ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠳᠤ ᠵᠤᠷᠢᠭᠤᠯᠤᠭᠰᠠᠨ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠠᠩᠬ᠎ᠠ ᠳᠤᠮᠳᠠᠳᠤ ᠶᠢᠨ ᠳᠤᠭᠤᠶᠢᠯᠠᠩ ᠤᠨ ᠱᠠᠩᠨᠠᠯ ᠬᠦᠷᠳᠡᠭᠰᠡᠨ ᠪᠦᠳᠦᠬᠡᠯ ︵ᠨᠢᠭᠡ︶
ᠨᠡᠶᠢᠲᠡᠯᠡᠭᠰᠡᠨ ᠴᠠᠭ᠄
2016-12-09
ᠠᠪᠤ ᠳᠤ ᠪᠠᠨ ᠪᠢᠴᠢᠭᠰᠡᠨ ᠵᠠᠬᠢᠳᠠᠯ                                                                 ᠭᠡᠰᠢᠭᠳᠡᠨ ᠬᠤᠰᠢᠭᠤᠨ ᠤ ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ                             ᠠᠩᠬ᠎ᠠ ᠨᠢᠭᠡ ᠶᠢᠨ ᠲᠦᠷᠪᠡᠳᠦᠭᠡᠷ ᠠᠩᠬᠢ           ᠵᠢ᠊  · ᠠᠶᠢᠵᠠᠮ                                           ᠬᠦᠨᠳᠦᠳᠦ ᠬᠠᠶᠢᠷᠠᠳᠤ ᠠᠪᠤ ᠲᠠᠨ᠎ᠠ᠄        ᠠᠪᠤ ᠮᠢᠨᠢ ᠲᠠ ᠰᠠᠶᠢᠨ ᠪᠠᠶᠢᠨ᠎ᠠ ᠤᠤ︖ ︽ᠡᠴᠢᠭᠡᠴᠣᠣᠯ ᠤᠨ ᠪᠠᠶᠠᠷ︾ ᠤᠨ ᠡᠳᠦᠷ ᠤᠨ ᠭᠠᠯ ᠬᠠᠯᠠᠭᠤᠨ ᠮᠠᠨᠳᠤ ᠶᠢ ᠤᠷᠢᠳᠴᠢᠯᠠᠨ ᠬᠦᠷᠭᠡᠶ᠎ᠡ︕ ᠠᠷᠪᠠᠨ ᠲᠠᠪᠤᠨ ᠬᠠᠪᠤᠷ ᠨᠠᠮᠤᠷ ᠢ ᠠᠯᠳᠠᠯ ᠦᠭᠡᠢ ᠲᠤᠭᠤᠯᠬᠤ  ᠳᠤ ᠪᠠᠨ ᠠᠩᠭ᠎ᠠ ᠦᠷ᠎ᠡ ᠶᠢᠨ ᠢᠶᠠᠨ ᠰᠠᠶᠢᠨ ᠤᠤ︖ ᠮᠡᠨᠳᠤ ᠲᠠᠢ ᠠᠳᠬᠤᠬᠠᠨ ᠵᠠᠬᠢᠳᠠᠯ ᠢ ᠦᠵᠡᠪᠡᠯ ᠠᠷᠭ᠎ᠠ ᠦᠭᠡᠢ ᠭᠠᠶᠢᠬᠠᠰᠢ ᠲᠦᠷᠦᠬᠦ ᠪᠠᠶᠢᠬ᠎ᠠ︕ ᠲᠠᠶᠢᠮᠤ ᠡ᠂ ᠪᠢ ᠴᠦ ᠬᠡᠰᠡᠨ ᠡᠨᠡ ᠵᠠᠬᠢᠳᠠᠯ ᠢ ᠪᠢᠴᠢᠭᠰᠡᠨ ᠳᠤ ᠪᠠᠨ ᠪᠠᠰᠠ ᠦᠪᠡᠷ ᠤᠨ ᠪᠡᠶ᠎ᠡ ᠪᠠᠨ ᠭᠠᠶᠢᠬᠠᠭᠰᠠᠨ ᠰᠢᠤ ᠠᠪᠤ ᠮᠢᠨᠢ᠃ ᠶᠠᠮᠠᠷ ᠬᠦᠴᠦᠨ ᠨᠠᠳᠠ ᠢᠳᠡᠭᠡᠯ ᠤᠯᠭᠤᠵᠤ᠂ ᠬᠠᠶᠢᠷ᠎ᠠ ᠶᠢ ᠮᠡᠳᠡᠬᠦᠯᠦᠭᠰᠡᠨ ᠢ ᠪᠤᠤ ᠮᠡᠳᠡ᠃ ᠠᠪᠤ ᠮᠢᠨᠢ ᠲᠠ ᠦᠷ᠎ᠡ ᠶᠢᠨ ᠭᠠᠭᠴᠠ ᠦᠬᠢᠨ ᠤ ᠪᠠᠨ ᠡᠨᠡᠬᠦ ᠪᠠᠶᠠᠷ ᠴᠡᠩᠭᠡᠯᠳᠤ᠂ ᠵᠢᠷᠭᠠᠯᠳᠤ ᠡᠳᠦᠷ ᠤᠨ ᠮᠠᠨᠳᠤ ᠶᠢ ᠲᠤᠰᠤᠨ ᠬᠦᠯᠢᠶᠠᠵᠤ ᠨᠢᠭᠡ ᠴᠠᠭ ᠴᠦ ᠭᠡᠰᠡᠨ ᠪᠠᠶᠠᠷᠯᠠᠭᠠᠷᠠᠢ︕ ᠠᠪᠤ ᠮᠢᠨᠢ ᠲᠠ ᠡᠳᠦᠷ ᠪᠤᠯᠭᠠᠨ ᠠᠰᠠᠷ ᠤᠨ ᠱᠠᠳᠤ ᠪᠠᠷ ᠲᠤᠭ᠎ᠠ ᠦᠭᠡᠢ ᠤᠳᠠᠭ᠎ᠠ ᠦᠭᠰᠦᠨ ᠤᠷᠤᠭᠤᠳᠠᠨ ᠠᠮᠢᠳᠤᠷᠡᠯ ᠤᠨ ᠬᠦᠨᠳᠤ ᠠᠴᠢᠶ᠎ᠠ ᠶᠢ ᠬᠤᠶᠠᠷ ᠮᠦᠷᠦᠨ ᠳᠤ ᠪᠠᠨ ᠲᠡᠭᠡᠭᠡᠵᠤ ᠠᠰᠬᠠᠷᠠᠭᠰᠠᠨ ᠬᠦᠯᠦᠰᠤ ᠪᠠᠨ ᠠᠷᠴᠢᠬᠤ ᠴᠢᠯᠦᠭᠡ ᠦᠭᠡᠢ᠂ ᠠᠷᠤ ᠭᠡᠷ᠂ ᠠᠩᠭ᠎ᠠ ᠬᠡᠦᠬᠡᠨ ᠤ ᠪᠠᠨ ᠲᠦᠯᠦᠭᠡ ᠭᠡᠮᠡᠨ ᠵᠢᠳᠬᠦᠨ ᠪᠤᠰᠤᠳ ᠤᠨ ᠴᠢᠷᠠᠢ ᠶᠢ ᠬᠠᠷᠠᠵᠤ ᠬᠦᠯᠦᠰᠤᠨ ᠠᠵᠢᠯ ᠬᠢᠬᠦ ᠳᠤ ᠪᠠᠨ ᠶᠠᠭᠤ ᠨᠢᠭᠡᠨ ᠢ ᠪᠤᠳᠤᠭᠰᠠᠨ ᠪᠠᠶᠢᠯᠬᠦᠢ᠃ ᠨᠠᠩ ᠴᠦ ᠡᠨᠡ ᠨᠢᠭᠡᠭᠡᠨ ᠵᠢᠯ ᠲᠤᠳᠤᠷ᠎ᠠ ᠲᠠ ᠮᠢᠨᠢ ᠠᠵᠢᠯ ᠬᠡᠵᠤ ᠠᠮᠢ ᠴᠦᠯᠡᠨ ᠬᠢᠬᠦ ᠪᠤᠯᠤᠭᠰᠠᠨ ᠢ ᠬᠡᠨ ᠤᠶᠢᠯᠠᠭᠠᠬᠤ ᠦᠭᠡᠢ ᠴᠦ ᠪᠢ ᠤᠶᠢᠯᠠᠭᠠᠨ᠎ᠠ᠃ ᠦᠷ᠎ᠡ ᠨᠡᠳᠡ ᠳᠤ ᠪᠠᠨ ᠡᠴᠢᠭᠡ ᠡᠭᠡ ᠶᠢᠨ ᠬᠠᠶᠢᠷ᠎ᠠ ᠶᠢ ᠵᠡᠷᠭᠡᠪᠡᠷ ᠡᠳ᠋ᠯᠡᠬᠦᠯᠵᠤ ᠠᠮᠢᠳᠤᠷᠡᠯ ᠤᠨ ᠪᠠᠶᠠᠷ ᠪᠠᠭ᠋ᠠᠳᠤᠯ ᠢ ᠪᠤᠰᠤᠳ ᠠᠴᠠ ᠬᠤᠵᠢᠭᠤ ᠦᠭᠡᠢ ᠬᠦᠷᠭᠡᠭᠰᠡᠨ ᠳᠤ ᠴᠢᠨᠢ ᠤᠬᠠᠭᠠᠨ ᠦᠭᠡᠢ ᠦᠬᠢᠨ ᠴᠢᠨᠢ ᠲᠤᠩ ᠪᠠᠶᠠᠷᠯᠠᠳᠠᠭ ᠰᠢᠤ︕ ᠨᠡᠩ ᠴᠦ ᠭᠠᠷᠠᠭ  ᠤᠨ ᠵᠢᠷᠭᠤᠭᠠᠨ ᠤ ᠠᠮᠠᠷᠠᠯᠳᠠ ᠪᠤᠯᠬᠤ ᠪᠦᠷᠢ ᠨᠠᠮ᠎ᠠ ᠶᠢ ᠲᠤᠰᠬᠤ ᠪᠠᠷ ᠰᠤᠷᠭᠠᠭᠤᠯᠢ ᠶᠢᠨ ᠡᠬᠦᠳᠡᠨ ᠲᠡᠭᠡᠷ᠎ᠡ ᠡᠷᠳᠡᠯᠡᠨ ᠢᠷᠡᠵᠤ ᠵᠤᠭᠰᠤᠳᠠᠭ ᠲᠦᠷᠢ ᠶᠢ ᠴᠢᠨᠢ ᠦᠵᠡᠬᠦ ᠪᠦᠷᠢ ᠠᠪᠤ ᠲᠠᠨ ᠢ ᠪᠠᠨ ᠲᠤᠩ ᠶᠡᠭᠡ ᠦᠷᠦ ᠡᠪᠡᠳᠳᠡᠭ᠃ ᠠᠪᠤ ᠮᠢᠨᠢ ᠲᠠ ᠵᠦᠳᠡᠷᠡᠯ᠎ᠡ᠃ ᠬᠡᠦᠭᠡᠨ‌‍ᠴᠢᠨᠢ ᠲᠠᠨ ᠳᠤ ᠪᠠᠨ ᠠᠷᠭ᠎ᠠ ᠦᠭᠡᠢ ᠬᠠᠶᠢᠷᠠᠳᠠᠢ ᠰᠢᠤ︕ ᠲᠠᠨ ᠤ ᠪᠠᠨ ᠬᠠᠯᠠᠭᠤᠨ ᠭᠠᠷ ᠢ ᠴᠢᠨᠢ ᠠᠳᠬᠤᠨ᠂ ᠬᠦᠯᠦᠰᠦᠨ ᠦᠨᠤᠷ ᠰᠢᠩᠭᠡᠭᠰᠡᠨ ᠴᠡᠬᠡᠵᠢᠨ ᠳᠤ ᠴᠢᠨᠢ ᠨᠠᠭᠠᠯᠳᠤᠬᠤ ᠪᠦᠷᠢ ᠦᠪᠡᠷ ᠤᠨ ᠡᠷᠭᠡ ᠦᠭᠡᠢ ᠡᠵᠢ ᠪᠠᠨ ᠲᠤᠷᠠᠰᠤᠨ ᠰᠠᠨᠠᠭᠰᠠᠨ ᠨᠢᠯᠪᠤᠰᠤ ᠵᠤᠪᠬᠢ ᠶᠢ ᠲᠦᠬᠦᠷᠭᠡᠳᠡᠭ ᠪᠤᠯᠪᠠᠴᠤ ᠬᠦᠴᠦᠯᠡᠨ ᠪᠠᠶᠢᠵᠤ ᠨᠢᠯᠪᠤᠰᠤ ᠪᠠᠨ ᠲᠤᠳᠤᠭᠰᠢ ᠪᠠᠨ ᠵᠠᠯᠬᠢᠨ ᠠᠪᠤ ᠲᠠᠨ ᠤ ᠪᠠᠨ ᠰᠡᠳᠬᠢᠯ ᠢ ᠡᠮᠵᠡᠭᠯᠡᠬᠦᠯᠬᠦ ᠠᠴᠠ ᠲᠤᠩ ᠬᠢᠴᠢᠶᠡᠳᠡᠭ᠃ ᠠᠪᠤ ᠡ᠂ ᠬᠡᠦᠭᠡᠨ ᠴᠢᠨᠢ ᠲᠤᠮᠤ ᠪᠤᠯᠵᠠᠢ᠃ ᠮᠢᠨᠤ ᠲᠦᠯᠦᠭᠡ ᠰᠠᠨᠠᠭ᠎ᠠ ᠰᠡᠳᠬᠢᠯ ᠢᠶᠠᠨ ᠭᠡᠳᠦᠷᠭᠡᠢ ᠪᠢᠳᠡᠭᠡᠢ ᠵᠦᠳᠡᠭᠡ᠃ ᠠᠷᠤ ᠭᠡᠷ ᠤᠨ ᠠᠯᠢᠪᠡ ᠠᠵᠢᠯ ᠭᠠᠭᠴᠠᠬᠠᠨ ᠲᠠᠨ ᠤ ᠮᠦᠷᠦᠨ ᠲᠡᠭᠡᠷ᠎ᠡ ᠲᠠᠯᠪᠢᠭᠳᠠᠭᠰᠠᠨ ᠤᠴᠢᠷ᠂ ᠮᠦᠨᠴᠤ ᠬᠡᠦᠭᠡᠨ ᠴᠢᠨᠢ ᠬᠠᠵᠠᠭᠤ ᠳᠤ ᠴᠢᠨᠢ ᠪᠠᠶᠢᠭ᠎ᠠ ᠦᠭᠡᠢ ᠲᠤᠯᠠ ᠪᠡᠶ᠎ᠡ ᠪᠠᠨ ᠰᠠᠶᠢᠨ ᠬᠢᠴᠢᠶᠡᠭᠡᠷᠡᠢ︕ ᠢᠳᠡᠵᠤ ᠤᠤᠭᠤᠬᠤ ᠪᠠᠨ ᠰᠠᠶᠢᠬᠠᠨ ᠲᠤᠬᠢᠷᠠᠭᠤᠯᠤᠭᠠᠷᠠᠢ︕ ᠨᠠᠮᠠᠶᠢ ᠪᠠᠨ ᠬᠡᠵᠤ ᠪᠤᠳᠤᠪᠠᠯ ᠪᠡᠶ᠎ᠡ  ᠪᠠᠨ ᠬᠢᠴᠢᠶᠡᠬᠦ ᠪᠤᠯ ᠬᠠᠮᠤᠭ ᠴᠢᠬᠤᠯᠠ ᠰᠢᠤ᠂ ᠮᠢᠨᠤ ᠬᠠᠶᠢᠷᠠᠳᠠᠢ ᠠᠪᠤ ᠮᠢᠨᠢ︕ ᠬᠡᠦᠭᠡᠨ ᠴᠢᠨᠢ ᠠᠳᠡ ᠠᠪᠤ ᠶᠢᠨ  ᠢᠶᠠᠨ ᠠᠴᠢ ᠪᠠᠷ ᠶᠠᠭᠤ ᠴᠦ ᠲᠤᠳᠠᠬᠤ ᠦᠭᠡᠢ ᠶᠠᠪᠤᠵᠤ ᠪᠠᠶᠢᠨ᠎ᠠ᠃ ᠠᠪᠤ ᠮᠢᠨᠢ ᠰᠠᠨᠠᠭ᠎ᠠ ᠠᠮᠤᠷ ᠰᠠᠶᠢᠬᠠᠨ ᠰᠠᠭᠤᠭᠠᠷᠠᠢ        ᠠᠪᠤ ᠡ᠂ ᠲᠡᠭᠡᠷ᠎ᠡ ᠵᠢᠯ ᠤᠨ ︽ᠡᠬᠡᠴᠣᠣᠯ ᠤᠨ ᠪᠠᠶᠠᠷ︾ ᠢ ᠴᠡᠭᠡᠵᠢᠯᠡᠵᠤ ᠪᠠᠶᠢᠨ᠎ᠠ ᠤᠤ︖ ᠲᠡᠷᠡ ᠨᠢᠭᠡ ᠦᠳᠡ ᠶᠢᠨ ᠠᠮᠠᠷᠠᠯᠳᠠ ᠳᠤ ᠪᠢ ᠬᠢᠬᠦ ᠶᠠᠭᠤᠮ᠎ᠠ ᠦᠭᠡᠢ ᠳᠤ ᠪᠠᠨ ᠭᠠᠷ ᠤᠨ ᠠᠶ᠎ᠠ ᠪᠠᠷ ᠨᠢᠭᠡ ᠵᠢᠷᠤᠭ ᠲᠠᠳᠠᠯᠠᠯ᠎ᠠ᠃ ᠲᠠᠷᠠ ᠡᠳᠦᠷ ᠨᠢ ᠶᠠᠭ ᠰᠠᠶᠢᠬᠠᠨ ᠡᠵᠢ ᠶᠢᠨ ᠲᠦᠷᠦᠭᠰᠡᠨ ᠡᠳᠦᠷ ᠤᠨ ᠪᠠᠶᠠᠷ ᠲᠤᠬᠢᠶᠠᠯᠳᠤᠭᠰᠠᠨ ᠢ ᠶᠠᠭᠠᠬᠢᠨ᠎ᠠ᠃ ᠵᠠ ᠢᠡᠭᠬᠢᠭᠡᠳ ᠠᠵᠠ ᠲᠠᠭᠠᠷᠠᠵᠤ ᠵᠢᠷᠤᠭᠰᠠᠨ ᠵᠢᠷᠤᠭ ᠢᠶᠠᠨ ᠲᠦᠷᠦᠭᠰᠡᠨ ᠡᠳᠦᠷ ᠤᠨ ᠪᠡᠯᠡᠭ ᠪᠤᠯᠭᠠᠨ ᠡᠵᠢ ᠳᠤ ᠪᠠᠨ ᠪᠠᠷᠢᠯ᠎ᠠ᠃ ᠡᠵᠢ ᠶᠢᠨ ᠮᠢᠨᠢ ᠲᠠᠷᠠᠬᠦ ᠪᠠᠶᠠᠷᠯᠠᠭᠰᠠᠨ ᠰᠡᠳᠬᠢᠯ ᠢ ᠶᠠᠭᠠᠬᠢᠨ᠎ᠠ᠃  ᠨᠠᠮ᠎ᠠ ᠶᠢ ᠦᠬᠦᠭᠡᠷᠳᠦᠨ ᠦᠨᠤᠰᠴᠤ ᠪᠠᠶᠠᠷᠯᠠᠭᠰᠠᠨ ᠲᠤᠭᠳᠤᠯᠤᠭᠰᠠᠨ ᠦᠨᠡᠨ ᠬᠠᠶᠢᠷ᠎ᠠ ᠪᠠᠨ ᠢᠯᠡᠳᠬᠡᠯ᠎ᠡ᠃ ᠡᠵᠢ ᠶᠢᠨ ᠢᠶᠠᠨ ᠡᠨᠡᠬᠦ ᠬᠠᠶᠢᠷ᠎ᠠ ᠪᠢᠯᠬᠠᠭᠰᠠᠨ ᠪᠠᠶᠠᠷ ᠤᠨ ᠮᠦᠰᠢᠶᠡᠳᠤ ᠶᠢ ᠬᠠᠷᠠᠭᠠᠳ ᠲᠤᠮᠤᠴᠣᠣᠯ ᠤᠨ ᠶᠠᠯᠢᠮ ᠦᠭᠡᠢ ᠪᠠᠭ᠎ᠠ ᠶᠠᠭᠤᠮᠠᠨ ᠳᠤ ᠢᠡᠭᠬᠢᠵᠤ ᠶᠡᠭᠡ ᠬᠠᠭᠤᠷᠳᠠᠭᠳᠠᠳᠠᠭ ᠪᠠᠶᠢᠳᠠᠯ ᠳᠤ ᠲᠤᠳᠤᠷ᠎ᠠ ᠲᠡᠰᠬᠦ ᠶᠢᠨ ᠠᠷᠭ᠎ᠠ ᠦᠭᠡᠢ ᠢᠨᠢᠶᠡᠳᠤ ᠬᠦᠷᠴᠤ ᠭᠠᠶᠢᠬᠠᠰᠢ ᠠᠯᠳᠠᠯ᠎ᠠ᠃ ᠤᠴᠢᠷ ᠨᠢ ᠡᠨᠡ ᠵᠢᠷᠤᠭ ᠢ ᠪᠢ ᠬᠢᠳᠡᠯ ᠠᠯᠳᠠᠬᠤ ᠳᠤ ᠪᠠᠨ ᠭᠠᠷ ᠤᠨ ᠠᠶ᠎ᠠ ᠪᠠᠷ ᠲᠠᠳᠠᠯᠠᠭᠰᠠᠨ ᠲᠡᠳᠦᠢ ᠠᠴᠠ ᠪᠢᠰᠢ ᠦᠢᠯᠡ ᠪᠠᠨ ᠪᠠᠷᠠᠵᠤ ᠵᠢᠷᠤᠭᠰᠠᠨ ᠪᠢᠰᠢ᠃ ᠨᠡᠩ ᠴᠦ ᠡᠵᠢ ᠶᠢᠨ ᠬᠠᠶᠢᠷ᠎ᠠ ᠡᠨᠡᠷᠢᠯ ᠢ ᠮᠡᠳᠡᠷᠡᠵᠤ ᠤᠶᠢᠯᠠᠭᠠᠨ ᠲᠠᠯᠠᠷᠬᠠᠨ ᠬᠦᠨᠳᠦᠯᠡᠭᠰᠡᠨ ᠬᠠᠶᠢᠷ᠎ᠠ ᠰᠡᠳᠬᠢᠯ ᠰᠢᠩᠭᠡᠭᠰᠡᠨ ᠵᠢᠷᠤᠭ ᠴᠦ ᠪᠢᠰᠢ᠃ ᠠᠪᠤ ᠡ᠂ ᠲᠠ ᠮᠡᠳᠡᠬᠦ ᠦᠭᠡᠢ᠃ ᠲᠡᠷᠡ ᠦᠶ᠎ᠡ ᠳᠤ ᠪᠢ ᠡᠵᠢ ᠶᠢ ᠬᠤᠨᠵᠢᠭᠳᠠᠯ᠎ᠠ᠂ ᠨᠠᠳᠠ ᠮᠡᠭᠡᠯᠡᠭᠳᠡᠯ᠎ᠡ ᠬᠡᠮᠡᠨ ᠲᠤᠩ ᠢᠨᠢᠶᠡᠳᠦ ᠬᠦᠷᠴᠤ ᠪᠠᠶᠢᠭᠰᠠᠨ︕ ᠬᠡᠪᠡᠴᠤ ᠡᠵᠢ ᠮᠢᠨᠢ ᠲᠡᠷᠡ ᠵᠢᠷᠤᠭ ᠢ ᠤᠨᠳᠠᠬᠤ ᠦᠷᠦᠭᠡᠨ ᠤ ᠪᠠᠨ ᠭᠡᠷᠡᠮ ᠲᠡᠭᠡᠷ᠎ᠡ ᠨᠢᠮᠪᠠᠶᠢᠬᠠᠨ ᠨᠠᠭᠠᠬᠤ ᠪᠠᠶᠢᠳᠠᠯ ᠢ ᠬᠠᠷᠠᠭᠠᠳ ᠮᠢᠨᠤ ᠲᠤᠳᠤᠷ᠎ᠠ ᠬᠡᠨᠡᠳᠳᠡ ᠦᠭᠡᠷ᠎ᠡ ᠨᠢᠭᠡᠨ ᠪᠤᠳᠤᠯ ᠵᠢᠷᠢᠰᠬᠢᠨ ᠤᠷᠤᠵᠤ ︽ᠡᠵᠢ ᠮᠢᠨᠢ ᠡᠰᠡᠬᠦᠯ᠎ᠡ ᠮᠢᠨᠣ ᠬᠤᠳᠠᠯ ᠬᠡᠯᠡᠭᠰᠡᠨ ᠢ ᠮᠡᠳᠡᠭᠡᠳ ᠵᠤᠷᠢᠭᠤᠳᠠ ᠨᠠᠳᠠ ᠦᠵᠡᠬᠦᠯᠦᠨ ᠮᠡᠬᠡᠯᠡᠵᠤ ᠪᠠᠶᠢᠭ᠎ᠠ ᠪᠢᠰᠢ ᠪᠠᠶᠢᠬ᠎ᠠ︾ ᠬᠡᠵᠤ ᠰᠡᠵᠢᠭ ᠲᠦᠷᠦᠨ ᠡᠵᠢ ᠪᠠᠰᠠ ᠨᠠᠳᠠ ᠲᠠᠢ ᠠᠳᠠᠯᠢ ᠢᠡᠭᠬᠢᠵᠤ ᠬᠤᠳᠠᠯ ᠬᠡᠯᠵᠤ ᠪᠠᠶᠢᠳᠠᠭ ᠨᠢ ᠶᠠᠭᠤᠨ ᠤ ᠤᠴᠢᠷ ᠪᠢᠯᠡ ᠬᠡᠮᠡᠨ  ᠭᠠᠶᠢᠬᠠᠵᠤ ᠪᠠᠶᠢᠭᠰᠠᠨ︕ ᠢᠡᠭᠬᠢᠭᠡᠳ ᠯᠠ ᠲᠡᠷᠡ ᠵᠢᠷᠤᠭ ᠨᠢ ᠮᠢᠨᠤ ᠡᠵᠢ ᠳᠤ ᠪᠠᠨ ᠪᠠᠷᠢᠭᠰᠠᠨ ᠬᠠᠮᠤᠭ ᠡᠴᠦᠰ ᠤᠨ ᠪᠡᠯᠡᠭ ᠪᠤᠯᠬᠤ ᠶᠢ ᠣᠳᠤ ᠡᠷᠬᠢᠴᠡᠬᠦᠯᠦᠨ ᠪᠤᠳᠤᠬᠤ ᠪᠦᠷᠢ ᠦᠪᠡᠷ ᠤᠨ ᠡᠷᠭᠡ ᠦᠭᠡᠢ ᠬᠤᠶᠠᠷ ᠨᠢᠳᠤᠨ ᠤ ᠨᠢᠯᠪᠤᠰᠤ ᠮᠢᠨᠢ ᠬᠠᠰᠢᠯᠭ᠎ᠠ ᠪᠠᠨ ᠰᠡᠳᠡᠯᠵᠦ ᠡᠵᠢ ᠳᠤ ᠪᠠᠨ ᠲᠦᠮᠡᠨ ᠣᠰᠣᠯ ᠬᠢᠭᠰᠡᠨ ᠰᠢᠭ ᠪᠤᠳᠤᠭᠳᠠᠳᠠᠭ ᠃ ᠡᠵᠢ ᠮᠢᠨᠢ ᠲᠡᠷᠡ ᠦᠶ᠎ᠡ ᠳᠤ ᠪᠠᠷᠤᠭ ᠡᠪᠡᠳᠴᠢᠨ ᠤ ᠪᠠᠨ ᠪᠠᠶᠢᠳᠠᠯ ᠢ ᠮᠡᠳᠡᠴᠢᠭᠡᠭᠡᠳ ᠪᠢᠳᠡ ᠬᠤᠶᠠᠷ ᠤᠨ ᠰᠠᠨᠠᠭ᠎ᠠ ᠰᠡᠳᠬᠢᠯ ᠢ ᠵᠤᠪᠠᠭᠠᠨ ᠭᠠᠰᠠᠯᠠᠩ ᠳᠤ ᠤᠨᠠᠭᠤᠯᠬᠤ ᠦᠭᠡᠢ ᠭᠡᠵᠤ ᠪᠤᠳᠤᠭᠰᠠᠨ ᠪᠠᠶᠢᠵᠤ ᠮᠡᠳᠡᠨ᠎ᠡ᠃ ᠬᠦᠭᠡᠷᠦᠬᠦᠢ ᠡᠵᠢ ᠮᠢᠨᠢ ᠦᠷ᠎ᠡ ᠶᠢᠨ ᠢᠶᠠᠨ ᠵᠢᠷᠤᠭᠰᠠᠨ ᠵᠢᠷᠤᠭ ᠢ ᠬᠦᠷᠳᠡᠯ᠎ᠡ ᠶᠡᠭᠡ ᠶᠠᠭᠤᠮ᠎ᠠ ᠪᠤᠯᠭᠠᠨ ᠬᠠᠳᠠᠭᠠᠯᠠᠨ ᠦᠯᠡᠳᠡᠬᠡᠵᠤ ᠪᠠᠶᠢᠭᠰᠠᠨ ᠢ ᠪᠤᠳᠤᠬᠤ ᠪᠦᠷᠢ᠂ ᠨᠡᠩ ᠴᠦ ᠤᠬᠠᠭᠠᠨ ᠲᠤᠮᠤᠭ᠎ᠠ ᠦᠭᠡᠢ ᠲᠡᠨᠡᠭ ᠬᠡᠦᠭᠡᠨ ᠨᠢ ᠡᠵᠢ ᠪᠠᠷ ᠢᠶᠠᠨ ᠲᠤᠭᠯᠠᠭᠰᠠᠨ ᠭᠡᠷᠡᠮ ᠲᠡᠭᠡᠷ᠎ᠡ ᠨᠠᠭᠠᠭᠳᠠᠭᠰᠠᠨ ᠲᠡᠷᠡᠬᠦ ᠬᠦᠨᠳᠤ ᠵᠢᠷᠤᠭ ᠢ ᠬᠠᠷᠠᠬᠤ ᠪᠦᠷᠢ ᠠᠪᠤ ᠲᠠᠨ ᠢ ᠪᠠᠨ ᠶᠠᠭᠤ ᠴᠦ ᠭᠡᠰᠡᠨ ᠡᠬᠢᠯᠡᠨ ᠪᠠᠭ᠎ᠠ ᠤᠶᠢᠯᠠᠭᠠᠬᠤ ᠪᠤᠯᠤᠭᠰᠠᠨ ᠰᠢᠣ᠃ ᠲᠠ ᠮᠢᠨᠢ ᠶᠠᠳᠠᠷᠠᠵᠤ ᠵᠦᠳᠡᠷᠡᠨ ᠬᠦᠯ ᠢᠶᠠᠨ ᠲᠠᠭᠠᠭᠠᠬᠤ ᠦᠭᠡᠢ ᠤᠷᠤᠵᠤ ᠢᠷᠡᠬᠦ ᠳᠤ ᠲᠤᠮᠤᠭ᠎ᠠ ᠦᠭᠡᠢ ᠬᠡᠦᠬᠡᠨ ᠴᠢᠨᠢ ︽ᠢᠡᠭᠬᠢᠵᠤ ᠬᠢᠬᠦ ᠨᠢ ᠲᠠᠨ ᠤ ᠡᠬᠦᠷᠭᠡ︾ ᠬᠡᠵᠤ ᠠᠳᠡᠬᠦᠷᠡᠨ ᠲᠠᠨ ᠢ ᠡᠯᠳᠡᠪ ᠢᠶᠠᠷ ᠵᠤᠪᠠᠭᠠᠨ‌‍ᠰᠢᠨᠠᠯᠭᠠᠳᠠᠭ ᠢ ᠮᠢᠨᠢ ᠠᠭᠤᠴᠢᠯᠠᠭᠠᠷᠠᠢ ᠠᠪᠤ ᠮᠢᠨᠢ︕ ᠲᠤᠮᠤᠭ᠎ᠠ ᠦᠭᠡᠢ ᠬᠡᠦᠭᠡᠨ ᠴᠢᠨᠢ ᠲᠠᠨ ᠳᠤ ᠪᠠᠨ ᠲᠠᠬᠢᠨ ᠣᠰᠣᠯ ᠬᠦᠯᠢᠶᠡᠶ᠎ᠡ︕ ᠠᠭᠤᠴᠢᠯᠠᠯ ᠳᠤ ᠪᠠᠨ ᠪᠠᠭᠳᠠᠭᠠᠭᠠᠷᠠᠢ ᠠᠪᠤ ᠮᠢᠨᠢ︕        ᠠᠪᠤ ᠡ᠂ ᠬᠡᠦᠬᠡᠨ ᠴᠢᠨᠢ ᠲᠦᠷᠦᠭᠰᠡᠨ ᠴᠠᠭ ᠠᠴᠠ ᠪᠠᠨ ᠠᠪᠤᠭᠠᠳ ᠶᠠᠮᠠᠷ ᠨᠢᠭᠡᠨ ᠲᠤᠷᠠᠰᠬᠠᠯ ᠤᠨ ᠡᠳᠦᠷ ᠲᠤᠬᠢᠶᠠᠯᠳᠤᠭᠰᠠᠨ ᠴᠦ ᠲᠠᠨ ᠳᠤ ᠪᠠᠨ ᠶᠠᠮᠠᠷ ᠴᠦ ᠪᠡᠯᠡᠭ ᠦᠭᠬᠦᠭᠡ ᠦᠭᠡᠢ᠃ ᠭᠡᠳᠡᠯ᠎ᠡ ᠲᠠ ᠨᠡᠳᠡ ᠠᠴᠠ ᠦᠴᠦᠭᠡᠨ ᠴᠦ ᠬᠠᠷᠢᠭᠤ ᠨᠡᠭᠡᠭᠡ ᠦᠭᠡᠢ ᠮᠦᠷᠳᠡᠭᠡᠨ ᠰᠡᠳᠬᠢᠯ ᠳᠤ ᠪᠠᠨ ᠬᠠᠷᠠᠮᠰᠠᠯ ᠦᠯᠡᠳᠡᠭᠡᠭᠰᠡᠨ ᠦᠭᠡᠢ ᠭᠡᠳᠡᠭ ᠢ ᠪᠢ ᠤᠶᠢᠯᠠᠭᠠᠨ᠎ᠠ᠃ ᠡᠵᠢ ᠮᠢᠨᠢ ᠪᠢᠳᠡ ᠬᠤᠶᠠᠷ ᠢᠶᠠᠨ ᠤᠷᠬᠢᠨ ᠪᠤᠷᠬᠠᠨ ᠤ ᠤᠷᠤᠨ ᠳᠤ ᠶᠠᠪᠤᠭᠰᠠᠨ ᠠᠴᠠ ᠰᠡᠬᠦᠯᠡᠷ ᠡᠳᠦᠷ ᠤᠨ ᠪᠤᠳᠤᠯ ᠰᠦᠨᠢ ᠶᠢᠨ ᠵᠡᠬᠦᠳᠦᠨ ᠳᠤ ᠲᠠ ᠮᠢᠨᠢ ᠡᠷᠢᠭ᠍ᠳᠡᠭᠡᠳ ᠪᠠᠶᠢᠳᠠᠭ ᠪᠤᠯᠤᠯ᠎ᠠ᠃ ᠡᠳᠦᠷ ᠪᠤᠯᠭᠠᠨ ᠨᠦᠰᠡᠷ ᠬᠦᠨᠳᠤ ᠭᠡᠷ ᠤᠨ ᠬᠡᠷᠡᠭᠰᠡᠯ ᠢ ᠡᠬᠦᠷᠦᠨ ᠦᠨᠳᠤᠷ ᠦᠨᠳᠤᠷ ᠠᠰᠠᠷ ᠲᠠᠭᠳᠤ ᠶᠢ ᠲᠠᠪᠠᠨ ᠮᠠᠴᠤᠨ ᠲᠤᠭᠤᠯᠬᠤ  ᠳᠤ ᠪᠠᠨ ᠠᠪᠤ ᠮᠢᠨᠢ ᠶᠠᠭᠤ ᠨᠢᠭᠡ ᠶᠢ ᠪᠤᠳᠤᠭᠰᠠᠨ ᠪᠠᠶᠢᠯᠬᠦᠢ︕ ᠤᠷᠤᠰᠤᠭᠰᠠᠨ ᠬᠦᠯᠦᠰᠦ ᠪᠠᠨ ᠬᠦᠷᠳᠡᠯ᠎ᠡ ᠠᠷᠴᠢᠬᠤ ᠴᠢᠯᠦᠭᠡ ᠦᠭᠡᠢ ᠪᠦᠭᠲᠦᠭᠡᠨᠡᠨ ᠶᠠᠪᠤᠭ᠎ᠠ ᠠᠪᠤ ᠪᠠᠨ ᠪᠤᠳᠤᠭᠠᠳ ᠵᠠᠷᠢᠮ ᠳᠤ ᠪᠠᠨ ᠬᠡᠦᠭᠡᠨ ᠴᠢᠨᠢ ᠵᠡᠬᠦᠳᠦᠯᠡᠨ ᠰᠡᠷᠢᠳᠡᠭ ᠰᠢᠦ ᠠᠪᠤ ᠮᠢᠨᠢ︕ ᠡᠳᠡᠭᠡᠷ ᠢ ᠪᠤᠳᠤᠬᠤ ᠪᠦᠷᠢ ᠰᠦᠨᠢ ᠶᠢᠨ ᠨᠤᠶᠢᠷ ᠬᠤᠯᠵᠢᠨ ᠬᠤᠷᠳᠤᠬᠠᠨ ᠲᠤᠮᠤ ᠪᠤᠯᠤᠭᠠᠳ ᠲᠤᠰᠠᠯᠠᠵᠤ ᠲᠡᠶᠢᠯᠬᠦ ᠦᠭᠡᠢ ᠴᠦ ᠲᠠᠷᠤᠭᠠᠰᠤ ᠪᠤᠯᠬᠤ ᠦᠭᠡᠢ ᠪᠠᠷ ᠠᠪᠤ ᠲᠠᠨ ᠢ ᠪᠠᠨ ᠪᠡᠶ᠎ᠡ ᠠᠮᠤᠷ᠂ ᠰᠡᠳᠬᠢᠯ ᠲᠡᠨᠢᠭᠦᠨ ᠠᠮᠢᠳᠤᠷᠠᠭᠤᠯᠤᠶ᠎ᠠ ᠬᠡᠵᠤ ᠵᠤᠷᠢᠭ ᠰᠢᠭᠤᠳᠤᠨ ᠡᠳᠦᠷ ᠤᠨ ᠬᠢᠴᠢᠶᠡᠯ ᠳᠤ ᠪᠠᠨ ᠰᠢᠮᠳᠡᠨ ᠤᠷᠤᠳᠠᠭ ᠪᠤᠯᠤᠭᠰᠠᠨ ᠰᠢᠤ ᠠᠪᠤ ᠮᠢᠨᠢ︕ ︽ᠡᠬᠡ ᠶᠢᠨ ᠰᠡᠳᠬᠢᠯ ᠦᠷ᠎ᠡ ᠳᠤ︾ ᠭᠡᠳᠡᠭ ᠢ ᠤᠬᠠᠭᠠᠷᠠᠵᠤ ᠠᠮᠵᠢᠭ᠎ᠠ ᠦᠭᠡᠢ ᠠᠴᠢᠯᠠᠵᠤ ᠠᠮᠵᠢᠭ᠎ᠠ ᠦᠭᠡᠢ ᠶᠠᠪᠤᠭᠰᠠᠨ ᠢᠶᠠᠨ ᠮᠡᠳᠡᠷᠡᠯ᠎ᠡ︕ ᠬᠠᠶᠢᠷᠠᠳᠤ ᠠᠪᠤ ᠮᠢᠨᠢ᠂ ᠡᠬᠦᠨ ᠠᠴᠠ ᠬᠤᠶᠢᠰᠢ ᠬᠡᠦᠬᠡᠨ ᠴᠢᠨᠢ ᠲᠠᠨ ᠤ ᠪᠠᠨ ᠠᠭᠤᠤ ᠬᠠᠶᠢᠷ᠎ᠠ ᠶᠢᠨ ᠬᠠᠷᠢᠭᠤ ᠳᠤ ᠦᠪᠡᠷ ᠤᠨ ᠬᠢᠴᠢᠶᠡᠯ ᠴᠢᠷᠮᠠᠶᠢᠯᠭ᠎ᠠ ᠪᠠᠷ ᠢᠶᠠᠨ ᠡᠳᠦᠷ ᠠᠴᠠ ᠡᠳᠦᠷ ᠦᠭᠡᠳᠡᠯᠡᠵᠦ᠂ ᠲᠠᠨ ᠢ ᠪᠠᠨ ᠠᠴᠢᠯᠠᠵᠤ ᠪᠠᠶᠠᠷᠯᠠᠭᠤᠯᠵᠤ ᠶᠠᠪᠤᠨ᠎ᠠ︕ ᠪᠠᠭᠰᠢ ᠠᠬᠠᠮᠠᠳ ᠢᠶᠠᠨ ᠬᠦᠨᠳᠦᠯᠡᠵᠦ᠂ ᠨᠦᠬᠦᠳ ᠲᠠᠢ ᠪᠠᠨ ᠪᠦᠯᠬᠦᠮᠳᠡᠯ ᠲᠠᠢ ᠶᠠᠪᠤᠨ᠎ᠠ︕ ᠪᠢ ᠯᠠᠪ ᠴᠢᠳᠠᠨ᠎ᠠ᠃ ᠯᠠᠪᠳᠠᠢ ᠪᠡᠶᠡᠯᠡᠭᠦᠯᠦᠨ᠎ᠡ᠃        ᠵᠠᠬᠢᠳᠠᠯ ᠢ ᠮᠢᠨᠢ ᠲᠤᠰᠤᠭᠠᠳ ᠠᠪᠤ ᠮᠢᠨᠢ ᠲᠠ ᠯᠠᠪᠳᠠᠢ ᠪᠠᠶᠠᠷᠯᠠᠬᠤ ᠪᠠᠶᠢᠬ᠎ᠠ ᠡ︕ ᠬᠡᠦᠬᠡᠨ ᠴᠢᠨᠢ ᠨᠢᠭᠡᠯᠡ ᠲᠡᠭᠡᠷ᠎ᠡ ᠲᠤᠮᠤᠭᠠᠵᠢᠭᠰᠠᠨ ᠰᠢᠤ᠃ ᠤᠳᠤᠬᠠᠨ ᠳᠤ ᠪᠠᠨ ᠲᠠᠨ ᠤ ᠪᠠᠨ ᠬᠦᠯᠦᠰᠦ ᠬᠦᠴᠦ ᠪᠠᠷ ᠠᠮᠢᠳᠤᠷᠡᠵᠤ ᠪᠠᠶᠢᠭ᠎ᠠ ᠤᠴᠢᠷ ᠲᠠᠨ ᠳᠤ ᠪᠠᠨ ᠪᠡᠯᠡᠭ ᠬᠡᠮᠡᠷ ᠶᠠᠭᠤᠮ᠎ᠠ ᠠᠪᠤᠭ᠎ᠠ ᠦᠭᠡᠢ᠃ ᠬᠠᠷᠢᠨ ᠡᠨᠡ ᠰᠠᠷ᠎ᠠ ᠶᠢᠨ ᠰᠢᠯᠭᠠᠯᠳᠠ ᠳᠤ ᠪᠠᠨ ᠨᠡᠯᠢᠶᠡᠳ ᠠᠮᠵᠢᠯᠳᠠ ᠤᠯᠵᠤ ᠭᠡᠳᠦᠨ ᠬᠦᠮᠦᠨ ᠢ ᠲᠠᠪᠠᠵᠤ ᠭᠠᠷᠤᠭᠰᠠᠨ ᠲᠠᠪᠰᠢᠯᠳᠠ ᠪᠠᠷ ᠢᠶᠠᠨ ᠲᠠᠨ ᠳᠤ ᠪᠠᠨ ᠠᠩᠬᠠᠨ ᠤ ᠬᠦᠨᠳᠤ ᠪᠡᠯᠡᠭ ᠪᠤᠯᠭᠠᠶ᠎ᠠ᠃ ᠠᠪᠤ ᠮᠢᠨᠢ ᠲᠤᠰᠤᠨ ᠠᠪᠤᠭᠠᠷᠠᠢ︕ ᠶᠠᠳᠠᠷᠠᠭᠠᠳ ᠢᠷᠡᠬᠦ ᠦᠶ᠎ᠡ ᠳᠤ ᠬᠡᠦᠭᠡᠨ ᠤ ᠪᠠᠨ ᠵᠠᠬᠢᠳᠠᠯ ᠢ ᠪᠤᠳᠤᠭᠠᠷᠠᠢ᠃ ᠲᠡᠭᠡᠪᠡᠯ ᠪᠠᠭ᠎ᠠ ᠴᠦ ᠬᠡᠰᠡᠨ ᠶᠠᠳᠠᠷᠠᠭ᠎ᠠ ᠴᠢᠨᠢ ᠲᠠᠶᠢᠯᠤᠭᠳᠠᠨ ᠲᠠᠶᠢᠳᠬᠠᠷᠠᠭᠤᠯᠤᠯ ᠪᠤᠯᠬᠤ ᠪᠠᠶᠢᠬ᠎ᠠ︕        ᠠᠪᠤ ᠡ᠂ ᠪᠡᠶ᠎ᠡ ᠪᠠᠨ ᠰᠠᠶᠢᠨ ᠬᠢᠴᠢᠶᠡᠭᠡᠷᠡᠢ︕ ᠭᠡᠳᠦᠷᠬᠡᠢ ᠬᠦᠨᠳᠤ ᠠᠵᠢᠯ ᠳᠤ ᠪᠤᠤ ᠰᠢᠭᠤᠳᠤᠭᠠᠷᠠᠢ᠃ ᠲᠠ ᠮᠢᠨᠢ ᠦᠷ᠎ᠡ ᠶᠢᠨ ᠢᠶᠠᠨ ᠲᠦᠰᠢᠭ ᠰᠢᠦ︕ ᠠᠮᠢᠨ ᠲᠦᠰᠢᠭ ᠮᠢᠨᠢ ᠨᠤᠷᠠᠬᠤ ᠠᠴᠠ ᠪᠢ ᠲᠤᠩ ᠠᠶᠤᠨ᠎ᠠ︕ ᠬᠡᠦᠭᠡᠨ ᠴᠢᠨᠢ ᠨᠢᠭᠡᠨᠳᠡ ᠦᠰᠴᠢᠭᠡᠯ᠎ᠡ᠃ ᠪᠢᠳᠡ ᠬᠤᠶᠠᠷ ᠤᠨ ᠠᠮᠢᠳᠤᠷᠡᠯ ᠤᠯᠠᠮ ᠰᠠᠶᠢᠨ ᠪᠤᠯᠬᠤ ᠶᠤᠮ ᠡ᠃ ᠡᠵᠢ ᠮᠢᠨᠢ ᠶᠢᠰᠦᠨ ᠪᠤᠯᠠᠭ ᠤᠨ ᠴᠠᠭᠠᠨ᠎ᠠ ᠠᠴᠠ ᠬᠠᠶᠢᠷᠠᠳᠠᠢ ᠬᠡᠦᠭᠡᠨ ᠤ ᠪᠠᠨ ᠲᠦᠯᠦᠭᠡ ᠬᠦᠵᠦᠬᠦᠦ ᠬᠦᠷᠳᠡᠶᠢᠯᠭᠡᠨ ᠵᠢᠳᠬᠦᠨ ᠪᠠᠶᠢᠭ᠎ᠠ ᠲᠠᠨ ᠳᠤ ᠮᠢᠨᠢ ᠢᠳᠡᠭᠡᠯ ᠤᠨ ᠬᠦᠴᠦ ᠬᠠᠶᠢᠷᠠᠯᠠᠬᠤ ᠪᠠᠶᠢᠬ᠎ᠠ᠂ ᠠᠪᠤ ᠮᠢᠨᠢ︕        ᠠᠪᠤ ᠡ︕ ᠲᠠ ᠮᠢᠨᠢ ᠵᠦᠳᠡᠷᠡᠯ᠎ᠡ᠃ ᠬᠠᠶᠢᠷᠠᠳᠠᠢ ᠬᠡᠦᠭᠡᠨ ᠴᠢᠨᠢ ᠲᠠᠨ ᠢ ᠪᠠᠨ ᠬᠤᠵᠢᠮ ᠯᠠᠪᠳᠠᠢ ᠰᠠᠶᠢᠨ ᠠᠮᠢᠳᠤᠷᠠᠭᠤᠯᠬᠤ ᠶᠤᠮ ᠡ︕ ᠲᠠᠨ ᠳᠤ ᠪᠠᠨ ᠪᠢ ᠬᠠᠶᠢᠷᠠᠳᠠᠢ ᠰᠢᠦ︕ ᠨᠠᠨᠳᠢᠨ ᠪᠡᠯᠡᠭ ᠢ ᠮᠢᠨᠢ ᠲᠤᠰᠤᠨ ᠠᠪᠤᠭᠠᠷᠠᠢ᠃        ᠬᠡᠦᠭᠡᠨ ᠴᠢᠨᠢ ᠲᠠᠨ ᠳᠤ ᠪᠠᠨ ᠶᠤᠰᠤᠳᠠᠢ ᠪᠠᠶᠠᠷᠯᠠᠭᠰᠠᠨ ᠰᠢᠤ᠃ ᠡᠨᠡ ᠶᠢᠷᠳᠢᠨᠴᠤ ᠳᠤ ᠲᠠᠨ ᠤ ᠪᠠᠨ ᠦᠷ᠎ᠡ ᠪᠤᠯᠵᠤ ᠵᠠᠶᠠᠭᠠᠭᠰᠠᠨ ᠳᠤ ᠪᠠᠨ ᠪᠢ ᠲᠤᠩ ᠤᠮᠤᠭᠰᠢᠨ᠎ᠠ᠃ ᠬᠦᠨᠳᠤᠳᠤ ᠠᠪᠤ ᠮᠢᠨᠢ ᠪᠡᠶ᠎ᠡ ᠪᠠᠨ ᠬᠢᠴᠢᠶᠡᠭᠡᠷᠡᠢ︕                                   ᠠᠯᠢᠶ᠎ᠠ ᠬᠡᠦᠭᠡᠨ ᠴᠢᠨᠢ ᠠᠶᠢᠵᠠᠮ ᠠᠴᠠ ᠰᠦᠬᠦᠷᠡᠨ ᠶᠤᠰᠤᠯᠠᠪᠠ᠃                                                            2016.6.1 ᠤ ᠡᠳᠦᠷ        ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠶᠢ ᠳᠤᠷᠠᠰᠬᠠᠬᠤ ᠬᠡᠰᠢᠭᠲᠡᠨ ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠠᠩᠬ᠎ᠠ ᠳᠤᠮᠳᠠᠳᠤ ᠶᠢᠨ ᠳᠤᠭᠤᠶᠢᠯᠠᠩ ᠤᠨ ᠲᠡᠷᠢᠬᠦᠨ ᠳᠡᠰ ᠲᠤ ᠰᠢᠯᠭᠠᠷᠠᠪᠠ︶                
 
ᠢᠷᠡᠯᠲᠡ᠄ ᠬᠡᠰᠢᠭᠳᠡᠨ ᠬᠤᠰᠢᠭᠤᠨ ᠤ ︽ᠷᠤᠯᠭᠠᠷᠵᠠᠪ︾ ᠠᠷᠠᠳ ᠤᠨ ᠰᠤᠶᠤᠯ ᠤᠷᠠᠯᠢᠭ ᠤᠨ ᠨᠡᠶᠢᠬᠡᠮᠯᠢᠭ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号