ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠳᠤ ᠵᠤᠷᠢᠭᠤᠯᠤᠭᠰᠠᠨ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠳᠡᠭᠡᠳᠦ ᠳᠤᠮᠳᠠᠳᠤ ᠶᠢᠨ ᠳᠤᠭᠤᠶᠢᠯᠠᠩ ᠤᠨ ᠱᠠᠩᠨᠠᠯ ᠬᠦᠷᠳᠡᠭᠰᠡᠨ ᠪᠦᠳᠦᠬᠡᠯ ︵ᠭᠤᠷᠪᠠ︶
ᠨᠡᠶᠢᠲᠡᠯᠡᠭᠰᠡᠨ ᠴᠠᠭ᠄
2016-12-09
ᠨᠠᠪᠴᠢᠨ ᠳᠤ ᠡᠷᠬᠦᠬᠦ ᠲᠠᠭᠤᠤ                  ᠲᠡᠭᠡᠳᠦ ᠬᠤᠶᠠᠷ ᠤᠨ ᠲᠦᠷᠪᠡ    ᠰᠠᠴᠠᠨᠳᠤᠶᠠᠭ᠎ᠠ        ᠪᠤᠴᠠᠭᠠᠳ ᠪᠤᠴᠠᠭᠠᠳ ᠪᠠᠷᠠᠰᠢ ᠦᠭᠡᠢ ᠶᠠᠭᠠᠭᠢᠭᠰᠠᠨ ᠤᠷᠳᠤᠬᠠᠨ ᠨᠠᠮᠤᠷ ᠶᠤᠮ ᠳ᠋ᠠ︕        ᠠᠯᠢᠮᠠᠨ ᠰᠢᠷ᠎ᠠ ᠨᠠᠷᠠ ᠠᠭᠤᠯᠠᠨ ᠳᠠᠯᠳᠠ ᠤᠷᠤᠵᠤ᠂ ᠨᠠᠮᠤᠷ ᠤᠨ ᠰᠠᠷᠢᠬᠦᠨ ᠠᠮᠢᠰᠬᠤᠭ᠎ᠠ ᠳᠤ ᠨᠠᠪᠴᠢᠨ ᠲᠠᠯᠪᠢ ᠦᠶ᠎ᠠ ᠦᠶ᠎ᠠ ᠡᠭᠡ ᠭᠠᠵᠠᠷ ᠤᠨ ᠡᠯᠢᠭᠡᠨ ᠳᠤ ᠨᠡᠬᠦᠵᠡᠭᠡᠨ᠎ᠡ᠃        ᠪᠢ ᠴᠤ ᠠᠮᠠᠷᠠᠯᠳᠠ ᠶᠢᠨ ᠴᠢᠯᠤᠭᠡ ᠪᠠᠨ ᠤᠯᠵᠤ ᠠᠷᠤ ᠭᠡᠷ ᠲᠤ ᠪᠠᠨ ᠪᠤᠴᠠᠯ᠎ᠠ᠃ ᠲᠦᠷᠪᠡᠨ ᠵᠢᠯ ᠤᠨ ᠰᠤᠷᠤᠯᠭ᠎ᠠ ᠶᠢᠨ ᠠᠮᠢᠳᠤᠷᠠᠯ ᠤᠨ ᠡᠳᠤᠷ ᠬᠤᠨᠤᠭ ᠲᠦᠬᠦᠷᠴᠤ᠂ ᠠᠮᠢᠰᠬᠤᠯ ᠠᠪᠬᠤ ᠰᠠᠨᠠᠭ᠎ᠠ ᠲᠠᠢ ᠡᠭᠡ ᠨᠤᠳᠤᠭ  ᠢᠶᠠᠨ ᠡᠷᠢᠨ ᠰᠠᠨᠠᠭᠠᠯᠵᠠᠬᠤ ᠰᠡᠳᠭᠢᠯ ᠤᠨ ᠡᠷᠬᠡ ᠪᠠᠷ ᠨᠠᠷᠠᠨ ᠤ ᠵᠠᠯᠠᠭᠤ ᠪᠠᠷ ᠨᠤᠳᠤᠭ ᠤᠷᠤᠭᠤ ᠪᠠᠨ ᠶᠠᠭᠠᠷᠠᠨ ᠲᠠᠪᠬᠢᠯ᠎ᠠ᠃        ᠰᠦᠮᠡᠶᠢᠨ ᠰᠦᠮᠡᠶᠢᠨ ᠠᠯᠤᠰ ᠲᠠᠷᠳᠡᠭᠡ ᠠᠴᠠ ᠡᠭᠡ ᠨᠤᠳᠤᠭ ᠮᠢᠨᠢ ᠲᠤᠳᠤᠷᠠᠨ ᠲᠤᠳᠤᠷᠠᠭᠰᠠᠭᠠᠷ ᠦᠭᠡᠳᠠ  ᠠᠴᠠ ᠦᠷᠦᠴᠡ ᠪᠠᠨ ᠲᠡᠯᠭᠡᠨ ᠡᠬᠡ ᠶᠢᠨ ᠬᠠᠶᠢᠷ᠎ᠠ ᠶᠢ ᠰᠢᠪᠡᠨᠡᠵᠦ ᠤᠭᠳᠤᠯ᠎ᠠ᠃        ᠨᠤᠳᠤᠭ ᠲᠤ ᠪᠠᠨ ᠤᠶᠢᠷᠠᠳᠤᠬᠤ ᠲᠤᠳᠤᠮ ᠴᠠᠪᠡᠷ ᠠᠭᠠᠷ ᠲᠤᠨᠢ ᠵᠢᠷᠦᠬᠡ ᠰᠡᠳᠬᠢᠯ ᠤᠬᠢᠶᠠᠭᠳᠠᠵᠤ ᠦᠩᠬᠡ  ᠲᠠᠢ ᠨᠠᠮᠤᠷ ᠤᠨ ᠰᠠᠶᠢᠬᠠᠨ ᠪᠠᠶᠢᠭᠠᠯᠢ ᠳᠤᠨᠢ ᠡᠯᠢᠭᠡᠨ ᠬᠠᠶᠢᠷ᠎ᠠ ᠠᠷᠭᠠᠮᠵᠢᠭᠳᠠᠨ᠎ᠠ᠃        ᠡᠪᠤᠯᠵᠢᠶᠠᠨ ᠤ ᠪᠠᠨ ᠲᠠᠷᠭᠡᠳᠠ ᠬᠦᠷᠦᠭᠡᠳ ᠭᠡᠷ ᠤᠨ ᠢᠶᠠᠨ ᠡᠮᠤᠨᠡᠭᠢ ᠮᠤᠳᠤᠨ ᠲᠤᠤᠷ᠎ᠠ ᠤᠴᠢᠬᠤ ᠳᠤ ᠪᠤᠳᠤᠬᠤ ᠠᠴᠠ ᠤᠶᠠᠷᠠᠮ᠎ᠠ ᠬᠤᠯᠠ ᠶᠢᠨ ᠬᠤᠯᠠ ᠲᠠᠯ᠎ᠠ ᠶᠢᠨ ᠵᠠᠷᠭᠡᠯᠭᠡᠨ ᠤ ᠲᠤᠮᠳᠠ ᠨᠠᠪᠴᠢᠰ ᠤᠨ ᠤᠨᠠᠬᠤ ᠠᠶᠠᠰ  ᠲᠠᠢ ᠡᠵᠢ ᠮᠢᠨᠢ ᠨᠠᠶᠢᠭᠤᠨ᠎ᠠ᠃        ᠤᠶᠠᠷᠠᠭᠤᠨ ᠡᠶᠡᠪᠡᠷᠬᠦᠤ ᠡᠵᠢ ᠬᠦᠮᠤᠨ ᠤ ᠬᠠᠶᠢᠷ᠎ᠠ ᠮᠢᠨᠤ ᠰᠡᠳᠬᠢᠯ ᠤᠨ ᠨᠠᠷᠠ ᠪᠢᠯᠠ᠃        ᠪᠠᠷᠠᠭᠤᠨ ᠠᠭᠤᠯᠠᠨ ᠤ ᠲᠤᠯᠤᠭᠠᠢ ᠳᠤ ᠨᠠᠷᠠ ᠵᠢᠷᠭᠠᠬᠤ ᠰᠢᠬᠠᠬᠤ ᠳᠤ ᠮᠤᠳᠤᠳ ᠤᠨ ᠲᠤᠤᠷ᠎ᠠ ᠡᠵᠢ ᠲᠠᠢ  ᠪᠠᠨ ᠬᠠᠮᠳᠤ ᠤᠨᠠᠭᠰᠠᠨ ᠰᠢᠷᠭᠠᠯ ᠨᠠᠪᠴᠢᠰ ᠢ ᠲᠠᠬᠦᠵᠤ ᠡᠯᠢᠭᠡᠨ ᠳᠤ ᠪᠠᠨ ᠨᠠᠭᠠᠵᠤ ᠲᠠᠭᠢᠨ ᠡᠭᠡ ᠭᠠᠵᠠᠷ ᠤᠨ ᠡᠯᠢᠭᠡᠨ  ᠳᠤ ᠠᠶᠠᠷᠬᠠᠨ ᠪᠤᠴᠠᠭᠠᠵᠤ ᠨᠠᠮᠤᠷ ᠤᠨ ᠨᠠᠪᠴᠢ ᠡᠬᠡ ᠭᠠᠵᠠᠷ ᠲᠤ ᠪᠠᠨ ᠰᠢᠮ᠎ᠡ ᠪᠤᠯᠤᠨ ᠰᠢᠩᠭᠡᠳᠡᠭ ᠤᠨ ᠤᠴᠢᠷ ᠢ ᠡᠵᠢ ᠮᠢᠨᠢ ᠨᠠᠳᠠ ᠲᠠᠨᠢᠭᠤᠯᠵᠤ᠂ ᠪᠢ ᠬᠠᠶᠢᠷ᠎ᠠ ᠪᠠᠨ ᠡᠬᠡ ᠲᠡᠯᠡᠬᠡᠢ ᠳᠤ ᠪᠠᠨ ᠲᠡᠭᠡᠵᠤ ᠬᠠᠳᠠᠭᠠᠯᠠᠵᠤ ᠲᠠᠯᠪᠢᠭᠰᠠᠨ ᠪᠢᠯᠡ︕ ᠰᠡᠳᠭᠢᠯ ᠤᠨ ᠦᠨᠳᠤᠷ ᠲᠤ ᠨᠠᠷᠠ ᠬᠤᠷᠭᠤᠳᠠᠳᠠᠭ ᠰᠠᠶᠢᠬᠠᠨ ᠠᠮᠢᠳᠤᠷᠠᠯ ᠳᠤ ᠪᠠᠨ ᠰᠤᠭᠳᠤᠭᠤᠷᠠᠨ ᠰᠠᠭᠤᠳᠠᠯ᠎ᠠ ᠵᠢᠪᠡᠷ ᠰᠠᠯᠭᠢᠨ ᠤ ᠠᠶ᠎ᠠ ᠪᠠᠷ ᠦᠨᠦᠴᠢᠨ ᠨᠠᠪᠴᠢ ᠡᠪᠤᠳᠤᠭ᠌ ᠲᠠᠭᠡᠷ᠎ᠠ ᠮᠢᠨᠢ ᠤᠨᠠᠯ᠎ᠠ ᠁ ᠬᠠᠷᠠᠵᠤ ᠬᠠᠷᠠᠭᠠᠳ ᠡᠩᠭᠦᠷᠡᠢ ᠨᠠᠪᠴᠢᠨ ᠳᠤ ᠰᠡᠳᠬᠢᠯᠭᠡ ᠪᠠᠨ ᠰᠢᠪᠡᠨᠡᠵᠤ ᠦᠪᠡᠷ ᠤᠨ ᠡᠷᠭᠡ ᠦᠭᠡᠢ ᠲᠠᠷᠠ ᠨᠠᠪᠴᠢᠨ ᠲᠠᠭᠡᠷ᠎ᠠ ᠨᠢᠯᠪᠦᠰᠦ ᠮᠢᠨᠢ ᠰᠤᠪᠤᠷᠠᠨ ᠪᠠᠭᠤᠯ᠎ᠠ᠂᠂᠂᠂ ᠪᠢ ᠪᠤᠯᠪᠠᠷᠠᠶᠢᠬᠠᠨ ᠨᠠᠪᠴᠢ ᠶᠢ ᠬᠢᠴᠢᠶᠡᠩᠬᠡᠨ ᠪᠠᠶᠢᠵᠤ᠂ ᠡᠭᠡ ᠭᠠᠵᠠᠷ  ᠤᠨ ᠢᠶᠠᠨ ᠡᠯᠢᠭᠡᠨ ᠳᠤ ᠨᠠᠭᠠᠯᠳᠤᠭᠤᠯᠤᠨ ᠲᠠᠯᠪᠢᠯ᠎ᠠ᠃        ᠪᠤᠳᠤᠯ ᠳᠠᠭᠠᠨ ᠲᠠᠷᠤᠭᠳᠠᠨ ᠤᠷᠮ᠎ᠠ ᠮᠭᠤᠳᠠᠶᠢᠬᠠᠨ ᠭᠡᠷ ᠲᠤ ᠪᠠᠨ ᠤᠷᠤᠶ᠎ᠠ ᠭᠡᠵᠤ ᠡᠷᠭᠢᠳᠠᠯ᠎ᠠ ᠭᠡᠳᠤᠨ ᠬᠠᠷ᠎ᠠ ᠲᠠᠷᠭᠡ ᠡᠮᠤᠨᠡᠬᠦᠷ ᠲᠤᠭᠤᠰᠤ ᠮᠠᠨᠠᠷᠠᠭᠤᠯᠤᠨ ᠦᠩᠭᠡᠷᠡᠵᠤ ᠭᠠᠷᠤᠯ᠎ᠠ᠃ ᠡᠨᠡ ᠬᠦ ᠪᠠᠶᠢᠳᠠᠯ ᠢ ᠬᠠᠷᠠᠭᠠᠳ ᠲᠤᠯᠤᠭᠠᠢ ᠲᠦᠨᠡᠷᠡᠬᠦ‍ ᠰᠢᠭ ᠪᠤᠯᠤᠭᠰᠠᠨ ᠢᠶᠠᠨ ᠬᠤᠯᠠ ᠶᠢ ᠬᠠᠷᠠᠵᠤ ᠴᠢᠯᠡᠭᠡ ᠪᠠᠨ ᠲᠠᠶᠢᠯᠬᠤ ᠰᠠᠨᠠᠭ᠎ᠠ ᠲᠠᠢ ᠬᠠᠷᠠᠭ᠎ᠠ ᠰᠤᠩᠭᠠᠳᠠᠯ᠎ᠠ ᠦᠨᠤᠭᠢ ᠬᠦᠨᠳᠠᠶᠢᠷᠡᠨ ᠬᠦᠩᠭᠡᠶᠢᠭᠰᠠᠨ ᠠᠯᠤᠰ ᠤᠨ ᠠᠭᠤᠯᠠᠰ ᠨᠠᠳᠠ ᠠᠴᠠ ᠦᠷᠢ ᠨᠡᠭᠡᠵᠤ ᠪᠠᠶᠢᠮᠠᠷ ᠠᠶᠤᠮᠰᠢᠭᠳᠠᠢ ᠠᠩᠭᠠᠶᠢᠨ᠎ᠠ᠃ ᠪᠢ ᠶᠠᠭᠤ ᠨᠢᠭᠡ ᠪᠠᠷ ᠦᠪᠡᠷ ᠲᠤ ᠪᠠᠨ ᠲᠠᠶᠢᠳᠬᠠᠷᠠᠭᠤᠯᠤᠯ ᠤᠯᠭᠤᠬᠤ ᠰᠠᠨᠠᠭ᠎ᠠ ᠲᠠᠢ ᠦᠨᠳᠦᠷ ᠵᠦᠭ ᠠᠯᠬᠤᠯᠠᠯ᠎ᠠ᠃ ᠬᠦᠩᠭᠡᠨ ᠰᠠᠯᠭᠢ ᠦᠨᠤᠭᠢ ᠨᠠᠪᠴᠢ ᠶᠢ ᠬᠤᠶᠢᠯᠠᠷᠠᠭᠤᠯᠤᠨ ᠭᠡᠶᠢᠰᠭᠡᠵᠤ ᠠᠯᠤᠰ ᠬᠤᠯᠠᠭᠢ ᠠᠭᠤᠯᠠ ᠶᠢᠨ ᠬᠤᠪᠠᠭ᠋ᠠᠢ ᠬᠦᠨᠳᠠᠢ ᠶᠢᠨ ᠠᠮᠠ ᠶᠢ ᠰᠠᠬᠢᠵᠤ ᠵᠡᠷᠭᠡᠯᠭᠡᠨ ᠲᠤᠮᠳᠠ ᠠᠴᠠ ᠨᠠᠮ᠎ᠠ ᠶᠢ ᠲᠠᠯᠠᠯᠤᠨ᠎ᠠ        ᠡᠵᠢ ᠨᠤᠳᠤᠭ ᠬᠤᠶᠠᠷ ᠤᠨ ᠢᠶᠠᠨ ᠦᠷᠤᠪᠴᠢᠭᠡᠨ ᠬᠠᠶᠢᠷ᠎ᠠ ᠶᠢᠨ ᠬᠠᠷᠢᠭᠤ ᠳᠤ ᠶᠠᠭᠤ ᠨᠢᠭᠡ ᠭᠢᠬᠦ ᠴᠢᠬᠤᠯᠠᠳᠠᠢ ᠪᠤᠯᠤᠭᠰᠠᠨ ᠢᠶᠠᠨ ᠪᠢ ᠮᠡᠳᠡᠷᠡᠵᠦ ᠡᠬᠢᠯᠡᠪᠡ᠃        ᠦᠷᠭᠡᠨ ᠬᠤᠷᠸ᠎ᠠ ᠳᠤ ᠭᠠᠭᠴᠠᠬᠠᠨ ᠤᠯᠳᠠᠭᠰᠠᠨ ᠡᠵᠢ ᠶᠢᠨ ᠢᠶᠠᠨ ᠢᠳᠡᠷ ᠨᠠᠰᠤᠨ ᠤ ᠭᠢᠨᠢ ᠡᠷᠡᠬᠦᠯ ᠮᠡᠨᠳᠤ  ᠶᠢ ᠬᠠᠮᠭᠠᠯᠠᠵᠤ ᠴᠢᠳᠠᠭᠰᠠᠨ ᠦᠭᠡᠢ ᠳᠤ ᠪᠠᠨ ᠦᠷᠤᠴᠠ ᠵᠢᠷᠤᠭᠡ ᠮᠢᠨᠢ ᠡᠳᠤᠢ ᠪᠤᠯᠳᠠᠯ᠎ᠠ ᠠᠮᠤᠷᠵᠢᠬᠤ ᠦᠭᠡᠢ ᠭᠠᠩᠰᠠᠯᠭᠠᠵᠤ ᠪᠠᠶᠢᠬᠤ ᠶᠢᠨ ᠲᠠᠭᠡᠷ᠎ᠡ ᠡᠭᠡ ᠨᠤᠳᠤᠭ ᠢ ᠮᠢᠨᠢ ᠤᠩᠭᠤ ᠴᠤᠩᠭᠤ ᠪᠤᠯᠭᠠᠵᠤ ᠪᠠᠶᠢᠭ᠎ᠠ ᠠᠭᠤᠷᠬᠠᠢ ᠨᠡᠭᠡᠭᠡᠯᠳᠡ ᠶᠢᠨ ᠲᠤᠭᠰᠢᠨ ᠰᠢᠭᠤᠷᠭ᠎ᠠ ᠵᠤᠭᠰᠤᠰᠢ ᠦᠭᠡᠢ ᠲᠡᠭᠳᠡᠵᠦ᠂ ᠡᠷᠢᠶᠡᠨ ᠠᠯᠠᠭ ᠪᠤᠯᠤᠭᠰᠠᠨ ᠨᠤᠳᠤᠭ ᠤᠨ ᠮᠢᠨᠢ ᠰᠦᠨᠡᠰᠦ ᠠᠮᠢᠨ ᠬᠡᠷᠡᠭ ᠨᠡᠬᠡᠵᠦ ᠪᠠᠶᠢᠮᠠᠷ ᠬᠤᠯᠠ ᠠᠴᠠ ᠰᠡᠬᠦᠶᠢᠨ᠎ᠡ᠃        ᠬᠤᠯᠠ ᠶᠢᠨ ᠲᠠᠷᠳᠡᠭᠡ ᠳᠤ ᠠᠮᠢᠵᠢᠷᠠᠯ ᠪᠢᠯᠬᠠᠭᠰᠠᠨ ᠴᠡᠩᠬᠡᠷ ᠠᠶᠠᠯᠭᠤᠨ ᠳᠤ ᠤᠨᠡᠨ ᠪᠤᠰᠤᠨ ᠵᠢᠳᠬᠦᠭᠰᠠᠭᠡᠷ ᠢᠷᠡᠭᠰᠠᠨ ᠮᠢᠨᠤ ᠰᠡᠳᠬᠢᠯ ᠪᠤᠳᠤᠯ ᠢᠶᠠᠷ ᠢᠶᠠᠨ ᠪᠢᠰᠢ ᠰᠦᠭ ᠰᠦᠨᠡᠰᠦ ᠪᠠᠷ ᠢᠶᠠᠨ ᠤᠳᠠᠳᠠᠯ᠎ᠠ ᠡᠮᠵᠡᠭᠯᠡᠪᠡ᠂᠂᠂᠂ ᠡᠭᠡ ᠭᠠᠵᠠᠷ ᠤᠨ ᠵᠢᠷᠤᠭᠡ᠂ ᠠᠮᠢᠨ ᠬᠤᠯᠪᠤᠭᠠᠳᠠᠢ ᠡᠵᠢ ᠮᠢᠨᠢ ᠲᠠ ᠲᠦᠷᠤᠯᠭᠢ ᠨᠤᠳᠤᠭ ᠤᠨ ᠠᠮᠢᠨ ᠰᠠᠭᠢᠶ᠎ᠠ ᠮᠦᠩᠭᠡ  ᠶᠢᠨ ᠰᠢᠳᠤᠭᠡᠨ ᠪᠠᠶᠢᠵᠠᠢ ᠡ︕        ᠨᠤᠳᠤᠭ᠂ ᠡᠵᠢ ᠶᠢᠨ ᠢᠶᠠᠨ ᠲᠤᠯᠠᠭᠠᠨ ᠪᠦᠤᠪᠠᠢ ᠳᠤ ᠲᠠᠭᠠᠯᠠᠭᠳᠠᠨ ᠦᠰᠦᠭᠰᠡᠨ ᠪᠢ ᠲᠠᠨ ᠳᠤ ᠪᠠᠨ ᠲᠠᠭᠤᠤ ᠪᠠᠨ ᠡᠷᠭᠦᠵᠦ ᠪᠠᠶᠢᠨ᠎ᠠ︕ ᠲᠠᠭᠤᠨ ᠳᠤ ᠤᠶᠠᠷᠠᠬᠤ ᠬᠤᠷᠸ᠎ᠠ ᠶᠢᠨ ᠰᠠᠶᠢᠬᠠᠨ ᠳᠤ ᠲᠠᠭᠤᠯᠠᠬᠤ ᠲᠤᠷᠠᠳᠠᠢ ᠮᠢᠨᠤ ᠮᠤᠩᠭᠤᠯ ᠨᠤᠳᠤᠭ ᠶᠤᠤᠯᠠᠵᠤ ᠬᠠᠶᠢᠯᠠᠵᠤ ᠰᠢᠪᠡᠨᠡᠵᠤ ᠪᠠᠶᠢᠨ᠎ᠠ᠃ ᠪᠢ ᠨᠤᠳᠤᠭ ᠤᠨ ᠢᠶᠠᠨ ᠰᠢᠷᠬ᠎ᠠ ᠰᠤᠷᠪᠢ ᠶᠢ ᠡᠳᠡᠭᠡᠬᠦ ᠵᠤᠷ ᠡᠷᠢᠵᠤ ᠲᠡᠭᠷᠢ ᠳᠤ ᠲᠠᠭᠠᠳᠬᠠᠯ᠎ᠠ —  ᠨᠠᠷᠠ ᠲᠤᠯᠠᠶᠢᠵᠤ ᠬᠤᠷᠸ᠎ᠠ ᠲᠡᠨᠢᠢᠨ ᠬᠤᠷ᠎ᠠ ᠪᠠᠭᠤᠵᠤ ᠡᠬᠢᠯᠡᠪᠡ᠂᠂᠂᠂ ᠮᠢᠨᠤ ᠮᠤᠩᠭᠤᠯ ᠤᠷᠤᠨ ᠲᠡᠭᠷᠢ᠂ ᠨᠠᠷᠠᠨ ᠳᠠᠭᠠᠨ ᠲᠤᠶᠢᠯ ᠤᠨ ᠦᠨᠡᠨᠴᠢ ᠪᠠᠶᠢᠳᠠᠭ ᠰᠠᠨ︕        ᠨᠠᠪᠴᠢ ᠮᠢᠨᠢ ᠰᠡᠳᠬᠢᠯ ᠤᠨ ᠮᠡᠳᠡᠭᠴᠢ ᠪᠤᠯᠵᠤ ᠨᠢᠰᠦᠨ ᠪᠠᠭᠤᠭᠰᠠᠭᠠᠷ ᠡᠭᠡ ᠭᠠᠵᠠᠷ ᠢ ᠢᠯᠪᠢᠨ ᠢᠯᠪᠢᠨ ᠲᠠᠭᠢᠨ ᠠᠯᠠᠭᠠᠨ ᠲᠠᠭᠡᠷ᠎ᠠ ᠪᠠᠭᠤᠯ᠎ᠠ ᠁ ᠲᠠᠬᠦᠨ ᠢ ᠪᠠᠨ ᠦᠷᠦᠪᠳᠡᠨ ᠬᠠᠶᠢᠷᠠᠯᠠᠵᠤ᠂ ᠬᠤᠪᠢ ᠵᠠᠶᠠᠭ᠎ᠠ ᠨᠢᠭᠡᠳᠦᠨ  ᠳᠤ ᠪᠠᠨ ᠰᠡᠳᠬᠢᠯ ᠤᠨ ᠦᠭᠡ ᠪᠠᠨ ᠲᠠᠮᠵᠢᠭᠤᠯᠤᠨ ᠡᠭᠡ ᠭᠠᠵᠠᠷ ᠤᠨ ᠢᠶᠠᠨ ᠡᠯᠢᠭᠡᠨ ᠳᠤ ᠪᠤᠴᠠᠭᠠᠨ ᠬᠠᠳᠠᠭᠠᠯᠠᠯ᠎ᠠ᠃        ᠨᠠᠷᠠᠯᠠᠭ ᠬᠤᠷᠸ᠎ᠠ ᠳᠤ ᠨᠠᠪᠴᠢ ᠴᠡᠴᠡᠭ ᠮᠦᠰᠢᠶᠠᠨ ᠲᠠᠯᠭᠡᠷᠡᠵᠤ᠂ ᠨᠠᠷᠠᠳᠤ ᠶᠢᠨ ᠵᠠᠢ ᠳᠤ ᠠᠮᠢᠳᠠᠨ ᠭᠤᠤᠯᠳᠠᠨ ᠡᠷᠭᠡ ᠲᠠᠷᠬᠠᠨ ᠬᠦᠷᠤᠪᠵᠢᠨ ᠲᠤᠷᠨᠢᠵᠤ᠂ ᠪᠢ ᠦᠪᠡᠷ ᠤᠨ ᠡᠷᠬᠡ ᠦᠭᠡᠢ ᠠᠮᠢ ᠨᠠᠰᠤᠨ ᠤ ᠤᠷᠢ ᠲᠠᠭᠤᠨ  ᠢ ᠬᠠᠶᠢᠷᠠᠯᠠᠮᠤ ᠭᠡᠵᠤ ᠨᠠᠮ ᠲᠠᠭᠠᠳᠬᠠᠯ᠎ᠠ᠃        ᠨᠠᠪᠴᠢ ᠮᠢᠨᠢ ᠤᠷᠭᠢᠯᠤᠮ᠎ᠠ ᠬᠠᠯᠠᠭᠤᠨ ᠰᠡᠳᠭᠢᠯ ᠤᠨ ᠲᠠᠭᠤᠤ ᠶᠢ ᠰᠢᠩᠭᠡᠭᠡᠵᠤ᠂ ᠦᠷ᠎ᠠ ᠳᠤ ᠪᠠᠨ ᠯᠠ ᠭᠡᠰᠡᠨ ᠡᠬᠡ ᠶᠢᠨ ᠠᠭᠤᠤ ᠬᠠᠶᠢᠷ᠎ᠠ᠂ ᠡᠵᠡᠨ ᠢᠶᠠᠨ ᠯᠠ ᠭᠡᠬᠦ ᠨᠤᠳᠤᠭ ᠤᠨ ᠦᠭᠭᠢᠶᠡᠮᠦᠷ ᠬᠠᠶᠢᠷ᠎ᠠ ᠶᠢ ᠡᠬᠡ ᠲᠡᠯᠡᠬᠡᠢ  ᠶᠢᠨ ᠨᠠᠷᠠ ᠲᠠᠢ ᠭᠠᠵᠠᠷ ᠪᠤᠯᠭᠠᠨ ᠳᠤ ᠰᠠᠴᠤᠬᠤ ᠪᠤᠯᠤᠭᠠᠰᠠᠢ︕        ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠶᠢ ᠳᠤᠷᠠᠰᠬᠠᠬᠤ ᠬᠡᠰᠢᠭᠲᠡᠨ ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠳᠡᠬᠡᠳᠦ ᠳᠤᠮᠳᠠᠳᠤ ᠶᠢᠨ ᠳᠤᠭᠤᠶᠢᠯᠠᠩ ᠤᠨ ᠭᠤᠷᠪᠠᠳᠤᠭᠠᠷ ᠳᠡᠰ ᠲᠤ ᠰᠢᠯᠭᠠᠷᠠᠪᠠ︶                                                                    
 
ᠢᠷᠡᠯᠲᠡ᠄ ᠬᠡᠰᠢᠭᠳᠡᠨ ᠬᠤᠰᠢᠭᠤᠨ ᠤ ︽ᠷᠤᠯᠭᠠᠷᠵᠠᠪ︾ ᠠᠷᠠᠳ ᠤᠨ ᠰᠤᠶᠤᠯ ᠤᠷᠠᠯᠢᠭ ᠤᠨ ᠨᠡᠶᠢᠬᠡᠮᠯᠢᠭ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号