ᠠ᠃ ᠰᠤᠨᠤᠰᠪᠠᠯ ᠬᠢᠯᠠᠭᠤ | ᠮᠦᠷᠡᠨ ᠳᠤ ᠰᠠᠬᠠᠯ ᠡᠪᠡᠰᠤ ᠶᠡᠭᠡ ᠬᠡᠨ᠎ᠡ᠂ ᠰᠠᠬᠠᠯ ᠡᠪᠡᠰᠤ ᠪᠠᠷ ᠬᠠᠷᠢᠨ ᠰᠠᠯ ᠤᠶᠠᠵᠤ ᠪᠤᠯᠤᠨ᠎ᠠ ᠬᠡᠨ᠎ᠡ᠃ ᠦᠨᠤ | ᠪᠢᠳᠠ ᠲᠦᠬᠦᠮ ᠢ ᠪᠤᠳᠤᠵᠤ ᠡᠪᠡᠰᠤᠨ ᠰᠠᠯ ᠤᠶᠠᠭᠠᠳ ᠬᠢᠯᠠᠭᠤ ᠮᠦᠷᠡᠨ ᠢ ᠬᠦᠨᠳᠠᠯᠡᠨ ᠬᠡᠳᠦᠯᠵᠤ ᠬᠡᠮᠳᠤ ᠮᠤᠤᠰᠠᠶᠢᠨ | ᠮᠡᠷᠬᠢᠳ ᠢ ᠬᠡᠨᠡᠳᠡᠬᠦᠯᠦᠨ ᠲᠠᠭᠠᠷᠢᠵᠤ | ᠡᠷᠦᠬᠡ ᠡᠬᠦᠳᠠ ᠶᠢ ᠨᠢ ᠡᠪᠳᠡᠵᠤ | ᠡᠳ᠋ ᠠᠭᠤᠷᠠᠰᠤ ᠶᠢ ᠨᠢ ᠤᠯᠵᠠᠯᠠᠵᠤ | ᠡᠮᠡᠰ ᠬᠡᠤᠬᠡᠳ ᠢ ᠨᠢ ᠪᠤᠯᠢᠶᠡᠵᠤ | ᠦᠰᠢᠶ᠎ᠡ ᠬᠤᠷᠤᠰᠤᠯ ᠢᠶᠠᠨ ᠠᠪᠤᠶ᠎ᠠ︕︾ ᠬᠡᠪᠡ᠃ ᠬᠠᠰᠠᠷ ᠪᠡᠯᠬᠦᠳᠠᠢ ᠬᠤᠶᠠᠷ ᠡᠳᠡᠬᠡᠷ ᠦᠬᠡ ᠶᠢ ᠰᠤᠨᠤᠰᠴᠤ᠄ | ︽ᠵᠠᠮᠤᠬ᠎ᠠ ᠠᠬ᠎ᠠ ᠶᠢᠨ ᠦᠬᠡ ᠵᠦᠢᠳᠠᠢ ᠪᠠᠶᠢᠨ᠎ᠠ᠂ ᠪᠢᠳᠠ ᠬᠠᠷᠢᠵᠤ ᠲᠡᠮᠦᠵᠢᠨ ᠠᠬ᠎ᠠ ᠳᠤ ᠬᠡᠯᠡᠵᠤ | ᠦᠭᠬᠦᠶ᠎ᠡ︾ ᠬᠡᠳ ᠶᠠᠪᠤᠬᠤ ᠬᠡᠳᠡᠯ᠎ᠡ ᠵᠠᠮᠤᠬ᠎ᠠ ᠪᠠᠰᠠ᠄ | ︽ᠲᠡᠮᠦᠵᠢᠨ ᠠᠨᠳᠠ ᠪᠠ ᠲᠤᠭᠤᠷᠢᠯ ᠬᠠᠨ ᠠᠬ᠎ᠠ ᠬᠤᠶᠠᠷ ᠲᠤ ᠲᠠᠬᠢᠨ ᠬᠡᠯᠡᠬᠦ ᠦᠬᠡ ᠪᠤᠯ᠄ ᠤᠳᠤ ᠪᠢ | ᠬᠠᠷᠠᠭ᠎ᠠ ᠶᠡᠬᠡᠳᠤ ᠲᠤᠭ ᠢᠶᠠᠨ ᠲᠡᠬᠢᠵᠤ | ᠬᠠᠷ᠎ᠠ ᠪᠤᠬ᠎ᠠ ᠶᠢᠨ ᠠᠷᠠᠰᠤ ᠪᠠᠷ ᠪᠦᠷᠢᠭᠰᠡᠨ | ᠬᠠᠷᠬᠢᠷᠠᠬᠤ ᠲᠠᠭᠤᠳᠠᠢ ᠬᠡᠩᠬᠡᠷᠬᠡ ᠪᠠᠨ ᠲᠠᠯᠠᠳᠴᠤ | ᠬᠠᠳᠠᠨ ᠪᠤᠯᠤᠳ ᠵᠢᠳᠠ ᠪᠠᠨ ᠪᠠᠷᠢᠵᠤ | ᠬᠠᠳᠠᠩᠭᠤ ᠲᠡᠪᠡᠯ ① ᠢᠶᠠᠨ ᠡᠮᠤᠰᠴᠤ | ᠬᠠᠳᠬᠤᠬᠤ ᠰᠤᠮᠤ ᠪᠠᠨ ᠤᠨᠢᠯᠠᠵᠤ | ᠬᠠᠷ᠎ᠠ ᠬᠤᠷᠳᠤᠨ ᠢᠶᠠᠨ ᠤᠨᠤᠵᠤ | ᠬᠠᠮᠤᠭ ᠴᠡᠷᠢᠭ ᠢᠶᠠᠨ ᠲᠠᠭᠠᠭᠤᠯᠵᠤ | ᠬᠠᠭᠠᠳ ᠮᠡᠷᠬᠢᠳ ᠢ ᠬᠠᠮᠬ᠎ᠠ ᠲᠠᠭᠠᠷᠢᠵᠤ | ᠬᠠᠳᠬᠤᠯᠳᠤᠨ ᠪᠠᠶᠢᠯᠳᠤᠬᠤ ᠪᠠᠷ ᠮᠤᠷᠳᠠᠪᠠ᠃ | ᠦᠵᠡᠮᠵᠢᠳᠤ ᠤᠷᠳᠤ ᠲᠤᠭ ᠢᠶᠠᠨ ᠲᠠᠬᠢᠵᠤ | ᠦᠬᠡᠷ ᠤᠨ ᠠᠷᠠᠰᠤ ᠪᠠᠷ ᠪᠦᠷᠢᠭᠰᠡᠨ | ᠦᠳᠬᠡᠨ ᠲᠠᠭᠤᠳᠠᠢ ᠬᠡᠩᠬᠡᠷᠬᠡ ᠪᠠᠨ ᠲᠡᠯᠡᠳᠴᠤ | ᠦᠵᠦᠬᠦᠷ ᠬᠤᠰᠢᠭᠤᠳᠤ ᠬᠤᠶᠠᠭ ᠢᠶᠠᠨ ᠡᠮᠤᠰᠴᠤ | ᠤᠩᠬᠢᠳᠤ ᠢᠯᠳᠤ ᠪᠠᠨ ᠪᠠᠷᠢᠵᠤ | ᠤᠨᠢᠳᠤ ᠰᠤᠮᠤ ᠪᠠᠨ ᠤᠨᠢᠯᠠᠵᠤ | ᠤᠷᠤᠭ ᠬᠤᠷᠳᠤᠨ ᠢᠶᠠᠨ ᠤᠨᠤᠵᠤ | ᠤᠯᠠᠨ ᠴᠡᠷᠢᠭ ᠢᠶᠠᠨ ᠲᠠᠭᠠᠭᠤᠯᠵᠤ | ᠦᠨᠤ ᠮᠤᠤᠰᠠᠶᠢᠨ ᠮᠡᠷᠬᠢᠳ ᠢ ᠲᠤᠪᠳᠤᠯᠵᠤ | ᠦᠬᠦᠳᠡᠯ᠎ᠡ ᠲᠡᠮᠡᠴᠡᠬᠦ ᠪᠠᠷ ᠮᠤᠷᠳᠠᠪᠠ ᠬᠡᠵᠤ ᠬᠡᠯᠡᠵᠤ ᠦᠭᠬᠦᠭᠳᠤᠨ︾ ᠬᠡᠳ ᠪᠠᠰᠠ ᠤᠨᠤᠨ ᠤ ᠡᠬᠢ ᠳᠠᠬᠢ ᠪᠤᠳᠤᠬᠠᠨ | ᠪᠤᠤᠷᠵᠢ ᠳᠤ ᠠᠭᠤᠯᠵᠠᠬᠤ ᠪᠠᠷ ᠪᠤᠯᠵᠤᠭ᠎ᠠ ᠲᠤᠭᠳᠠᠪᠠ᠃ | ᠬᠠᠰᠠᠷ ᠪᠡᠯᠬᠦᠳᠠᠢ ᠬᠤᠶᠠᠷ ᠪᠤᠴᠠᠵᠤ ᠵᠠᠮᠤᠬ᠎ᠠ ᠶᠢᠨ ᠬᠡᠯᠡᠭᠰᠡᠨ ᠦᠬᠡ ᠶᠢ ᠲᠡᠮᠦᠵᠢᠨ ᠳᠤ ᠬᠡᠯᠡᠵᠤ ᠦᠭᠪᠡ᠃ | ᠲᠡᠮᠦᠵᠢᠨ ᠪᠠᠰᠠ ᠬᠦᠮᠦᠨ ᠵᠠᠷᠤᠵᠤ ᠵᠡᠮᠤᠬᠠ ᠶᠢᠨ ᠦᠬᠡ ᠶᠢ ᠲᠤᠭᠤᠷᠢᠯ ᠬᠠᠨ ᠳᠤ ᠤᠯᠠᠮᠵᠢᠯᠠᠪᠠ᠃ ᠲᠤᠭᠤᠷᠢᠯ ᠬᠠᠨ | ᠲᠡᠷᠡ ᠲᠠᠷᠤᠢ ᠬᠤᠶᠠᠷ ᠲᠦᠮᠡᠨ ᠴᠡᠷᠢᠭ ᠠᠪᠴᠤ ᠮᠤᠷᠳᠠᠭᠠᠳ ᠪᠤᠷᠬᠠᠨ ᠬᠠᠯᠳᠤᠨ ᠤ ᠦᠪᠦᠷ ᠢ ᠲᠠᠭᠠᠷᠢᠨ ᠪᠦᠷᠬᠢ | ᠡᠷᠬᠢ ᠶᠢ ᠴᠢᠭᠯᠡᠨ ᠶᠠᠪᠤᠪᠠ᠃ ᠲᠡᠮᠦᠵᠢᠨ ᠪᠦᠷᠬᠢ ᠡᠷᠬᠢ ᠠᠴᠠ ᠪᠦᠬᠦ ᠴᠡᠷᠢᠭ ᠢᠶᠠᠨ ᠠᠪᠴᠤ ᠬᠦᠳᠡᠯᠦᠬᠡᠳ ᠲᠤᠭᠤᠷᠢᠯ | ᠬᠠᠨ ᠪᠠ ᠲᠡᠬᠦᠨ ᠤ ᠲᠡᠬᠦᠦ ᠵᠠᠬ᠎ᠠ ᠬᠠᠮᠪᠤ ᠨᠠᠷ ᠢ ᠬᠢᠮᠤᠷᠭᠠ ᠭᠤᠷᠤᠬᠠᠨ ᠤ ᠠᠶᠢᠯ ᠬᠠᠷᠠᠭᠠᠨ᠎ᠠ ᠬᠡᠬᠦ ᠭᠠᠵᠠᠷ ᠪᠠᠭᠤᠵᠤ | ᠪᠠᠶᠢᠬᠤ ᠳᠤ ᠬᠦᠷᠴᠤ ᠤᠴᠢᠪᠠ᠃ ᠲᠡᠬᠡᠬᠡᠳ ᠲᠡᠮᠦᠵᠢᠨ᠂ ᠲᠤᠭᠤᠷᠢᠯ ᠬᠠᠨ᠂ ᠵᠠᠬ᠎ᠠ ᠬᠠᠮᠪᠤ ᠭᠤᠷᠪᠠᠭᠤᠯᠠ ᠨᠠᠶᠢᠯᠡᠨ | ᠴᠢᠨᠠᠭᠰᠢ ᠬᠦᠳᠡᠯᠵᠤ ᠤᠭ ᠤᠨ ᠪᠤᠯᠵᠤᠭᠠᠯᠠᠭᠰᠠᠨ ᠪᠤᠳᠤᠬᠠᠨ ᠪᠤᠤᠷᠵᠢ ᠳᠤ ᠬᠦᠷᠪᠡᠯ ᠵᠠᠮᠤᠬ᠎ᠠ ᠨᠢᠬᠡᠨᠳᠠ ᠠᠳᠠ | ᠬᠦᠷᠴᠤ ᠢᠷᠡᠬᠡᠳ ᠭᠤᠷᠪᠠ ᠬᠤᠨᠤᠭ ᠬᠦᠯᠢᠶᠡᠵᠤ ᠪᠠᠶᠢᠵᠠᠢ᠃ ᠵᠠᠮᠤᠬ᠎ᠠ ᠲᠡᠳᠡᠨ ᠢ ᠦᠵᠡᠬᠡᠳ ᠬᠤᠶᠠᠷ ᠲᠦᠮᠡᠨ | ᠴᠡᠷᠢᠭ ᠢᠶᠠᠨ ᠵᠢᠭᠰᠠᠭᠠᠪᠠ᠃ ᠲᠡᠮᠦᠵᠢᠨ᠂ ᠲᠤᠭᠤᠷᠢᠯ ᠬᠠᠨ᠂ ᠵᠠᠬ᠎ᠠ ᠬᠠᠮᠪᠤ ᠭᠤᠷᠪᠠ ᠪᠠᠰᠠ ᠴᠡᠷᠢᠭ ᠢᠶᠠᠨ ᠵᠢᠭᠰᠠᠭᠠᠵᠤ | ᠂ ᠬᠠᠷᠢᠯᠴᠠᠨ ᠦᠬᠡ ᠠᠯᠳᠠᠭᠰᠠᠨ ᠦᠭᠡᠢ ᠪᠠᠨ ᠮᠡᠳᠡᠭᠳᠡᠪᠡ᠃ ᠲᠡᠭᠡᠭᠡᠳ ᠬᠤᠶᠠᠷ ᠡᠳᠡᠬᠡᠳ ᠢᠶᠠᠷ ᠢᠶᠠᠨ ᠤᠷᠤᠭᠰᠢ | ᠲᠠᠪᠰᠢᠵᠤ ᠠᠭᠤᠯᠵᠠᠨ ᠲᠠᠨᠢᠯᠴᠠᠵᠠᠭᠠᠪᠠ᠃ ᠵᠠᠮᠤᠬ᠎ᠠ᠄ | ︽ᠤᠷᠢᠳ ᠪᠢᠳᠠ ᠪᠤᠷᠤᠭᠠᠨ ᠲᠤᠬᠢᠶᠠᠯᠳᠤᠪᠠᠴᠤ ᠪᠤᠯᠵᠤᠭᠠᠨ ᠠᠴᠠ ᠬᠤᠵᠢᠮᠳᠠᠬᠤ ᠦᠭᠡᠢ᠂ ᠬᠤᠷ᠎ᠠ | ᠲᠤᠬᠢᠶᠠᠯᠳᠤᠪᠠᠴᠤ ᠬᠤᠷᠠᠯ ᠠᠴᠠ ᠬᠤᠵᠢᠮᠳᠠᠬᠤ ᠦᠭᠡᠢ ᠬᠡᠵᠤ ᠮᠤᠩᠭᠤᠯ ᠦᠬᠡ ᠪᠠᠷ ᠬᠡᠯᠡᠯᠴᠡᠵᠤ ︿ᠵᠠ﹀ ᠬᠡᠵᠤ | ᠠᠨᠳᠠᠭᠠᠶᠢᠯᠠᠭᠰᠠᠨ ᠪᠢᠰᠢ ᠤᠤ︖ ︿ᠵᠠ﹀ ᠬᠡᠰᠡᠨ ᠦᠬᠡᠨ ᠠᠴᠠ ᠬᠤᠵᠢᠮᠳᠠᠭᠰᠠᠳ ᠢ ᠵᠡᠷᠬᠡ ᠲᠤᠳᠤᠷ᠎ᠠ ᠠᠴᠠ | ᠬᠠᠰᠤᠶᠠ ᠬᠡᠰᠡᠨ ᠪᠢᠰᠢ ᠤᠤ︖︾ ᠬᠡᠵᠤ ᠲᠡᠮᠦᠵᠢᠨ᠂ ᠲᠤᠭᠤᠷᠢᠯ ᠬᠠᠨ ᠨᠠᠷ ᠢ ᠪᠤᠯᠵᠤᠭᠠᠨ ᠠᠴᠠ ᠬᠤᠵᠢᠮᠳᠠᠭᠰᠠᠨ | ᠲᠤᠬᠠᠢ ᠵᠢᠮᠠᠯᠠᠵᠤ ᠬᠡᠯᠡᠭᠰᠡᠨ ᠳᠤ᠂ ᠲᠤᠭᠤᠷᠢᠯ ᠬᠠᠨ᠄ | ︽ᠪᠤᠯᠵᠤᠭᠠᠨ ᠤ ᠭᠠᠵᠠᠷ ᠭᠤᠷᠪᠠᠨ ᠡᠳᠤᠷ ᠬᠤᠵᠢᠮᠳᠠᠵᠤ ᠢᠷᠡᠭᠰᠡᠨ ᠤᠴᠢᠷ ᠲᠤ ᠪᠤᠷᠤᠭᠤᠰᠢᠶᠠᠨ | ᠵᠢᠮᠡᠯᠡᠬᠦ ᠨᠢ ᠵᠦᠢ᠂ ᠶᠠᠭᠠᠬᠢᠨ ᠲᠤᠷᠭᠠᠬᠤ ᠶᠢ ᠵᠠᠮᠤᠬ᠎ᠠ ᠲᠡᠬᠦᠦ ᠮᠢᠨᠢ ᠮᠡᠳᠡᠳᠦᠬᠡᠢ︾ ᠬᠡᠵᠤ ᠭᠤᠷᠪᠠᠭᠤᠯᠠ ᠨᠢᠬᠡᠨ | ᠵᠡᠷᠬᠡ ᠢᠨᠢᠶᠡᠯᠴᠡᠨ ᠶᠠᠷᠢᠯᠴᠠᠪᠠ᠃ | ᠲᠡᠨᠳᠡ ᠠᠴᠠ ᠭᠤᠷᠪᠠᠨ ᠰᠠᠯᠠᠭ᠎ᠠ ᠴᠡᠷᠢᠭ ᠨᠡᠶᠢᠯᠡᠨ ᠬᠦᠳᠡᠯᠵᠤ ᠬᠢᠯᠠᠭᠤ ᠮᠦᠷᠡᠨ ᠳᠤ ᠬᠦᠷᠴᠤ ᠤᠴᠢᠪᠠᠯ | ᠮᠦᠷᠡᠨ ᠤ ᠬᠦᠪᠡᠭᠡ ᠳᠤ ᠰᠠᠬᠠᠯ ᠡᠪᠡᠰᠤ ᠭᠠᠵᠠᠷ ᠰᠠᠢ ᠦᠭᠡᠢ ᠤᠷᠭᠤᠵᠤ ᠪᠠᠷᠤᠭ ᠯᠡ ᠲᠡᠭᠡᠬᠦᠷ ᠨᠢ ᠬᠢᠰᠬᠢᠬᠡᠳ | ᠭᠠᠷᠴᠤ ᠪᠤᠯᠤᠮᠠᠷ ᠪᠠᠶᠢᠯ᠎ᠠ᠃ ᠵᠠᠮᠤᠬ᠎ᠠ᠂ ᠲᠡᠮᠦᠵᠢᠨ᠂ ᠲᠤᠭᠤᠷᠢᠯ ᠬᠠᠨ ᠴᠡᠷᠢᠭ ᠲᠡᠭᠡᠨ ᠵᠠᠷᠯᠠᠨ ᠢᠯᠳᠤ ᠵᠢᠳᠠ ᠪᠠᠷ | ᠰᠠᠬᠠᠯ ᠡᠪᠡᠰᠤ ᠬᠠᠳᠤᠭᠤᠯᠵᠤ ᠰᠠᠯ ᠤᠶᠠᠭᠤᠯᠪᠠ᠃ ᠰᠦᠨᠢ ᠲᠦᠯᠢ ᠦᠩᠬᠡᠷᠡᠵᠤ ᠪᠠᠶᠢᠬᠤ ᠳᠤ ᠬᠡᠳᠤᠨ ᠵᠠᠭᠤᠨ ᠰᠡᠯ | ᠤᠶᠠᠵᠤ ᠬᠢᠯᠠᠭᠤ ᠮᠦᠷᠡᠨ ᠢ ᠬᠡᠳᠦᠯᠦᠨ᠂ ᠪᠤᠤᠷ᠎ᠠ ᠬᠡᠬᠡᠷ᠎ᠡ ᠶᠢ ᠬᠡᠨᠡᠳᠳᠠ ᠲᠠᠭᠠᠷᠢᠵᠤ᠂ ᠤᠳᠦ᠋ᠢᠳ ᠮᠡᠷᠬᠢᠳ ᠤᠨ | ᠡᠷᠦᠬᠡ ᠲᠡᠭᠡᠷ᠎ᠡ ᠠᠴᠠ ᠨᠦᠮᠦᠷᠤᠨ ᠪᠠᠭᠤᠵᠤ᠂ ᠡᠷᠦᠬᠡ ᠡᠬᠦᠳᠡ ᠶᠢ ᠨᠢ ᠡᠪᠳᠠᠨ ᠰᠦᠢᠳᠬᠡᠵᠤ᠂ ᠡᠳ᠋ | ᠠᠭᠤᠷᠠᠰᠤ ᠶᠢ ᠨᠢ ᠪᠤᠯᠢᠶᠠᠨ ᠲᠠᠯᠠᠵᠤ᠂ ᠡᠮᠡᠰ ᠬᠡᠤᠬᠡᠳ ᠢ ᠨᠢ ᠤᠯᠵᠠᠯᠠᠨ᠂ ᠦᠪᠴᠢᠨ ᠤᠯᠤᠰ ᠢ ᠨᠢ ᠬᠤᠭᠤᠰᠤᠯᠠᠪᠠ᠃ | | ᠡᠨᠡ ᠲᠠᠶᠢᠨ ᠳᠤ ᠲᠡᠮᠦᠵᠢᠨ ᠤ ᠴᠡᠷᠢᠭ ᠬᠠᠭᠠᠳ ᠮᠡᠷᠬᠢᠳ ᠤᠨ ᠬᠠᠭᠠᠳᠠᠢ ᠲᠡᠷᠮᠠᠯᠠ ᠶᠢ ᠤᠨᠳᠠᠵᠤ | ᠪᠠᠶᠢᠬᠤ ᠳᠤ ᠪᠠᠷᠢᠪᠴᠢᠯᠠᠵᠤ ᠲᠡᠮᠦᠵᠢᠨ ᠳᠤ ᠬᠦᠷᠬᠡᠭᠰᠡᠨᠡ᠂ ᠲᠡᠬᠦᠨ ᠳᠤ ᠬᠠᠪᠳᠠᠰᠤᠨ ᠪᠠᠭᠤ ᠵᠡᠬᠦᠯᠬᠡᠵᠤ ᠪᠤᠷᠬᠠᠨ | ᠬᠠᠯᠳᠤᠨ ᠳᠤ ᠶᠠᠪᠤᠭᠤᠯᠪᠠ᠃ ᠤᠳᠦ᠋ᠢᠳ ᠮᠡᠷᠬᠢᠳ ᠤᠨ ᠲᠤᠭᠳᠠᠭ᠎ᠠ ᠬᠢᠬᠡᠳ ᠤᠸᠠᠰ ᠮᠡᠷᠬᠢᠳ ᠤᠨ ᠲᠠᠶᠢᠷ ᠤᠰᠤᠨ | ᠬᠠᠷᠢᠨ ᠬᠢᠯᠠᠭᠤ ᠮᠦᠷᠡᠨ ᠤ ᠵᠢᠭᠠᠰᠤᠴᠢᠨ᠂ ᠪᠤᠯᠠᠭᠠᠴᠢᠨ ᠤ ᠬᠡᠯᠡ ᠬᠦᠷᠬᠡᠭᠰᠡᠨ ᠠᠴᠢ ᠪᠠᠷ ᠴᠦᠬᠡᠨ ᠨᠦᠬᠦᠳ ᠢᠶᠠᠨ | ᠲᠠᠭᠠᠭᠤᠯᠵᠤ ᠰᠡᠯᠡᠩᠬᠡ ᠮᠦᠷᠡᠨ ᠢ ᠤᠷᠤᠭᠤᠳᠠᠨ ᠪᠠᠷᠭᠤᠵᠢᠨ ᠨᠤᠳᠤᠭ ᠲᠤ ᠲᠤᠳᠠᠭᠠᠨ ᠤᠳᠪᠠ᠃ | ᠲᠡᠮᠦᠵᠢᠨ ᠲᠦᠷᠪᠡᠵᠤ ᠶᠠᠪᠤᠭ᠎ᠠ ᠬᠦᠮᠦᠰ ᠤᠨ ᠲᠤᠮᠳᠠᠭᠤᠷ ︽ᠪᠦᠷᠳᠠ᠂ ᠪᠦᠷᠳᠡ︾ ᠬᠡᠵᠤ ᠲᠠᠭᠤᠳᠠᠵᠤ | ᠶᠠᠪᠤᠪᠠ᠃ ᠲᠡᠭᠡᠭᠡᠳ ᠨᠠᠰᠢ ᠴᠠᠰᠢ ᠬᠡᠳᠤ ᠤᠳᠠᠭ᠎ᠠ ᠲᠡᠪᠬᠢᠨ ᠪᠦᠷᠳᠡ ᠦᠵᠢᠨ ᠢ ᠡᠷᠢᠵᠤ ᠤᠯᠬᠤ ᠦᠭᠡᠢ ᠰᠠᠨᠳᠤᠷᠴᠤ | ᠶᠠᠪᠤᠳᠠᠯ᠎ᠠ ᠲᠡᠮᠦᠵᠢᠨ ᠤ ᠴᠡᠷᠢᠭ ᠤᠳ ᠨᠢᠬᠡᠨ ᠬᠠᠷᠭᠤᠳᠠᠢ ᠲᠡᠷᠬᠡ ᠶᠢ ᠬᠦᠷᠢᠶᠡᠯᠡᠨ ᠠᠪᠴᠤ᠄ | ︽ᠡᠨᠡ ᠲᠤᠳᠤᠷ᠎ᠠ ᠬᠡᠨ ᠰᠠᠭᠤᠵᠤ ᠪᠠᠶᠢᠨ᠎ᠠ︖︾ ᠬᠡᠵᠤ ᠠᠰᠠᠭᠤᠭᠰᠠᠨ ᠳᠤ᠂ ᠲᠡᠷᠬᠡᠨ ᠤ | ᠲᠤᠳᠤᠷ᠎ᠠ ᠠᠴᠠ᠄ | ︽ᠪᠢ ᠲᠡᠮᠦᠵᠢᠨ ᠤ ᠬᠡᠷᠬᠡᠢ ᠪᠦᠷᠳᠠ ᠪᠠᠶᠢᠨ᠎ᠠ︾ ᠬᠡᠵᠤ ᠠᠶᠤᠵᠤ ᠬᠡᠯᠮᠡᠭᠳᠡᠭᠰᠡᠨ ᠲᠠᠭᠤᠨ ᠭᠠᠷᠪᠠ᠃ | ᠴᠡᠷᠢᠭ ᠤᠳ᠄ | ︽ᠪᠦᠷᠳᠠ ᠦᠵᠢᠨ ᠠᠳᠠ ᠪᠠᠶᠢᠨ᠎ᠠ︕︾ ᠬᠡᠵᠤ ᠬᠠᠰᠬᠢᠷᠦᠯᠳᠤᠭᠰᠠᠨ ᠳᠤ ᠲᠡᠮᠦᠵᠢᠨ ᠢᠷᠡᠵᠤ | ᠬᠤᠸᠠᠭᠴᠢᠨ ᠡᠮᠡᠬᠡᠨ ᠪᠤᠯᠤᠨ ᠪᠦᠷᠳᠡ ᠦᠵᠢᠨ ᠲᠠᠢ ᠤᠴᠠᠷᠠᠨ ᠵᠤᠯᠭᠠᠯᠳᠤᠪᠠ᠃ | ᠲᠡᠮᠦᠵᠢᠨ ᠲᠠᠷᠤᠢ ᠲᠤᠭᠤᠷᠢᠯ ᠬᠠᠨ ᠪᠤᠯᠤᠨ ᠵᠠᠮᠤᠬ᠎ᠠ ᠳᠤ ᠬᠦᠮᠦᠨ ᠢᠯᠡᠬᠡᠵᠤ᠄ ︽ᠪᠢᠳᠡ ᠡᠷᠢᠭᠰᠡᠨ | ᠬᠦᠮᠦᠨ ᠢ ᠤᠯᠤᠭᠰᠠᠨ ᠲᠤᠯᠠ ᠡᠨᠡ ᠰᠦᠨᠢ ᠲᠤᠪᠳᠤᠯᠬᠤ ᠶᠢ ᠪᠠᠶᠢᠵᠤ᠂ ᠠᠳᠡ ᠪᠠᠨ ᠪᠠᠭᠤᠵᠠᠭᠠᠶᠠ︾ ᠬᠡᠵᠤ | ᠬᠡᠯᠡᠬᠦᠯᠪᠡ᠃ ᠲᠤᠭᠤᠷᠢᠯ ᠬᠠᠨ ᠪᠤᠯᠤᠨ ᠵᠠᠮᠤᠬ᠎ᠠ ᠬᠤᠶᠠᠷ ᠲᠡᠷᠡ ᠦᠬᠡ ᠶᠢ ᠵᠦᠪᠰᠢᠶᠡᠷᠡᠵᠤ ᠲᠡᠷᠡ ᠰᠦᠨᠢ ᠬᠢᠯᠠᠭᠤ | ᠮᠦᠷᠡᠨ ᠤ ᠬᠠᠪᠢ ᠭᠠᠵᠠᠷ ᠪᠠᠭᠤᠵᠤ᠂ ᠮᠠᠷᠭᠠᠰᠢ ᠨᠢ ᠦᠯᠡᠳᠡᠭᠰᠡᠨ ᠮᠡᠷᠬᠢᠳ ᠢ ᠲᠤᠪᠳᠤᠯᠵᠤ ᠦᠨᠡᠰᠤᠨ ᠲᠤᠪᠷᠠᠭ | ᠪᠤᠯᠭᠠᠵᠤ ᠤᠷᠬᠢᠪᠠ᠃ | ᠴᠢᠯᠠᠳᠤ ᠶᠢᠨ ᠲᠡᠬᠦᠦ ᠴᠢᠯᠡᠬᠡᠷ ᠪᠦᠬᠡ ᠠᠮᠢᠳᠤ ᠭᠠᠷᠤᠭᠠᠳ᠄ | ︽ᠬᠠᠷ᠎ᠠ ᠮᠠᠭᠤ ᠬᠡᠷᠢᠶ᠎ᠡ | ᠬᠠᠯᠢᠰᠤ ᠬᠦᠷᠡᠰᠤ ᠢᠳᠡᠬᠦ ᠵᠠᠶᠠᠭ᠎ᠠ ᠲᠠᠢ ᠪᠠᠶᠢᠳᠠᠯ᠎ᠠ | ᠭᠠᠯᠠᠭᠤ ᠲᠤᠭᠤᠷᠤᠤ ᠢᠳᠡᠬᠦ ᠬᠡᠵᠤ ᠰᠠᠨᠠᠭᠠᠷᠬᠠᠬᠤ ᠮᠡᠳᠤ | ᠬᠠᠳᠠᠷ ② ᠮᠠᠭᠤ ᠴᠢᠯᠡᠬᠡᠷ ᠪᠢ | ᠬᠠᠳᠤᠨ ᠦᠵᠢᠨ ᠳᠤ ᠬᠠᠯᠳᠠᠵᠤ | ᠬᠠᠮᠤᠭ ᠮᠡᠷᠬᠢᠳ ᠲᠤ ᠠᠶᠤᠯ ᠤᠴᠠᠷᠠᠭᠤᠯᠵᠤ | ᠭᠠᠭᠴᠠᠬᠠᠨ ᠠᠮᠢ ᠪᠠᠨ ᠬᠤᠷᠭᠤᠳᠠᠬᠤ | ᠬᠠᠯᠬ᠎ᠠ ᠨᠦᠮᠦᠷᠢ ᠦᠭᠡᠢ ᠪᠤᠯᠵᠤ | ᠬᠠᠪᠴᠢᠯ ᠭᠤᠤ ᠳᠤ ᠰᠢᠷᠭᠤᠨ | ᠬᠠᠷ᠎ᠠ ᠲᠤᠯᠤᠭᠠᠢ ᠪᠠᠨ ᠠᠯᠳᠠᠬᠤ ᠪᠤᠯᠪᠠ᠃ | ᠬᠤᠯᠠᠳᠤ ᠮᠠᠭᠤ ᠰᠢᠪᠠᠭᠤ | ᠬᠤᠯᠤᠭᠠᠨ᠎ᠠ ᠤᠭᠤᠳᠤᠨ᠎ᠠ ᠢᠳᠡᠬᠦ ᠵᠠᠶᠠᠭ᠎ᠠ ᠲᠠᠢ ᠪᠠᠶᠢᠳᠠᠯ᠎ᠠ | ᠬᠤᠨ ᠭᠠᠯᠠᠭᠤ ᠢᠳᠡᠬᠦ ᠬᠡᠵᠤ ᠰᠠᠨᠠᠭᠠᠷᠬᠠᠬᠤ ᠮᠡᠳᠤ | ᠬᠤᠪᠢ ᠮᠠᠭᠤ ᠴᠢᠯᠡᠬᠡᠷ ᠪᠢ | ᠬᠤᠳᠤᠭᠳᠤ ᠦᠵᠢᠨ ᠳᠤ ᠬᠠᠯᠳᠠᠵᠤ | ᠬᠤᠳᠠᠯᠠ ᠢᠷᠬᠡᠨ ᠳᠤ ᠬᠦᠨᠦᠬᠡᠯ ᠤᠴᠠᠷᠠᠭᠤᠯᠵᠤ | ᠬᠤᠷᠤᠭᠤᠨ ᠤ ᠲᠡᠳᠤᠢ ᠠᠮᠢ ᠪᠠᠨ | ᠬᠤᠷᠭᠤᠳᠠᠬᠤ ᠭᠠᠵᠠᠷ ᠦᠭᠡᠢ ᠪᠤᠯᠵᠤ | ᠭᠤᠤ ᠬᠠᠪᠴᠢᠯ ᠳᠤ ᠰᠢᠷᠭᠤᠨ | ᠬᠤᠬᠢᠮᠠᠢ ᠲᠤᠯᠤᠭᠠᠢ ᠪᠠᠨ ᠠᠯᠳᠠᠬᠤ ᠪᠤᠯᠪᠠ︕︾ ᠬᠡᠵᠤ ᠬᠡᠮᠰᠢᠨ ᠲᠤᠳᠠᠭᠠᠪᠠ᠃ | | | | ᠲᠠᠶᠢᠯᠪᠤᠷᠢ | ① ᠬᠠᠳᠠᠩᠭᠤ ᠲᠡᠪᠡᠯ — ᠪᠠᠬᠢ ᠬᠠᠳᠠᠭᠤ ᠬᠤᠶᠠᠭ ᠲᠠᠢ ᠲᠡᠪᠡᠯ | ② ᠬᠠᠳᠠᠷ — ᠶᠠᠬᠢᠷ ᠬᠡᠷᠡᠬᠦᠯᠴᠢ |