| | | ᠰᠠᠨᠠᠭ᠎ᠠ ᠵᠦᠪ ᠪᠤᠯ ᠵᠠᠶᠠᠭ᠎ᠠ ᠵᠦᠪ | | ᠪᠢᠷᠠᠭᠤ ᠮᠤᠩᠭᠤᠯ ᠲᠤᠮᠳᠠᠳᠦ ᠰᠤᠷᠭᠠᠭᠤᠯᠢ ᠶᠢᠨ | ᠲᠡᠭᠡᠳᠦ ᠭᠤᠷᠪᠡ ᠶᠢᠨ ᠬᠤᠶᠠᠳᠤᠭᠠᠷ ᠠᠩᠬᠢ ᠰᠢᠭᠤᠷᠭᠠᠨ | | | | | ᠬᠦᠮᠦᠨ ᠳᠤ ᠲᠦᠷᠦᠬᠦ ᠨᠢᠭᠡ ᠡᠳᠦᠷ ᠪᠠᠶᠢᠨ᠎ᠠ ᠭᠡᠬᠦ ᠳᠤ ᠦᠬᠦᠬᠦ ᠨᠢᠭᠡ ᠡᠳᠦᠷ ᠪᠠᠶᠢᠬᠤ ᠨᠢ ᠪᠠᠰᠠ ᠯᠠᠪᠳᠠᠢ᠃ | ᠭᠡᠪᠡᠴᠦ ᠬᠦᠮᠦᠨ ᠪᠦᠬᠦᠨ ᠤ ᠠᠯᠠᠭ ᠲᠠᠯᠠᠭᠡᠢ ᠳᠤ ᠲᠦᠷᠦᠭᠰᠡᠨ ᠨᠢ ᠤᠴᠢᠷᠳᠡᠢ ᠪᠠᠶᠢᠬᠤ ᠶᠤᠰᠤᠳᠠᠢ᠃ ︽ᠢᠳᠡᠭᠰᠡᠨ | ᠡᠷᠡᠤ ᠬᠤᠪᠠᠭ᠋ᠠᠶᠢᠷᠠᠵᠥ ᠢᠳᠡᠭᠳᠡᠭᠰᠡᠨ ᠲᠤᠪᠤ ᠨᠤᠭᠤᠭᠠᠷᠠᠨ᠎ᠠ︾ ᠭᠡᠳᠡᠭ ᠢᠶᠠᠷ ᠰᠠᠶᠢᠨ ᠶᠠᠪᠤᠳᠠᠯ ᠰᠠᠶᠢᠨ ᠲᠡᠭᠦᠰᠭᠡᠯ ᠢᠶᠠᠨ | ᠤᠯᠵᠥ᠂ ᠮᠠᠭᠤ ᠤᠴᠢᠷ ᠮᠠᠭᠤ ᠬᠠᠷᠢᠭᠤ ᠲᠠᠢ᠃ ᠬᠦᠮᠦᠨ ᠤ ᠬᠤᠪᠢ ᠵᠠᠶᠠᠭ᠎ᠠ ᠶᠢ ᠬᠡᠨ ᠴᠤ ᠲᠤᠭᠳᠠᠭᠠᠵᠤ ᠴᠢᠳᠠᠬᠤ | ᠦᠭᠡᠢ᠃ ᠬᠡᠪᠡᠴᠦ ︽ᠰᠠᠨᠠᠭ᠎ᠠ ᠨᠢ ᠵᠦᠪ ᠪᠣᠯ ᠵᠠᠶᠠᠭ᠎ᠠ ᠨᠢ ᠵᠦᠪ︾᠃ | ᠦᠷᠡᠵᠢᠯ ᠲᠠᠢ ᠵᠤᠨ ᠤ ᠬᠠᠷᠠᠮ ᠦᠬᠡᠢ ᠪᠡᠯᠡᠬᠡᠯᠡᠭᠰᠡᠨ ᠭᠤᠸ᠎ᠠ ᠴᠢᠮᠡᠭᠯᠡᠯ ᠢ ᠵᠡᠬᠦᠭᠰᠡᠨ ᠲᠠᠯ᠎ᠠ ᠨᠤᠳᠤᠭ ᠮᠢᠨᠢ | ᠪᠤᠷᠤᠭᠠᠨ ᠤ ᠲᠠᠷᠠᠭ᠎ᠠ ᠨᠤᠭᠤᠭᠠᠨ ᠦᠬᠡᠳᠡᠩ ᠮᠡᠳᠦ ᠬᠢᠯᠳᠦᠭᠠᠨᠠᠨ ᠬᠤᠪᠢ ᠶᠢᠨ ᠭᠠᠳᠠᠨ᠎ᠠ ᠭᠤᠶᠤᠬᠠᠨ ᠬᠠᠷᠠᠭᠳᠠᠨ᠎ᠠ᠃ | ᠨᠠᠷᠠᠨ ᠠᠪᠠᠭ᠋ᠠᠢ ᠴᠤ ᠨᠢᠬᠡ ᠡᠳᠦᠷ ᠢᠯᠴᠢ ᠬᠡᠷᠡᠯ ᠪᠠᠨ ᠢᠯᠭᠠᠷᠠᠭᠤᠯᠤᠨ ᠰᠠᠴᠤᠷᠠᠭᠤᠯᠤᠨ ᠶᠠᠳᠠᠷᠠᠭᠰᠠᠨ ᠪᠠᠶᠢᠳᠠᠯ ᠲᠠᠢ | ᠠᠯᠭᠤᠷ ᠠᠭᠠᠵᠢᠮ ᠢᠶᠠᠷ ᠠᠭᠤᠯᠠᠨ ᠲᠤᠯᠤᠭᠠᠢ ᠰᠢᠬᠦᠷᠬᠦ ᠳᠤ ᠪᠠᠷᠠᠭᠤᠨ ᠲᠡᠭᠷᠢ ᠦᠪᠴᠢ ᠪᠠᠷ ᠢᠶᠠᠨ ᠤᠯᠠᠶᠢᠵᠥ᠂ | ᠦᠨᠢᠶ᠎ᠡ ᠬᠤᠳᠠᠨ ᠵᠦᠭ ᠢᠶᠠᠨ ᠮᠦᠬᠡᠷᠡᠨ ᠴᠤᠪᠤᠬᠤ ᠳᠤ ᠰᠡᠬᠦᠳᠡᠷ ᠨᠢ ᠠᠯᠳᠠᠯᠠᠨ ᠬᠦᠳᠡᠭᠡ ᠨᠤᠳᠤᠭ ᠤᠨ ᠦᠳᠡᠰᠢ | ᠲᠡᠶᠢᠮᠦ ᠯᠡ ᠠᠮᠤᠭᠤᠯᠠᠩ ᠲᠡᠶᠢᠮᠦ ᠯᠡ ᠲᠠᠭᠠᠳᠠᠢ ᠰᠠᠨᠠᠭᠳᠠᠵᠥ ᠴᠡᠬᠡᠵᠢ ᠰᠠᠷᠠᠭᠤᠯ ᠰᠡᠳᠬᠢᠯ ᠠᠭᠤᠵᠢᠮ ᠪᠤᠯᠵᠥ | ᠪᠠᠶᠢᠭᠠᠯᠢ ᠲᠡᠯᠡᠬᠡᠢ ᠶᠢᠨ ᠭᠠᠶᠢᠬᠠᠮᠰᠢᠭ ᠲᠤ ᠰᠤᠭᠳᠤᠭᠤᠷᠠᠨ ᠪᠠᠶᠢᠳᠠᠯ᠎ᠠ ︽ᠲᠤᠭᠤᠯ ᠢᠶᠠᠨ ᠲᠠᠯᠪᠢ ᠡ᠂ ᠬᠡᠤᠭᠡᠨ᠂ | ᠶᠠᠭᠤ ᠦᠵᠡᠵᠥ ᠵᠤᠭᠰᠤᠵᠥ ᠪᠠᠶᠢᠬᠤ ᠪᠤᠢ︖ ᠲᠠᠭᠤᠳᠠᠭᠠᠳ ᠲᠠᠭᠤᠳᠠᠭᠠᠳ ᠬᠠᠷᠢᠭᠤ ᠦᠬᠡᠢ ᠨᠢ︾ ᠬᠡᠬᠦ ᠡᠵᠢ ᠶᠢᠨ | ᠵᠢᠩᠬᠢᠨᠡᠭᠰᠡᠨ ᠲᠠᠭᠤᠨ ᠳᠤ ᠠᠷᠠᠢ ᠬᠡᠵᠥ ᠰᠡᠷᠡᠵᠥ ︽ᠡ᠂ ᠮᠡᠳᠡᠯ᠎ᠡ ᠡ︾ ᠬᠡᠵᠥ ᠲᠤᠭᠤᠯ ᠤᠨ ᠵᠠᠯ᠎ᠠ ᠵᠦᠭ ᠢᠶᠠᠨ | ᠬᠦᠶᠦᠯ᠎ᠠ᠃ | ᠬᠡᠨᠦᠨᠳᠡ ᠵᠡᠬᠦᠨ ᠬᠤᠶᠢᠨ᠎ᠠ ᠵᠦᠭ ᠠᠴᠠ ᠡᠷᠢᠶᠡᠨ ᠮᠠᠷᠢᠶᠡᠨ ᠲᠠᠭᠤᠨ ᠭᠠᠷᠴᠦ ᠬᠠᠷᠢᠶᠠᠯ ᠵᠦᠬᠡᠯ ᠤᠨ | ᠲᠠᠭᠤᠨ ᠦᠷᠬᠦᠯᠵᠢᠯᠡᠬᠦ ᠳᠤ ᠬᠠᠮᠤᠭ ᠪᠡᠶ᠎ᠡ ᠠᠷᠵᠢᠰᠬᠢᠨ ᠬᠡᠨ ᠪᠤᠯᠪᠠ ᠭᠡᠳ ᠨᠢᠳᠦ ᠲᠠᠯᠪᠢᠨ ᠦᠵᠡᠪᠡᠯ ᠶᠠᠭ ᠯᠠ ᠮᠠᠨ | ᠤ ᠠᠪᠠᠭ᠎ᠠ ᠶᠢᠨ ᠬᠡᠷ ᠤᠨ ᠭᠠᠳᠠᠨ᠎ᠠ ᠠᠪᠠᠭ᠎ᠠ ᠪᠠ ᠠᠪᠠᠭ᠎ᠠ ᠡᠵᠢ ᠪᠤᠯᠤᠯᠳᠠᠢ ᠬᠤᠶᠡᠷ ᠬᠦᠮᠦᠨ ᠤ ᠪᠡᠷ᠎ᠡ ᠬᠠᠷᠠᠭᠳᠠᠪᠠ᠃ | ᠰᠠᠶᠢᠬᠠᠨ ᠴᠢᠩᠨᠠᠨ ᠰᠤᠨᠤᠰᠪᠡᠯ ᠬᠠᠶᠠ ᠦᠨᠳᠦᠷᠵᠢᠬᠦ ᠲᠠᠭᠤᠨ ᠨᠢ ᠠᠪᠠᠭ᠎ᠠ ᠡᠵᠢ ᠶᠢᠨ ᠲᠠᠭᠤ ᠪᠠᠶᠢᠯ᠎ᠠ᠃ ︽ᠪᠠᠰᠠ | ᠶᠠᠮᠠᠷ ᠶᠠᠪᠤᠳᠠᠯ ᠪᠤᠯᠴᠢᠬᠠᠭᠠᠳ ᠠᠶᠢᠯ ᠬᠤᠳᠠ ᠶᠢ ᠲᠦᠷᠬᠢᠳᠡᠯᠡ ᠬᠠᠷᠢᠶᠠᠯ ᠲᠠᠯᠪᠢᠬᠤ ᠪᠤᠯᠴᠢᠬᠠᠪᠠ︖︾ ᠭᠡᠵᠦ | ᠪᠤᠳᠤᠭᠰᠠᠨ ᠪᠤᠯᠪᠠᠴᠤ ︽ᠨᠠᠳᠠ ᠳᠤ ᠲᠠᠯᠵᠢ ᠦᠬᠡᠢ ᠬᠡᠷᠡᠭ︾ ᠬᠡᠵᠥ ᠪᠡᠶ᠎ᠡ ᠪᠠᠨ ᠲᠠᠶᠢᠳᠬᠤᠷᠠᠭᠤᠯᠤᠨ ᠲᠤᠭᠤᠯ ᠢᠶᠠᠨ | ᠲᠠᠯᠪᠢᠭᠠᠳ ᠬᠡᠷ ᠵᠦᠭ ᠢᠶᠠᠨ ᠶᠠᠪᠤᠵᠥ ᠪᠠᠶᠢᠳᠠᠯ᠎ᠠ ᠦᠨᠦ ᠬᠠᠷᠢᠶᠠᠯ ᠤᠯᠠᠮ ᠤᠯᠠᠮ ᠢᠶᠠᠷ ᠤᠶᠢᠷᠠᠳᠤᠨ ᠮᠠᠨ ᠤ ᠬᠡᠷ | ᠵᠦᠭ ᠢᠷᠡᠪᠡ᠃ ᠠᠪᠠᠭ᠎ᠠ ᠡᠵᠢ ᠡᠬᠦᠳᠡᠨ ᠡᠮᠦᠨ᠎ᠡ ᠰᠦᠪᠡᠭᠡ ᠲᠡᠷᠤᠨ ᠵᠤᠭᠰᠤᠵᠥ᠂ ︽ᠡᠴᠢᠬᠡ ᠶᠢᠨ ᠴᠢᠨᠢ ᠪᠤᠶᠠᠨ | ᠲᠠᠢ ᠬᠠᠯᠳᠠᠭᠰᠠᠨ ᠤᠤ︖ ᠲᠡᠷᠡ ᠦᠨᠦᠴᠢᠨ ᠵᠤᠯᠪᠢᠨ ᠴᠢᠨᠦ ᠠᠯᠢ ᠲᠦᠷᠦᠯ ᠤᠨ ᠬᠦᠦ ᠴᠢᠨᠢ ᠪᠣᠯᠪᠠ︖ ᠁︾ | ᠬᠡᠬᠦ ᠮᠡᠳᠦ ᠪᠠᠷ ᠬᠠᠷᠢᠶᠠᠬᠤ ᠳᠤ ᠮᠠᠨ ᠤ ᠬᠢᠨ ᠬᠡᠨ ᠴᠤ ᠤᠶᠢᠰᠢᠶᠠᠭᠰᠠᠨ ᠦᠬᠡᠢ ᠦᠪᠡᠷ ᠤᠨ ᠬᠢᠳᠡᠭ ᠢᠶᠠᠨ ᠬᠢᠵᠥ | ᠪᠠᠶᠢᠪᠠ᠃ ᠡᠨᠡ ᠨᠢ ᠠᠪᠠᠭ᠎ᠠ ᠡᠵᠢ ᠶᠢᠨ ᠠᠭᠤᠷ ᠢ ᠤᠯᠠᠮ ᠬᠦᠷᠭᠡᠭᠰᠡᠨ ᠪᠤᠯᠤᠯᠳᠠᠢ ᠲᠡᠭᠡᠷ᠎ᠡ ᠦᠶ᠎ᠡ ᠠᠴᠠ ᠡᠬᠢᠯᠡᠨ | ᠲᠡᠬᠦᠦ ᠪᠢᠳᠡ ᠬᠤᠶᠠᠷ ᠢ ᠬᠦᠷᠳᠡᠯ᠎ᠡ ᠨᠡᠷ᠎ᠡ ᠵᠢᠭᠠᠨ ᠬᠠᠷᠢᠶᠠᠬᠤ ᠳᠤ ᠪᠢ ᠴᠤ ᠠᠭᠤᠷ ᠬᠦᠳᠡᠯᠵᠥ ︽ᠠᠪᠠᠭ᠎ᠠ ᠡᠵᠢ | ᠶᠢᠨ ᠡᠨᠡ ᠨᠢ ᠴᠤᠬᠤᠮ ᠶᠠᠭᠠᠬᠢᠭᠰᠠᠨ ᠪᠤᠢ︖ ᠬᠦᠮᠦᠨ ᠪᠦᠬᠦᠨ ᠢ ᠬᠠᠷᠢᠶᠠᠭᠠᠳ︾ ᠬᠡᠵᠥ ᠠᠰᠠᠭᠤᠬᠤ ᠳᠤ ᠲᠡᠬᠦᠦ | ︽ᠴᠢ ᠮᠡᠳᠡᠬᠦ ᠦᠬᠡᠢ ᠪᠠᠶᠢᠨ᠎ᠠ ᠤᠤ︖ ᠡᠪᠦᠭᠡ ᠦᠨᠦᠳᠦᠷ ᠠᠪᠠᠭ᠎ᠠ ᠶᠢᠨ ᠲᠤᠤᠷ ᠢ ᠲᠠᠰᠤᠯᠠᠭᠰᠠᠨ ᠶᠠᠪᠤᠳᠠᠯ | ᠪᠠᠶᠢᠬᠤ ᠡ︾ ᠬᠡᠪᠡ᠃ ︽ᠠᠪᠠᠭ᠎ᠠ ᠵᠢᠨᠲ᠋ᠤᠤᠷ ᠢ ᠡᠪᠦᠭᠡ ᠶᠠᠭᠤ ᠬᠡᠵᠥ ᠲᠠᠰᠤᠯᠠᠭᠰᠠᠨ ᠪᠤᠢ︖︾ ᠬᠡᠪᠡᠯ ︽ | ᠠᠪᠠᠭ᠎ᠠ᠂ ᠠᠶᠢᠯ ᠤᠨ ᠦᠨᠦᠴᠢᠨ ᠠᠬ᠎ᠠ ᠶᠢᠨ ᠭᠠᠵᠠᠷ ᠤᠨ ᠭᠤᠷᠪᠠᠨ ᠤ ᠬᠤᠶᠠᠷ ᠢ ᠨᠢ ᠪᠦᠷ ᠲᠤᠤᠷᠯᠠᠭᠠᠳ | ᠠᠪᠤᠴᠢᠬᠠᠭᠰᠠᠨ ᠬᠡᠨ᠎ᠡ︾ ᠬᠡᠵᠥ ᠲᠡᠬᠦᠦ ᠬᠠᠷᠢᠭᠤᠯᠠᠪᠠ᠃ | ᠦᠨᠦᠴᠢᠨ ᠠᠬ᠎ᠠ ᠪᠤᠯ ᠮᠠᠨ ᠤ ᠬᠤᠳᠠᠨ ᠤ ᠪᠠᠭ᠎ᠠ ᠠᠴᠠ ᠪᠠᠨ ᠡᠵᠢ ᠠᠪᠤ ᠪᠠᠨ ᠠᠯᠳᠠᠭᠰᠠᠨ ᠦᠨᠦᠴᠢᠨ | ᠬᠡᠤᠭᠡᠳ ᠶᠤᠮ᠃ ᠨᠡᠷ᠎ᠡ ᠶᠢ ᠨᠢ ᠪᠦᠷ ᠮᠠᠷᠳᠠᠴᠢᠬᠠᠯ᠎ᠠ᠃ ᠨᠠᠰᠤ ᠬᠤᠷᠠᠭ ᠪᠤᠶᠤ ᠨᠠᠰᠦ ᠲᠡᠬᠦᠦ ᠨᠢ ᠦᠨᠦᠴᠢᠨ ᠠᠬ᠎ᠠ | ᠬᠡᠵᠥ᠂ ᠠᠬᠠᠮᠠᠳ ᠨᠢ ᠦᠨᠦᠴᠢᠨ ᠬᠦᠦ ᠬᠡᠳ ᠯᠡ ᠲᠠᠭᠤᠳᠠᠴᠢᠬᠠᠳᠠᠭ᠃ ᠪᠢᠴᠢᠭ ᠰᠤᠶᠤᠯ ᠬᠦᠬᠡᠬᠡᠭᠰᠡᠨ ᠨᠢ ᠪᠠᠭ᠎ᠠ | ᠮᠦᠷᠳᠡᠭᠡᠨ ᠨᠤᠮᠤᠢ ᠲᠤᠷᠤᠢ ᠠᠴᠠ ᠬᠡᠰᠡᠭ ᠬᠦᠮᠦᠰ ᠵᠤᠷᠢᠭᠤᠳᠠ ᠲᠠᠷᠤᠯᠠᠨ ᠮᠠᠭᠤ ᠦᠵᠡᠳᠡᠭ᠃ ᠤᠨᠴᠠᠭᠠᠶᠢᠯᠠᠨ | ᠭᠠᠵᠠᠷ ᠨᠤᠳᠤᠭ ᠤᠨ ᠶᠠᠪᠤᠳᠠᠯ ᠲᠡᠭᠡᠷ᠎ᠡ ᠵᠦᠭ ᠪᠦᠷᠢ ᠠᠴᠠ ᠨᠢ ᠲᠦᠷᠢᠭᠰᠡᠭᠡᠷ ᠪᠠᠶᠢᠵᠥ ᠲᠡᠮᠡᠢ ᠦᠯᠡᠳᠡᠭᠰᠡᠨ ᠦᠬᠡᠢ | ᠬᠡᠵᠥ ᠡᠪᠦᠭᠡ ᠲᠡᠳᠡᠨ ᠤ ᠶᠠᠷᠢᠯᠴᠠᠵᠥ ᠪᠠᠶᠢᠬᠤ ᠢ ᠪᠢ ᠰᠤᠨᠤᠰᠴᠦ ᠦᠩᠬᠡᠷᠡᠭᠰᠡᠨ ᠶᠤᠮ᠃ ᠰᠠᠭᠤᠷᠢᠰᠢᠯ ᠤᠨ ᠬᠢᠨᠢ | ᠭᠠᠵᠠᠷ ᠨᠢ ᠮᠠᠨ ᠤ ᠠᠪᠠᠭ᠎ᠠ ᠶᠢᠨ ᠲᠠᠢ ᠵᠠᠬ᠎ᠠ ᠨᠡᠶᠢᠯᠡᠵᠥ ᠪᠠᠶᠢᠭᠰᠠᠨ ᠶᠤᠮ᠃ | ᠮᠢᠨᠥ ᠠᠪᠠᠭ᠎ᠠ ᠪᠤᠯ ᠪᠠᠭ᠎ᠠ ᠠᠴᠠ ᠪᠠᠨ ᠪᠤᠳᠤᠯ ᠤᠯᠠᠨ ᠪᠠᠶᠢᠵᠥ ᠶᠡᠭᠡᠳᠡ ᠰᠡᠵᠢᠭᠴᠢ ᠠᠵᠢᠭᠴᠢ ᠪᠠᠶᠢᠳᠠᠭ | ᠬᠡᠵᠥ ᠡᠪᠦᠭᠡ ᠮᠢᠨᠢ ᠶᠡᠬᠡᠳᠡ ᠰᠠᠨᠠᠭ᠎ᠠ ᠪᠤᠯᠵᠥ ᠦᠷᠬᠦᠯᠵᠢᠳᠡ ᠠᠪᠠᠭ᠎ᠠ ᠶᠢ ᠶᠠᠪᠤᠳᠠᠯ ᠤᠴᠢᠷ ᠢ ᠰᠠᠶᠢᠨ ᠵᠦᠭ ᠲᠤ | ᠪᠤᠳᠤᠭᠠᠷᠠᠢ ᠬᠡᠵᠥ ᠰᠠᠨᠠᠭᠤᠯᠪᠠᠯ ︽ᠬᠡᠩ︕ ᠤᠳᠤ ᠶᠢᠨ ᠴᠠᠭ ᠲᠤ ᠰᠠᠶᠢᠨ ᠢᠶᠠᠷ ᠪᠤᠳᠤᠬᠤ ᠬᠦᠮᠦᠨ ᠪᠠᠶᠢᠨ᠎ᠠ ᠤᠤ︖ | ᠪᠦᠷ ᠯᠡ ᠠᠮᠢ ᠠᠮᠢ ᠪᠠᠨ ᠬᠡᠳ ᠦᠬᠦᠯᠳᠦᠵᠥ ᠪᠠᠶᠢᠭ᠎ᠠ ᠴᠠᠭ ᠲᠤ᠂ ᠬᠡᠨ ᠰᠠᠶᠢᠨ ᠰᠠᠨᠠᠭ᠎ᠠ ᠭᠠᠷᠭᠠᠪᠠᠯ ᠬᠡᠨ | ᠬᠤᠨᠵᠢᠭᠳᠠᠬᠤ ᠨᠢ ᠲᠡᠷᠡ︕︾ ᠬᠡᠵᠥ ᠪᠠᠷᠳᠠᠮ ᠶᠠᠷᠢᠳᠠᠭ᠃ ᠬᠤᠵᠢᠮ ᠤᠨ ᠲᠠᠭᠠᠷᠢᠯᠳᠤᠬᠤ ᠨᠠᠰᠤᠨ ᠤ ᠬᠠᠨᠢ ᠳᠤ | ᠨᠢ ᠠᠯᠢᠪᠠ ᠬᠦᠰᠡᠯ ᠡᠷᠡᠮᠡᠯᠵᠡᠯᠡᠯ ᠪᠠᠨ ᠲᠠᠯᠪᠢᠵᠥ ᠵᠠᠰᠠᠨ ᠵᠠᠯᠠᠭᠠᠳ ᠠᠪᠬᠤ ᠪᠤᠯᠤᠭᠠᠰᠠᠢ ᠬᠡᠵᠥ ᠬᠦᠰᠡᠨ | ᠲᠠᠭᠠᠳᠭᠬᠠᠭᠰᠠᠨ ᠴᠤ ᠠᠪᠠᠭ᠎ᠠ ᠶᠢᠨ ᠲᠤᠭᠤᠵᠥ ᠬᠠᠶᠢᠷᠠᠯᠠᠭᠰᠠᠨ ᠬᠦᠮᠦᠨ ᠨᠢ ᠠᠪᠠᠭ᠎ᠠ ᠠᠴᠠ ᠴᠤ ᠤᠯᠠᠨ ᠪᠤᠳᠤᠯ | ᠲᠠᠢ ᠪᠠᠶᠢᠵᠥ ︽ᠯᠠᠩ ᠢ ᠴᠢᠨ ᠢᠶᠠᠷ ᠬᠠᠷᠢᠭᠤᠯᠠᠵᠥ︾ ᠶᠠᠭᠤ ᠪᠦᠬᠦᠨ ᠶᠢ ᠠᠮᠢ ᠯᠡ ᠬᠡᠰᠡᠨ ᠬᠦᠮᠦᠨ ᠪᠠᠶᠢᠯ᠎ᠠ᠃ | ᠠᠪᠠᠭ᠎ᠠ ᠶᠢᠨ ᠬᠢᠨ ᠦᠨᠦᠴᠢᠨ ᠠᠬ᠎ᠠ ᠶᠢᠨ ᠭᠠᠵᠠᠷ ᠤᠨ ᠬᠠᠭᠠᠰ ᠢᠯᠡᠬᠦᠦ ᠶᠢ ᠨᠢ ᠪᠦᠷ ᠲᠤᠤᠷᠯᠠᠭᠠᠳ | ᠠᠪᠬᠤ ᠳᠤ ᠦᠨᠦᠴᠢᠨ ᠠᠬ᠎ᠠ ᠴᠦᠬᠡᠪᠦᠷᠢ ᠮᠠᠯ ᠢᠶᠠᠨ ᠲᠠᠯᠪᠢᠭᠰᠠᠨ ᠭᠠᠵᠠᠷ ᠦᠬᠡᠢ ᠨᠢᠯᠪᠤᠰᠤ ᠤᠨᠠᠭᠠᠵᠥ ᠪᠠᠶᠢᠬᠤ ᠲᠠᠢ | ᠡᠪᠦᠭᠡ ᠲᠠᠭᠠᠷᠢᠯᠳᠤᠭᠠᠳ ᠵᠠᠭᠤᠳᠠᠭ ᠪᠠᠷᠢᠨ ᠤᠴᠢᠵᠥ ᠠᠪᠠᠭ᠎ᠠ ᠶᠢᠨ ᠲᠤᠤᠷ ᠢ ᠪᠦᠷ ᠲᠠᠰᠤᠯᠵᠤ ᠬᠠᠶᠠᠭᠰᠠᠨ ᠪᠠᠶᠢᠵᠠᠢ᠃ | ︽ᠬᠦᠮᠦᠨ ᠤ ᠲᠠᠬᠢᠶ᠎ᠠ ᠲᠤᠷᠤᠭᠰᠢ ᠮᠡᠯᠳᠠᠬᠤ ᠳᠤ ᠮᠠᠨ ᠤ ᠲᠠᠬᠢᠶ᠎ᠠ ᠭᠠᠳᠠᠭᠰᠢ ᠮᠠᠯᠳᠠᠬᠤ ᠭᠡᠳᠡᠭ ᠢᠶᠠᠷ ᠦᠨᠦᠴᠢᠨ | ᠬᠦᠥ ᠶᠢᠰᠦᠨ ᠲᠦᠷᠦᠯ ᠤᠨ ᠶᠠᠭᠤ ᠴᠢᠨᠢ ᠪᠤᠯᠴᠢᠬᠠᠭᠰᠠᠨ ᠪᠣᠢ︖ ᠲᠡᠷᠡ ᠦᠨᠦᠴᠢᠨ ᠢ ᠲᠡᠭᠡᠵᠥ ᠲᠠᠬᠢᠵᠥ | ᠬᠦᠨᠳᠦᠯᠡᠭᠡᠳ ᠁︾ ᠬᠡᠵᠥ ᠡᠪᠦᠭᠡ ᠶᠢ ᠬᠠᠷᠢᠶᠠᠬᠤ ᠳᠤ ᠡᠪᠦᠭᠡ ᠲᠡᠰᠴᠦ ᠴᠢᠳᠠᠭᠰᠠᠨ ᠦᠬᠡᠢ ᠭᠠᠷᠴᠦ ᠢᠷᠡᠭᠡᠳ | ︽ᠲᠤᠷᠵᠢ ᠲᠡ ᠬᠤᠶᠠᠷ ᠪᠡᠶ᠎ᠡ ᠪᠠᠨ ᠮᠡᠳᠡᠵᠥ ᠦᠵᠡ︕ ᠠᠶᠢᠯ ᠤᠰᠤᠨ ᠤ ᠡᠯᠡᠩ᠂ ᠬᠡᠷ ᠲᠡᠭᠡᠨ ᠬᠠᠷᠢ︕︾ | ᠬᠡᠵᠥ ᠵᠠᠩᠳᠤᠷᠬᠤ ᠳᠤ ︽ᠬᠦᠭᠰᠢᠨ ᠵᠦᠨᠦᠭ᠂ ᠡᠴᠢᠭᠡ ᠶᠢᠨ ᠴᠢᠨᠢ ᠠᠶᠢᠯ ᠤᠰᠤᠨ ᠤ ᠡᠯᠡᠭ︕ ᠮᠠᠭᠤ ᠬᠦᠭᠰᠢᠨ | ᠵᠦᠨᠦᠭ ᠶᠠᠭᠤᠨ ᠳᠤ ᠡᠷᠲᠡ ᠦᠬᠦᠬᠦ ᠦᠬᠡᠢ ᠶᠤᠮ ᠁︾ ᠬᠡᠵᠥ ᠠᠪᠠᠭ᠎ᠠ᠂ ᠠᠪᠠᠭ᠎ᠠ ᠡᠵᠢ ᠦᠪᠡᠷ ᠤᠨ ᠶᠠᠭᠤ | ᠬᠡᠯᠡᠵᠥ ᠶᠠᠷᠢᠵᠥ ᠪᠠᠶᠢᠭ᠎ᠠ ᠪᠠᠨ ᠪᠦᠷ ᠮᠡᠳᠡᠬᠦ ᠪᠠᠨ ᠪᠣᠯᠢᠵᠠᠢ᠃ ᠠᠪᠤ ᠴᠤ ᠭᠡᠰᠡᠨ ᠲᠡᠰᠬᠦ ᠪᠠᠨ ᠪᠣᠯᠢᠵᠥ ᠬᠦᠶᠦᠨ | ᠭᠠᠷᠴᠦ ᠢᠷᠡᠭᠡᠳ ︽ᠲᠤᠷᠵᠢ ᠲᠠ ᠬᠤᠶᠠᠷ ᠶᠠᠭᠤ ᠶᠠᠷᠢᠵᠥ ᠪᠠᠶᠢᠭ᠎ᠠ ᠪᠠᠨ ᠮᠡᠳᠡᠵᠥ ᠪᠠᠶᠢᠨ᠎ᠠ ᠤᠤ︖︾ ᠬᠡᠵᠥ | ᠠᠪᠠᠭ᠎ᠠ ᠶᠢᠨ ᠬᠠᠴᠠᠷ ᠢ ᠨᠢᠭᠡ ᠯᠡ ᠠᠯᠠᠠᠭᠠᠲᠠᠬᠤ ᠳᠤ ᠠᠪᠠᠭ᠎ᠠ ᠬᠠᠴᠠᠷ ᠢᠶᠠᠨ ᠲᠡᠮᠳᠡᠷᠢᠨ ᠪᠠᠶᠢᠵᠥ ᠤᠷᠪᠠᠨ ᠬᠠᠷᠠᠵᠥ | ᠬᠡᠷᠡᠮ ᠲᠦᠰᠢᠬᠦᠯᠵᠥ ᠲᠠᠯᠪᠢᠵᠥ ᠪᠠᠶᠢᠭᠰᠠᠨ ᠰᠠᠪᠠᠷ ᠢ ᠰᠢᠬᠦᠷᠡᠨ ᠠᠪᠴᠦ ᠠᠪᠤ ᠤᠨ ᠵᠦᠭ ᠲᠠᠲᠠᠬᠤ ᠳᠤ ᠡᠪᠦᠭᠡ ᠨᠡᠶᠡ | ᠬᠦᠷᠦᠭᠰᠡᠨ ᠬᠦᠮᠦᠨ ᠳᠤ ᠪᠠᠶᠢᠵᠥ ᠪᠣᠯᠣᠰᠢ ᠦᠭᠡᠢ ᠲᠦᠷᠭᠡᠨ ᠬᠦᠳᠡᠯᠭᠡᠭᠡᠨ ᠢᠶᠠᠷ ᠠᠪᠤ ᠶᠢ ᠲᠦᠯᠬᠢᠬᠦ ᠳᠤ ᠰᠠᠪᠠᠷ | ᠡᠪᠦᠭᠡ ᠶᠢᠨ ᠲᠡᠭᠡᠷ᠎ᠡ ᠲᠤᠰᠴᠦ ᠡᠪᠦᠭᠡᠦᠩᠬᠦᠷᠢᠨ ᠤᠶᠢᠴᠢᠪᠡ᠃ ᠡᠪᠦᠭᠡ ᠶᠢᠨ ᠤᠶᠢᠴᠢᠭᠰᠠᠨ ᠢ ᠦᠵᠡᠭᠡᠳ ᠪᠢᠳᠡ | ᠪᠦᠷ ᠲᠡᠰᠴᠤ ᠶᠠᠳᠠᠨ ᠭᠠᠷ ᠲᠤ ᠶᠠᠭᠤ ᠦᠷᠳᠡᠪᠡᠯ ᠶᠠᠭᠤ ᠰᠢᠭᠦᠷᠡᠨ ᠠᠪᠴᠦ ᠠᠪᠠᠭ᠎ᠠ ᠲᠠᠢ ᠦᠬᠦᠵᠥ ᠰᠡᠭᠡᠬᠦ ᠪᠠᠨ | ᠦᠵᠡᠯᠴᠡᠬᠦ ᠪᠠᠷ ᠲᠠᠭᠠᠷᠢᠨ ᠢᠷᠡᠭᠡᠳ ᠲᠡᠬᠦᠦ ᠪᠠᠷᠢᠵᠥ ᠪᠠᠶᠢᠭᠰᠠᠨ ᠰᠢᠳᠠᠮ ᠢᠶᠠᠷ ᠠᠪᠠᠭ᠎ᠠ ᠶᠢ ᠴᠣᠬᠢᠬᠤ ᠳᠤ ᠠᠪᠠᠭ᠎ᠠ | ᠡᠵᠢ ᠴᠤ ᠴᠠᠭᠠᠨ᠎ᠠ ᠠᠴᠠ ᠨᠤᠴᠤᠨ ᠢᠷᠡᠪᠡ᠃ ᠴᠠᠭᠠᠨ᠎ᠠ ᠠᠴᠠ ᠪᠠᠰᠠ ᠨᠠᠮᠤᠷ᠎ᠠ ᠠᠬ᠎ᠠ ᠬᠦᠷᠵᠡ ᠪᠠᠷᠢᠨ ᠬᠦᠶᠦᠨ | ᠢᠷᠡᠬᠦ ᠬᠠᠷᠠᠭᠳᠠᠪᠠ᠃ ᠪᠢ ᠴᠤ ᠪᠠᠰᠠ ᠨᠢᠭᠡ ᠰᠢᠳᠠᠮ ᠤᠯᠵᠥ ᠲᠠᠶᠢᠨ ᠳᠤ ᠤᠷᠤᠯᠴᠠᠬᠤ ᠪᠠᠷ ᠬᠦᠢᠴᠡᠳ ᠪᠡᠯᠡᠳᠭᠡᠯ | ᠬᠢᠵᠥ ᠪᠠᠶᠢᠳᠠᠯ᠎ᠠ ᠭᠡᠨᠦᠨᠳᠡ ᠠᠪᠤ ︽ᠲᠠᠨᠤᠰ ᠴᠣᠬᠤᠮ ᠶᠠᠮᠠᠷ ᠰᠠᠨᠠᠭ᠎ᠠ ᠲᠠᠢ ᠪᠠᠶᠢᠬᠤ ᠪᠣᠢ︖ ᠨᠢᠭᠡ ᠪᠠᠨ ᠦᠵᠡᠬᠦ | ᠰᠠᠨᠠᠭ᠎ᠠ ᠲᠠᠢ ᠪᠠᠶᠢᠨ᠎ᠠ ᠤᠤ︖ ᠠᠪᠤ ᠪᠤᠰᠴᠦ ᠲᠡᠶᠢᠯᠬᠦ ᠦᠭᠡᠢ ᠪᠠᠶᠢᠬᠤ ᠳᠤ︾ ᠭᠡᠵᠥ ᠵᠠᠩᠳᠤᠷᠬᠤ ᠳᠤ ᠪᠤᠴᠠᠯᠵᠥ | ᠪᠠᠶᠢᠭᠰᠠᠨ ᠬᠦᠷᠢᠶ᠎ᠡ ᠨᠠᠮ ᠵᠢᠮ ᠪᠣᠯᠵᠥ ᠡᠪᠦᠭᠡ ᠶᠢ ᠲᠦᠰᠢᠨ ᠪᠣᠰᠬᠠᠬᠤ ᠳᠤ ᠵᠣᠭᠰᠣᠵᠤ ᠲᠡᠶᠢᠯᠬᠦ ᠦᠭᠡᠢ ᠪᠠᠶᠢᠪᠠ᠃ | ᠡᠵᠢ ︽ᠲᠡᠷᠭᠡ ᠶᠢ ᠲᠦᠷᠭᠡᠨ ᠨᠤᠴᠤᠭᠠ᠂ ᠡᠮᠨᠡᠯᠭᠡ ᠳᠤ ᠶᠠᠪᠤᠬᠤ ᠬᠡᠷᠡᠭᠳᠡᠢ︾ ᠬᠡᠵᠥ ᠵᠠᠬᠢᠲᠠᠯᠠ ᠠᠪᠠᠭ᠎ᠠ ᠡᠵᠢ | ᠲᠠᠬᠢᠨ ᠭᠠᠯᠵᠠᠭᠤᠷᠠᠨ ︽ᠲᠠᠨ ᠤ ᠲᠤᠤᠷ ᠢ ᠲᠠᠰᠤᠳᠠᠭᠰᠠᠨ ᠪᠣᠯ ᠴᠢ ᠭᠡᠷ ᠲᠡᠭᠡᠨ ᠬᠠᠮᠢᠶ᠎ᠠ ᠦᠬᠡᠢ ᠰᠠᠭᠤᠬᠤ ᠤᠤ︖ | ᠠ︕ ᠲᠠᠨᠤᠰ ᠪᠠᠰᠠ ᠤᠷᠢᠳᠡᠪᠡᠷ ᠭᠠᠷ ᠬᠦᠳᠡᠯᠵᠥ ᠬᠦᠮᠦᠨ ᠴᠣᠬᠢᠬᠤ ᠳᠠᠭᠠᠨ︾ ᠭᠡᠵᠥ ᠬᠢᠳᠡᠳ ᠡᠬᠡᠨᠡᠷ ᠠᠳᠠᠯᠢ | ᠭᠠᠵᠠᠷ ᠰᠠᠪᠠᠨ ᠤᠨᠠᠵᠥ ᠬᠥᠯ ᠭᠠᠷ ᠢᠶᠠᠨ ᠰᠠᠪᠠᠵᠥ ᠤᠷᠢᠯᠠᠨ ᠬᠠᠰᠬᠢᠷᠪᠠ᠃ | ᠠᠶᠢᠯ ᠣᠰᠣᠨ ᠤ ᠬᠢᠨᠢ ᠪᠦᠷ ᠭᠠᠷᠴᠦ ᠢᠷᠡᠭᠡᠳ ᠮᠠᠨ ᠤ ᠭᠡᠷ ᠤᠨ ᠵᠦᠭ ᠬᠠᠷᠠᠵᠥ ᠲᠦᠷᠦᠭᠰᠡᠨ ᠠᠬ᠎ᠠ | ᠲᠡᠬᠦᠦ ᠬᠤᠶᠠᠷ ᠶᠠᠭᠤᠨ ᠠᠴᠠ ᠪᠣᠯᠣᠭᠠᠳ ᠢᠩᠬᠢᠵᠥ ᠬᠡᠷᠡᠬᠦᠯ ᠵᠤᠳᠤᠭᠠᠨ ᠪᠣᠯᠵᠥ ᠪᠠᠶᠢᠭ᠎ᠠ ᠶᠢᠨ ᠲᠤᠬᠠᠢ ᠲᠠᠭᠠᠮᠠᠭᠯᠠᠨ | ᠵᠤᠭᠤᠰ ᠦᠭᠡᠢ ᠰᠢ ᠦᠵᠡᠵᠡᠭᠡᠵᠥ ᠪᠠᠶᠢᠯ᠎ᠠ᠃ ᠡᠪᠦᠭᠡ ᠶᠢᠨ ᠬᠥᠯ ᠨᠢ ᠴᠠᠪᠠ ᠭᠠᠷᠤᠭᠰᠠᠨ ᠭᠡᠨ᠎ᠡ᠂ ᠨᠠᠶᠠ | ᠭᠠᠷᠤᠭᠰᠠᠨ ᠠᠴᠠ ᠡᠳᠡᠭᠡᠷᠡᠬᠦ ᠳᠤ ᠬᠦᠴᠢᠷ ᠪᠠᠶᠢᠬᠤ ᠡ᠂ ᠤᠷᠲᠤ ᠬᠤᠭᠤᠴᠠᠭ᠎ᠠ ᠰᠤᠪᠢᠯᠠᠬᠤ ᠴᠢᠬᠤᠯᠠ ᠲᠠᠢ ᠬᠡᠵᠥ | ᠲᠠᠷᠤᠶᠢᠬᠠᠨ ᠭᠡᠷ ᠲᠤ ᠬᠠᠷᠢᠭᠤᠯᠤᠭᠰᠠᠨ ᠪᠠᠶᠢᠪᠠ᠃ ᠠᠪᠤ ᠡᠵᠢ ᠬᠤᠶᠠᠷ ᠶᠠᠷᠢᠯᠴᠠᠵᠥ ᠪᠠᠶᠢᠭᠠᠳ ᠦᠨᠦᠴᠢᠨ ᠠᠬ᠎ᠠ ᠶᠢᠨ | ᠭᠠᠵᠠᠷ ᠢ ᠪᠤᠴᠠᠭᠠᠨ ᠦᠭᠴᠦ᠂ ᠮᠠᠨ ᠤ ᠲᠤᠤᠷ ᠠᠴᠠ ᠪᠠᠨ ᠵᠤᠬᠢᠬᠤ ᠭᠠᠵᠠᠷ ᠭᠠᠷᠭᠠᠨ ᠦᠭᠴᠦ ᠲᠤᠰ ᠤᠳᠠᠭᠠᠨ ᠤ | ᠬᠡᠷᠡᠭᠦᠯ ᠪᠦᠷᠢᠮᠦᠰᠤᠨ ᠲᠠᠭᠤᠰᠬᠠᠭᠰᠠᠨ ᠪᠢᠯᠡ᠃ ᠬᠡᠷᠡᠭᠦᠯ ᠤᠨ ᠲᠠᠷᠠᠭ᠎ᠠ ᠪᠢ ᠬᠠᠷᠢᠨ ᠲᠤᠩ ᠲᠠᠭ᠎ᠠ ᠦᠬᠡᠢ᠃ ︽ | ᠶᠠᠭᠤᠨ ᠳᠤ ᠬᠦᠮᠦᠨ ᠤ ᠶᠠᠪᠤᠳᠠᠯ ᠲᠡᠭᠡᠷ᠎ᠡ ᠮᠠᠨ ᠤ ᠭᠠᠵᠠᠷ ᠢᠶᠠᠨ ᠠᠪᠠᠭ᠎ᠠ ᠳᠤ ᠦᠭᠬᠦ ᠪᠢᠯᠡ︖ ᠡᠨᠡ ᠴᠢᠨᠢ | ᠰᠢᠭᠤᠳ ᠮᠠᠨ ᠢ ᠮᠠᠭᠤ ᠦᠵᠡᠵᠥ ᠪᠠᠶᠢᠭ᠎ᠠ ᠶᠠᠪᠤᠳᠠᠯ ᠪᠢᠰᠢ ᠶᠤᠮ ᠦᠦ︖︾ ᠭᠡᠵᠥ ᠠᠭᠤᠷᠯᠠᠨ ᠲᠦᠳᠦᠨᠡᠬᠦ ᠳᠤ ︽ | ᠪᠤᠰᠤᠳ ᠤᠨ ᠶᠠᠭᠤᠮ᠎ᠠ ᠰᠢᠩᠭᠡᠬᠦ ᠦᠭᠡᠢ ᠶᠤᠮ ᠡ︕ ᠬᠡᠤᠬᠡᠨ᠂ ᠲᠦᠷᠦᠭᠰᠡᠨ ᠲᠤᠤᠷ᠎ᠠ ᠪᠠᠨ ᠨᠢᠭᠡ ᠨᠢᠭᠡ ᠪᠠᠨ | ᠮᠠᠭᠤ ᠦᠵᠡᠭᠡᠳ ᠬᠠᠮᠢᠭ᠎ᠠ ᠬᠦᠷᠬᠦ ᠪᠣᠢ︖ ᠲᠡᠭᠷᠢ ᠲᠦᠮᠡᠨ ᠨᠢᠳᠦ ᠲᠠᠢ᠂ ᠦᠨᠦᠴᠢᠨ ᠦᠷᠦᠭᠡᠰᠦᠨ ᠢᠶᠠᠨ | ᠬᠠᠶᠢᠷᠠᠯᠠᠵᠥ ᠲᠡᠳᠬᠦᠵᠥ ᠶᠠᠪᠤᠬᠤ ᠶᠤᠮ᠃ ᠪᠤᠶᠠᠨ ᠪᠣᠯᠬᠤ ᠶᠤᠮ ᠡ︾ ᠬᠡᠵᠥ ᠠᠪᠤ ᠲᠠᠶᠢᠪᠤᠭᠤᠬᠠᠨ ᠬᠡᠯᠡᠪᠡ᠃ | ᠡᠪᠦᠭᠡ ᠮᠢᠨᠢ ᠨᠠᠶᠠᠨ ᠨᠠᠰᠤᠨ ᠤ ᠳᠠᠪᠠᠭ᠎ᠠ ᠶᠢ ᠲᠠᠪᠠᠭᠰᠠᠨ ᠪᠠᠶᠢᠳᠠᠯ᠎ᠠ ᠪᠠᠨ ᠬᠥᠯ ᠨᠢ ᠪᠦᠷᠢᠮᠦᠰᠦᠨ | ᠡᠳᠡᠭᠡᠷᠡᠭᠰᠡᠨ ᠨᠢ ᠡᠮᠴᠢᠯᠡᠭᠡ ᠶᠢᠨ ᠤᠬᠠᠭᠠᠨ ᠤ ᠨᠢᠭᠡᠨ ᠭᠠᠶᠢᠬᠠᠮᠰᠢᠭ ᠪᠤᠯᠣᠭᠰᠠᠨ ᠶᠤᠮ᠃ ᠠᠪᠠᠭ᠎ᠠ ᠡᠵᠢ ᠶᠢᠨ | ᠵᠦᠬᠡᠭᠡᠭᠰᠡᠨ ᠢᠶᠠᠷ ᠰᠢᠭ ᠵᠦᠨᠦᠳᠡᠭᠰᠡᠨ ᠦᠭᠡᠢ ᠴᠡᠭᠡᠵᠢ ᠰᠠᠷᠠᠭᠤᠯ ᠬᠡᠪ ᠢᠶᠠᠷ ᠢᠶᠠᠨ ᠠᠶᠢᠯ ᠤᠰᠤᠨ ᠤ ᠰᠢᠳᠦᠭᠡᠨ | ᠪᠤᠯᠣᠨ ᠠᠮᠢᠳᠤᠷᠠᠭᠰᠠᠭᠠᠷ᠃ ᠮᠠᠨ ᠤ ᠭᠠᠵᠠᠷ ᠤᠤᠯ ᠠᠴᠠ ᠪᠠᠨ ᠪᠠᠭᠠᠰᠤᠭᠰᠠᠨ ᠴᠤ ᠮᠠᠯ ᠤᠨ ᠲᠠᠷᠭᠤ ᠬᠦᠴᠦ | ᠵᠢᠯ ᠠᠴᠠ ᠪᠠᠨ ᠵᠢᠯ ᠰᠠᠶᠢᠨ ᠪᠠᠶᠢᠵᠥ ᠦᠷᠡᠵᠢᠨ ᠨᠡᠮᠡᠭᠳᠡᠭᠰᠡᠭᠡᠷ︔ ᠦᠨᠦᠴᠢᠨ ᠠᠬ᠎ᠠ ᠴᠤ ᠮᠠᠨ ᠤ ᠨᠤᠬᠠᠢ | ᠬᠤᠷᠭᠤᠭᠤᠬᠤ ᠦᠭᠡᠢ ᠵᠤᠴᠢᠨ ᠪᠣᠯᠵᠥ ᠡᠨᠡ ᠲᠡᠷᠡ ᠶᠢ ᠬᠠᠪᠰᠤᠷᠴᠦ ᠦᠭᠬᠦᠨ᠎ᠡ᠃ ᠡᠵᠢ ᠲᠦᠷᠬᠦᠮ ᠤᠨ | ᠰᠠᠳᠤᠨ ᠢᠶᠠᠨ ᠨᠡᠶᠢᠳᠡᠵᠥ ᠦᠨᠦᠴᠢᠨ ᠠᠬ᠎ᠠ ᠳᠤ ᠪᠡᠷᠢ ᠬᠡᠯᠡᠯᠴᠡᠵᠥ ᠦᠭᠬᠦᠬᠡᠳ ᠣᠳᠣ ᠦᠨᠥ ᠪᠡᠷᠭᠡᠨ ᠪᠦᠷ ᠬᠥᠯ | ᠬᠦᠨᠳᠦ ᠶᠠᠪᠤᠵᠥ ᠪᠠᠶᠢᠨ᠎ᠠ᠃ | ᠲᠡᠷᠡ ᠣᠳᠠᠭᠠᠨ ᠤ ᠬᠡᠷᠡᠭᠦᠯ ᠠᠴᠠ ᠬᠤᠶᠢᠰᠢ ᠠᠪᠠᠭ᠎ᠠ ᠶᠢᠨ ᠬᠢᠨ ᠲᠠᠬᠢᠨ ᠮᠠᠨ ᠤ ᠭᠡᠷ ᠲᠤ ᠬᠥᠯ | ᠭᠢᠰᠬᠢᠭᠰᠡᠨ ᠦᠭᠡᠢ᠃ ᠠᠪᠠᠭ᠎ᠠ ︽ᠰᠤᠩᠭᠠᠭᠤᠯᠢ︾ ᠪᠠᠷ ᠭᠠᠴᠠᠭᠠᠨ ᠲᠠᠷᠤᠭ᠎ᠠ ᠪᠣᠯᠵᠥ ᠪᠡᠯᠴᠢᠭᠡᠷ ᠦᠷᠭᠡᠵᠢᠵᠥ᠂ | ᠬᠦᠷᠦᠩᠭᠡ ᠵᠤᠵᠠᠭᠠᠷᠠᠵᠥ᠂ ᠬᠡᠳᠡᠰᠦ ᠥᠭᠡᠬᠡᠯᠡᠵᠥ᠂ ᠨᠢᠳᠦ ᠲᠠᠷᠭᠤᠯᠤᠭᠰᠠᠨ ᠪᠠᠷ ᠮᠠᠨ ᠰᠢᠭ᠋ ᠨᠢᠳᠦᠨ ᠡᠮᠦᠨᠡᠬᠢ ᠪᠠᠨ | ᠯᠡ ︽ᠬᠠᠷᠠᠭᠰᠠᠨ︾ ᠳᠠᠷᠢᠬᠢ ᠲᠤᠯᠤᠭᠠᠢ 《 ᠰᠡᠷᠭᠡᠭ 》 ᠪᠢᠰᠢ ᠬᠦᠮᠦᠰ ᠢ ᠨᠢᠳᠦᠨ ᠳᠡᠭᠡᠨ ᠬᠠᠪᠴᠢᠬᠤ ᠦᠭᠡᠢ | ᠪᠣᠯᠪᠠ᠃ ᠡᠪᠦᠭᠡ ᠶᠢᠨ ᠨᠢᠳᠦᠨ ᠰᠢᠯ ᠨᠢ ᠭᠠᠵᠠᠷ ᠤᠶᠢᠴᠢᠵᠥ ᠰᠢᠯ ᠤᠨ ᠬᠢᠨ ᠪᠠᠷᠠᠭᠤᠨ ᠬᠥᠯ ᠨᠢ ᠬᠤᠭᠤᠷᠤᠭᠰᠠᠨ | ᠬᠡᠵᠥ ᠬᠠᠷᠠᠮᠰᠠᠵᠥ ᠪᠠᠶᠢᠭᠰᠠᠨ ᠡᠳᠦᠷ ᠮᠠᠨ ᠤ ᠠᠪᠠᠭ᠎ᠠ ᠶᠢᠨ ᠲᠡᠷᠭᠡ ᠨᠢ ᠬᠦᠷᠪᠡᠵᠥ ᠨᠠᠮᠤᠷ᠎ᠠ ᠠᠬ᠎ᠠ ᠶᠢᠨ ᠪᠠᠷᠠᠭᠤᠨ | ᠬᠥᠯ ᠨᠢ ᠬᠤᠭᠤᠷᠤᠭᠰᠠᠨ ᠬᠡᠰᠡᠨ ᠴᠢᠮᠡᠭᠡ ᠰᠤᠨᠤᠰᠤᠭᠰᠠᠨ ᠶᠤᠮ᠃ ᠬᠦᠮᠦᠰ ᠤᠨ ᠬᠡᠯᠡᠯᠴᠡᠬᠦ ᠪᠠᠷ ᠲᠡᠷᠭᠡᠨ ᠲᠡᠭᠡᠷ᠎ᠡ | ᠲᠠᠪᠤᠨ ᠬᠦᠮᠦᠨ ᠰᠠᠭᠤᠵᠥ ᠪᠠᠶᠢᠭᠰᠠᠨ ᠴᠤ ᠪᠤᠰᠤᠳ ᠨᠢ ᠠᠳᠠᠭ ᠲᠠᠭᠠᠨ ᠠᠷᠠᠰᠦ ᠨᠢ ᠴᠤ ᠰᠢᠯᠪᠤᠷᠠᠭᠰᠠᠨ ᠦᠭᠡᠢ | ᠭᠡᠳᠡᠭ᠃ ︽ᠡᠷᠭᠢᠬᠦᠦ ᠬᠠᠷᠢᠶᠠᠯ ᠡᠵᠡᠨ ᠳᠡᠭᠡᠨ︾ ᠯᠡ ᠪᠠᠶᠢᠬᠤ ᠶᠤᠰᠤᠳᠠᠢ᠃ ᠠᠪᠠᠭ᠎ᠠ ᠶᠢᠨ ᠬᠢᠨ ᠵᠠᠭᠠᠯᠳᠤᠭᠳᠠᠭᠠᠳ | ᠬᠡᠳᠦᠨ ᠰᠠᠷ᠎ᠠ ᠪᠠᠷ ᠬᠢᠨᠠᠨ ᠪᠠᠶᠢᠴᠠᠭᠠᠭᠳᠠᠵᠤ ᠡᠴᠤᠰ ᠲᠤ ᠨᠡᠶᠢᠲᠡ ᠶᠢᠨ ᠡᠳ᠋ ᠬᠤᠭᠰᠢᠯ᠂ ᠭᠠᠵᠠᠷ ᠲᠠᠷᠢᠶ᠎ᠠ ᠶᠢ | ᠦᠪᠡᠷ ᠤᠨ ᠨᠡᠷ᠎ᠡ ᠲᠡᠭᠡᠷ᠎ᠡ ᠰᠢᠯᠵᠢᠬᠦᠯᠦᠭᠰᠡᠨ ᠭᠡᠵᠥ ᠬᠤᠭᠰᠢᠯ ᠢᠶᠠᠨ ᠬᠤᠷᠢᠶᠠᠭᠳᠠᠵᠤ᠂ ᠵᠡᠷᠭᠡ ᠪᠠᠨ ᠮᠤᠯᠲᠤᠯᠠᠭᠤᠯᠪᠠ᠃ | ᠠᠪᠠᠭ᠎ᠠ ᠡᠵᠢ ᠬᠠᠷᠢᠨ ᠮᠠᠨ ᠢ ᠵᠠᠭᠠᠯᠳᠤᠭᠰᠠᠨ ᠭᠡᠵᠥ ᠬᠡᠴᠢᠨᠡᠨ ᠬᠠᠷᠢᠶᠠᠯ ᠵᠦᠭᠡᠯ ᠲᠠᠯᠪᠢᠭᠰᠠᠨ ᠢ ᠮᠡᠳᠡᠬᠦ ᠦᠭᠡᠢ᠃ | ᠠᠪᠠᠭ᠎ᠠ ᠡᠵᠢ ᠴᠤ ᠡᠨᠡ ᠶᠢ ᠨᠢ ᠬᠠᠷᠢᠶᠠᠵᠥ᠂ ᠲᠡᠷᠡ ᠶᠢ ᠨᠢ ᠰᠡᠵᠢᠭᠯᠡᠨ ᠪᠠᠶᠢᠵᠥ᠂ ᠪᠡᠶ᠎ᠡ ᠰᠡᠳᠬᠢᠯ ᠢ ᠪᠠᠨ ᠶᠡᠭᠡᠲᠡ | ᠵᠦᠳᠡᠭᠡᠨ ᠶᠠᠳᠠᠷᠠᠯᠳᠠᠢ ᠠᠮᠢᠳᠤᠷᠠᠨ᠎ᠠ᠃ | ᠤᠷᠴᠢᠯᠠᠩ ᠲᠡᠯᠡᠭᠡᠢ ᠪᠣᠯ ᠶᠡᠭᠡ ᠲᠡᠯᠪᠡᠷᠡᠯᠳᠡ ᠠᠴᠠ ᠪᠣᠯᠵᠥ ᠲᠤᠭᠤᠰᠦ ᠰᠢᠷᠤᠢ ᠶᠢᠨ ᠡᠯᠧᠮᠧᠨ᠋ᠲ ᠤᠨ | ᠲᠠᠬᠢᠨ ᠨᠡᠶᠢᠯᠡᠯᠳᠡ ᠠᠴᠠ ᠡᠬᠦᠰᠦᠭᠰᠡᠨ ᠡᠨᠧᠷᠬᠢ ᠶᠢᠨ ᠤᠷᠤᠰᠬᠠᠯ ᠠᠴᠠ ᠬᠡᠷᠪᠡ ᠴᠢ ᠰᠠᠶᠢᠨ ᠢ ᠪᠣᠳᠣᠵᠥ ᠰᠠᠶᠢᠨ | ᠦᠢᠯᠡ ᠬᠢᠳᠡᠭ ᠯᠡ ᠶᠤᠮ ᠪᠣᠯ ᠡᠨᠧᠷᠬᠢ ᠶᠢᠨ ᠤᠷᠤᠰᠬᠠᠯ ᠲᠤᠮᠳᠠᠬᠢ ᠰᠠᠶᠢᠨ ᠵᠦᠢᠯ ᠤᠨ ᠡᠯᠧᠮᠧᠨ᠋ᠲ ᠨᠢ ᠴᠢᠮ᠎ᠠ ᠳᠤ | ᠰᠠᠶᠢᠨ ᠰᠠᠶᠢᠬᠠᠨ ᠦᠷ᠎ᠡ ᠳ᠋ᠦᠩ ᠠᠪᠴᠢᠷᠠᠵᠥ ᠦᠭᠳᠡᠭ ᠰᠠᠨ᠃ | ᠵᠢᠷᠭᠠᠵᠥ ᠪᠠᠶᠢᠭ᠎ᠠ ᠨᠠᠷᠠ ᠶᠢ ᠬᠠᠭᠠᠭᠰᠠᠨ ᠡᠬᠦᠯᠡᠨ ᠤ ᠲᠤᠤᠷᠠᠳᠦ ᠵᠠᠬ᠎ᠠ ᠨᠢ ᠰᠢᠨᠡᠬᠡᠨ ᠭᠠᠷᠴᠦ ᠪᠠᠶᠢᠭ᠎ᠠ | ᠴᠢᠰᠦ ᠮᠡᠲᠦ ᠤᠯᠠᠭᠠᠨ ᠶᠠᠭᠠᠨ ᠦᠩᠭᠡ ᠪᠠᠷ ᠲᠤᠶᠠᠭᠠᠷᠠᠨ ᠲᠡᠭᠡᠭᠰᠢᠯᠡᠭᠦ ᠲᠤᠳᠤᠮ ᠢᠶᠠᠨ ᠨᠦᠵᠡᠷᠡᠭᠰᠡᠨ ᠰᠢᠭ ᠬᠠᠷ᠎ᠠ | ᠬᠥᠷᠡᠩ ᠪᠣᠯᠣᠭᠰᠠᠭᠠᠷ ᠡᠴᠦᠰ ᠲᠤ ᠪᠠᠨ ᠨᠠᠷᠠᠨ ᠤ ᠤᠯᠠᠪᠤᠷ ᠲᠤ ᠢᠳᠡᠭᠳᠡᠨ ᠰᠢᠩᠭᠡᠵᠥ ᠨᠠᠷᠠᠨ ᠡᠬᠡ ᠭᠠᠵᠠᠷ ᠢ | ᠤᠯᠠᠪᠤᠷ ᠢᠶᠠᠷ ᠪᠤᠳᠤᠪᠠ᠃ ᠡᠨᠡ ᠪᠣᠯ ᠶᠢᠷᠳᠢᠨᠴᠦ ᠶᠢᠨ ᠰᠠᠶᠢᠨ ᠰᠠᠶᠢᠬᠠᠨ ᠵᠦᠢᠯᠡᠰ ᠨᠢ ᠡᠴᠦᠰ ᠤᠨ ᠡᠴᠤᠰ ᠲᠤ | ᠢᠯᠠᠳᠠᠭ ᠤᠨ ᠵᠢᠮ᠎ᠡ ᠶᠤᠰᠤ ᠪᠢᠯᠡ᠃ | | | | | ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠶᠢ ᠳᠤᠷᠠᠰᠬᠠᠬᠤ | ᠬᠡᠰᠢᠭᠲᠡᠨ ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠳᠡᠬᠡᠳᠦ ᠳᠤᠮᠳᠠᠳᠤ ᠶᠢᠨ | ᠳᠤᠭᠤᠶᠢᠯᠠᠩ ᠤᠨ ᠲᠡᠷᠢᠬᠦᠨ ᠳᠡᠰ ᠲᠤ ᠰᠢᠯᠭᠠᠷᠠᠪᠠ︶ | |