| | | ᠬᠠᠶᠢᠷ᠎ᠠ ᠶᠢᠨ ᠭᠠᠷᠠᠮ — ᠭᠡᠷ ᠪᠥᠯᠢ | | ᠲᠡᠭᠡᠳᠦ ᠬᠤᠶᠠᠷ ᠤᠨ ᠬᠤᠶᠠᠷ ᠲᠤᠳᠤ | | | | | ᠰᠥᠨᠢ᠃ | ᠴᠠᠶᠢᠷᠠᠨ ᠪᠠᠭᠤᠬᠤ ᠴᠠᠰᠤᠨ ᠯᠠᠪᠰᠠ᠂ ᠲᠡᠷᠡ ᠨᠢᠭᠡᠨ ᠲᠡᠮᠡᠬᠢᠨ ᠭᠠᠯ ᠲᠠᠢ ᠬᠠᠮᠲᠤ ᠬᠠᠷᠠᠩᠭᠤᠢ ᠪᠠᠷᠠᠭᠠᠨ ᠤ | ᠳᠤᠮᠳᠠᠬᠢ ᠤᠨᠴᠠ ᠶᠢᠨ ᠢᠯᠭᠠᠷᠠᠯ ᠪᠤᠯᠵᠤ ᠪᠠᠶᠢᠯ᠎ᠠ᠃ | ᠲᠡᠮᠡᠢ ᠤᠳᠠᠯ ᠥᠭᠡᠢ ᠵᠢᠵᠭᠬᠡᠨ ᠤᠯᠠᠭᠠᠨ ᠭᠡᠷᠡᠯ ᠡᠷ᠎ᠡ ᠬᠥᠮᠥᠨ ᠤ ᠲᠤᠮᠤ ᠬᠤᠶᠠᠷ ᠬᠤᠷᠤᠭᠤ ᠶᠢᠨ | ᠬᠥᠩᠭᠡᠬᠡᠨ ᠨᠢᠰᠤᠯᠠᠯᠲᠠ ᠪᠠᠷ ᠴᠠᠰᠤᠨ ᠳᠤ ᠱᠠᠷ — ᠭᠡᠬᠦ ᠵᠥᠭᠡᠯᠡᠨ ᠳᠠᠭᠤᠨ ᠢᠶᠠᠷ ᠤᠷᠤ ᠲᠠᠰᠤ ᠪᠤᠯᠪᠠ᠃ | ᠱᠤᠷᠤᠩ ᠠᠴᠠ ᠰᠤᠯᠯᠠᠭᠳᠠᠭᠠᠳ ᠬᠤᠶᠠᠷ ᠡᠳᠥᠷ ᠪᠤᠯᠴᠢᠬᠠᠯ᠎ᠠ᠃ ᠤᠷᠤᠬᠤ ᠠᠴᠠ ᠡᠮᠥᠨ᠎ᠡ ᠡᠮᠥᠰᠴᠤ | ᠬᠡᠷᠡᠭᠯᠡᠵᠤ ᠪᠠᠶᠢᠭᠰᠠᠨ ᠪᠥᠬᠦᠨ ᠢ ᠤᠤᠯ ᠶᠤᠰᠤᠭᠠᠷ ᠪᠤᠴᠠᠭᠠᠭᠰᠠᠨ ᠲᠤᠯᠠ ᠲᠡᠷᠡ ᠰᠤᠷᠤᠮᠠᠷ ᠲᠠᠮᠠᠬᠢ᠂ ᠭᠠᠯᠯᠠᠮᠠᠷ ᠭᠠᠯ | ᠲᠠᠢ ᠪᠠᠶᠢᠯ᠎ᠠ᠃ ᠬᠤᠶᠠᠷ ᠵᠢᠯ ᠤᠨ ᠡᠮᠦᠨ᠎ᠡ ᠠᠵᠢᠯ ᠬᠢᠵᠤ ᠵᠤᠭᠤᠰ ᠤᠯᠤᠨ᠎ᠠ ᠬᠡᠮᠡᠨ ᠬᠥᠳᠡᠭᠡ ᠶᠢᠨ ᠪᠤᠷᠤ ᠬᠦᠦ | ᠵᠠᠩᠴᠠᠨ ᠬᠤᠲᠠ ᠳᠤ ᠢᠷᠡᠭᠰᠡᠨ ᠶᠤᠮ᠃ ᠴᠠᠶᠢᠯᠭᠠᠨ ᠴᠠᠭᠠᠪᠤᠷᠢ ᠬᠦᠦ ᠪᠤᠰᠤᠳ ᠤᠨ ᠮᠡᠬᠡᠨ ᠳᠤ ᠤᠨᠠᠵᠤ ᠬᠥᠮᠥᠨ ᠤ | ᠤᠷᠤᠨ ᠳᠤ ᠱᠤᠷᠤᠩ ᠤᠨ ᠮᠤᠬᠤᠷ ᠨᠢᠭᠡ ᠵᠢᠯ ᠰᠠᠬᠢᠪᠠ᠃ ᠬᠤᠲᠠ ᠤᠷᠤᠬᠤ ᠠᠴᠠ ᠡᠮᠥᠨ᠎ᠡ᠄ ︽ᠡᠵᠢ ᠡ᠂ ᠬᠦᠦ | ᠪᠠᠨ ᠬᠦᠯᠢᠶᠡᠵᠤ ᠪᠠᠶᠢᠭᠠᠷᠠᠢ︕ ᠵᠢᠯ ᠪᠤᠯᠪᠠᠯ ᠬᠦᠦ ᠨᠢ ᠲᠠ ᠬᠤᠶᠠᠷ ᠲᠤ ᠪᠠᠨ ᠬᠤᠲᠠ ᠶᠢᠨ ᠠᠮᠢᠳᠤᠷᠠᠯ | ᠡᠳ᠋ᠯᠡᠭᠦᠯᠦᠨ᠎ᠡ︕︾ ᠭᠡᠵᠤ ᠤᠮᠤᠭᠲᠠᠶᠢᠬᠠᠨ ᠬᠡᠯᠡᠭᠡᠳ ᠲᠡᠷᠭᠡᠨ ᠦᠷᠲᠡᠭᠡ ᠤᠷᠤᠭᠤ ᠶᠠᠪᠤᠭᠰᠠᠨ ᠶᠤᠮ᠃ | ᠠᠪᠤ ᠡᠵᠢ ᠬᠤᠶᠠᠷ ᠨᠢ ᠴᠤ ᠬᠦᠦ ᠮᠢᠨᠢ ᠵᠢᠯ ᠪᠤᠯᠪᠠᠯ ᠢᠷᠡᠬᠦ ᠪᠠᠶᠢᠯᠭᠦᠢ ᠭᠡᠵᠤ ᠢᠳᠡᠭᠡᠭᠰᠡᠭᠡᠷ᠂ ᠮᠥᠨᠴᠤ | ᠬᠦᠯᠢᠶᠡᠭᠰᠡᠭᠡᠷ ᠪᠠᠶᠢᠯ᠎ᠠ᠃ | ᠯᠠᠪᠰᠠᠯᠠᠨ ᠪᠠᠭᠤᠬᠤ ᠴᠠᠰᠤ᠂ ᠰᠥᠨᠢ ᠶᠢᠨ ᠵᠢᠪᠠᠷ ᠢ ᠳᠠᠭᠠᠭᠤᠯᠤᠨ ᠵᠠᠩᠴᠠᠨ ᠤ ᠨᠢᠮᠭᠡᠨ ᠨᠤᠤᠰᠤᠨ | ᠬᠠᠨᠲᠠᠭᠠᠰᠤ ᠤᠷᠤᠭᠤ ᠨᠢ ᠬᠦᠷᠮ᠎ᠡ ᠶᠢ ᠨᠢ ᠨᠡᠪᠲᠡᠯᠦᠨ ᠳᠠᠭᠠᠷᠠᠭᠤᠯᠵᠤ ᠡᠬᠢᠯᠡᠯ᠎ᠡ᠃ ᠠᠯᠠᠭ᠎ᠠ ᠪᠠᠨ ᠱᠥᠷᠭᠦᠭᠡᠨ ᠠᠮᠠᠨ | ᠤ ᠪᠠᠨ ᠠᠭᠤᠷ ᠠᠴᠠ ᠢᠯᠴᠢ ᠠᠪᠬᠤ ᠭᠡᠰᠡᠨ ᠴᠤ ᠲᠤᠰᠠ ᠪᠤᠯᠬᠤ ᠶᠠᠭᠤᠮ᠎ᠠ ᠪᠢᠰᠢ ᠪᠠᠶᠢᠯ᠎ᠠ᠃ ᠶᠠᠭ ᠡᠨᠡ ᠥᠶ᠎ᠡ ᠳᠤ | ᠵᠠᠩᠴᠠᠨ ᠳᠤ ᠱᠤᠷᠤᠩ ᠤᠨ ᠮᠥᠯᠢᠭᠦᠨ ᠤᠷᠤᠨ ᠳᠡᠭᠡᠷ᠎ᠡ ᠳᠠᠭᠵᠠᠨ ᠪᠠᠶᠢᠵᠤ ᠤᠨᠲᠠᠬᠤ ᠳᠤ ᠵᠡᠭᠦᠳᠦᠨ ᠳᠤ ᠨᠢ | ᠬᠦᠷᠲᠡᠯ᠎ᠡ ᠠᠩᠭᠢᠯᠤᠵᠤ ᠪᠠᠶᠢᠭᠰᠠᠨ ᠡᠵᠢ ᠶᠢᠨ ᠴᠢᠨᠠᠭᠰᠠᠨ ᠠᠶᠠᠭ᠎ᠠ ᠬᠠᠯᠠᠭᠤᠨ ᠴᠠᠢ ᠰᠠᠨᠠᠭᠳᠠᠪᠠ᠃ | ᠮᠥᠨᠴᠤ ᠡᠪᠦᠯ ᠪᠠᠶᠢᠭᠰᠠᠨ᠃ ᠬᠦᠢᠲᠡᠨ ᠰᠢᠭᠤᠷᠭ᠎ᠠ ᠶᠢᠨ ᠵᠢᠬᠡᠭᠦᠨ ᠭᠤᠶᠠᠳᠠᠯᠭᠠᠨ ᠳᠤ ᠰᠤᠷᠠᠭ | ᠲᠠᠰᠤᠷᠠᠭᠰᠠᠨ ᠬᠤᠨᠢᠳ ᠢᠶᠠᠨ ᠳᠥᠩᠭᠡᠵᠤ ᠡᠷᠢᠵᠤ ᠤᠯᠤᠨ ᠭᠡᠷ ᠲᠡᠭᠡᠨ ᠪᠤᠴᠠᠭᠠᠳ ᠢᠷᠡᠬᠦ ᠳᠤ ︽ᠮᠢᠨᠤ ᠬᠦᠦ | ᠬᠤᠨᠢᠳ ᠢᠶᠠᠨ ᠤᠯᠪᠠ ᠤᠤ︖ ᠲᠠᠭᠠᠷᠠᠭᠰᠠᠨ ᠪᠢᠵᠠ︖ ᠬᠠᠯᠠᠭᠤᠨ ᠴᠠᠢ ᠤᠭᠤᠤ︕︾ ᠭᠡᠬᠦ ᠳᠤ ᠨᠢ ᠡᠵᠢ | ᠶᠢᠨ ᠰᠠᠶᠢᠬᠠᠨ ᠴᠠᠢ ᠬᠠᠭᠠᠷᠢᠭᠳᠠᠭᠰᠠᠨ ᠪᠥᠬᠦ ᠪᠡᠶ᠎ᠡ ᠶᠢᠨ ᠵᠢᠪᠠᠷ ᠢ ᠬᠦᠭᠡᠭᠡᠵᠦ ᠬᠠᠮᠤᠭ ᠪᠡᠶ᠎ᠡ ᠨᠢ ᠨᠢᠯᠴᠢᠬᠢᠨᠡᠬᠡᠳ | ᠪᠠᠶᠢᠭᠰᠠᠨ ᠶᠤᠮ ᠳ᠋ᠠ᠃ | ᠬᠤᠲᠠ ᠶᠢᠨ ᠡᠷᠢᠶᠠᠨ ᠮᠠᠷᠢᠶᠠᠨ ᠢ ᠬᠠᠮᠤᠭ ᠠᠴᠠ ᠰᠠᠶᠢᠨ ᠰᠠᠶᠢᠬᠠᠨ ᠳᠤ ᠦᠵᠡᠵᠤ ᠪᠤᠭᠴᠤ ᠪᠠᠨ ᠮᠥᠷᠥᠯᠡᠨ | ᠂ ᠵᠤᠭᠤᠰ ᠤᠯᠤᠨ᠎ᠠ ᠭᠡᠰᠡᠨ ᠭᠡᠨᠡᠨ ᠪᠤᠳᠤᠯ ᠢᠶᠠᠷ ᠬᠤᠳᠠ ᠤᠷᠤᠭᠰᠠᠨ ᠬᠦᠦ ᠵᠠᠩᠴᠠᠨ ᠳᠡᠮᠡᠢ ᠤᠳᠠᠯ ᠦᠭᠡᠢ | ᠬᠤᠳᠠ ᠶᠢᠨ ᠳᠡᠪᠵᠢᠶᠡᠨ ᠨᠠᠷᠭᠢᠶᠠᠨᠲᠤ ᠠᠮᠢᠳᠤᠷᠠᠯ ᠢ ᠡᠭ᠍ᠳᠡᠭᠦᠴᠡᠵᠤ ᠡᠬᠢᠯᠡᠭᠰᠡᠨ ᠶᠤᠮ᠃ ᠬᠥᠮᠥᠨ ᠤ ᠰᠢᠨᠠᠭᠠᠨ | ᠳᠤᠤᠷ᠎ᠠ ᠠᠶᠠᠭ᠎ᠠ ᠲᠤᠰᠴᠤ᠂ ᠬᠦᠯᠥᠰᠦᠨ ᠠᠵᠢᠯ ᠤᠨ ᠨᠢᠮᠭᠡᠬᠡᠨ ᠬᠡᠳᠦᠨ ᠮᠥᠩᠭᠦ ᠶᠢ ᠤᠯᠬᠤ ᠭᠡᠵᠤ ᠴᠢᠷᠮᠠᠶᠢᠨ | ᠠᠵᠢᠯᠯᠠᠵᠤ ᠪᠠᠶᠢᠭᠰᠠᠨ ᠴᠦ᠂ ᠥᠨᠥ ᠶᠡᠭᠡ ᠡᠵᠡᠨᠲᠡᠨ ᠨᠢ ᠬᠥᠳᠡᠭᠡ ᠶᠢᠨ ᠬᠥᠮᠥᠨ ᠶᠠᠭᠤᠮ᠎ᠠ ᠮᠡᠳᠡᠬᠦ ᠦᠭᠡᠢ ᠶᠤᠮ | ᠭᠡᠵᠤ ᠳᠠᠷᠤᠯᠠᠨ ᠳᠤᠷᠤᠮᠵᠢᠯᠠᠵᠤ ᠪᠠᠶᠢᠯ᠎ᠠ᠃ ᠭᠡᠪᠡᠴᠤ ᠵᠠᠩᠴᠠᠨ ᠶᠠᠭᠤ ᠪᠦᠬᠦᠨ ᠢ ᠲᠡᠰᠥᠭᠡᠳ ᠭᠠᠷᠪᠠᠯ ᠪᠤᠯᠴᠢᠬᠠᠨ᠎ᠠ᠃ | ᠡᠭ᠍ᠳᠡᠭᠦᠴᠡᠭᠰᠡᠨ ᠴᠦ ᠳᠡᠰᠪᠦᠷᠢᠯᠡᠨᠡ ᠭᠡᠵᠤ᠂ ᠰᠢᠳᠤ ᠵᠠᠭᠤᠨ ᠡᠳᠥᠷ ᠬᠤᠨᠤᠭ ᠢ ᠦᠩᠭᠡᠷᠡᠭᠡᠵᠦ ᠪᠠᠶᠢᠯ᠎ᠠ᠃ ᠬᠠᠷ᠎ᠠ | ᠭᠦᠴᠦᠨ ᠤ ᠠᠵᠢᠯ ᠢ ᠬᠢᠨ᠎ᠡ ᠭᠡᠳᠡᠭ ᠲᠡᠶᠢᠮᠤ ᠠᠮᠠᠷ ᠪᠢᠰᠢ᠂ ᠵᠠᠷᠢᠮ ᠲᠠᠭᠠᠨ ᠪᠠᠰᠠ ᠬᠤᠲᠠ ᠶᠢᠨ ᠬᠢᠲᠠᠳ ᠶᠢᠨ ᠬᠡᠯᠡ | ᠠᠮᠠ ᠶᠢ ᠤᠶᠢᠯᠭᠠᠬᠤ ᠦᠭᠡᠢ ᠬᠥᠭᠡᠭᠡᠭᠳᠡᠵᠦ ᠲᠠᠭᠤᠭᠳᠠᠨ᠂ ᠬᠡᠳᠤᠨ ᠭᠠᠵᠠᠷ ᠢᠶᠠᠷ ᠳᠠᠮᠵᠢᠨ ᠡᠨᠡ ᠲᠡᠷᠡ ᠪᠠᠷ | ᠵᠠᠷᠤᠭᠳᠠᠵᠤ ᠶᠠᠪᠤᠭᠰᠠᠨ ᠶᠤᠮ᠃ | ᠬᠤᠲᠠ ᠭᠠᠵᠠᠷ ᠤᠨ ᠬᠥᠮᠥᠨ ᠰᠤᠶᠤᠯ ᠢ ᠬᠦᠳᠡᠭᠡ ᠶᠢᠨ ᠪᠤᠷᠤ ᠵᠠᠩᠴᠠᠨ ᠬᠡᠷᠬᠢᠨ ᠨᠡᠪᠳᠡ ᠬᠠᠷᠠᠬᠤ ᠠᠵᠠᠢ᠃ | ᠬᠠᠮᠳᠦ ᠠᠵᠢᠯ ᠬᠢᠵᠥ ᠪᠠᠶᠢᠭᠰᠠᠨ ᠨᠢᠬᠡ ᠶᠢ ᠪᠠᠨ ᠦᠷᠦᠪᠳᠦᠵᠥ ᠮᠦᠩᠬᠦ ᠵᠢᠬᠡᠯᠡᠬᠦ ᠳᠤ ᠨᠢ ᠪᠠᠷᠢᠴᠠᠭᠠᠨ ᠤ ᠬᠦᠮᠦᠨ | ᠪᠤᠯᠤᠭᠰᠠᠨ ᠳᠤ ᠦᠨᠦ ᠨᠠᠶᠢᠵᠠ ᠨᠢ ᠮᠦᠩᠬᠦ ᠪᠠᠨ ᠠᠪᠴᠦ ᠲᠤᠳᠠᠭᠠᠰᠠᠨ ᠠᠴᠠ ᠬᠦᠬᠡᠷᠦᠬᠦᠢ ᠵᠠᠩᠴᠠᠨ ᠡᠴᠦᠰ ᠲᠤ | ᠪᠠᠨ ᠮᠦᠩᠬᠦ ᠶᠢ ᠨᠢ ᠲᠦᠯᠦᠭᠰᠡᠨ ᠪᠦᠬᠡᠳ ᠱᠤᠷᠤᠩ ᠳᠤ ᠤᠷᠤᠴᠢᠬᠠᠭᠰᠠᠨ᠃ | ᠰᠥᠨᠢ ᠶᠢᠨ ᠬᠦᠨ ᠪᠤᠯᠬᠤ ᠳᠤ᠂ ᠴᠠᠰᠤ ᠯᠠᠪᠰᠠᠯᠠᠬᠤ ᠪᠠᠨ ᠪᠠᠶᠢᠪᠠ᠃ ᠬᠦᠢᠲᠡᠨ ᠵᠢᠪᠠᠷ ᠨᠡᠩ ᠴᠦ | ᠴᠢᠩᠭᠠᠷᠠᠵᠤ᠂ ᠵᠠᠩᠴᠠᠨ ᠤ ᠬᠤᠶᠠᠷ ᠴᠢᠬᠢ ᠥᠪᠡᠷ ᠤᠨ ᠬᠢ ᠨᠢ ᠪᠢᠰᠢ ᠰᠢᠭ ᠪᠤᠯᠪᠠ᠃ ᠭᠠᠷ ᠢᠶᠠᠷ ᠢᠶᠠᠨ ᠲᠠᠭᠯᠠᠬᠤ | ᠳᠤ᠂ ᠭᠠᠷ ᠨᠢ ᠴᠦ ᠪᠡᠭᠡᠷᠡᠭᠰᠡᠨ ᠪᠤᠯᠬᠤᠷ ᠶᠡᠷᠤ ᠨᠢ ᠪᠦᠯᠢᠶᠡᠰᠴᠦ ᠥᠭᠬᠦ ᠦᠭᠡᠢ ᠪᠠᠶᠢᠯ᠎ᠠ᠃ | ᠠᠪᠤ ᠨᠢ ᠠᠶᠢᠯ ᠬᠤᠲᠠᠯᠠ ᠳᠤ ᠪᠠᠨ ᠨᠡᠷ᠎ᠡ ᠲᠠᠢ ᠬᠠᠰᠢᠷ ᠠᠩᠴᠢᠨ ᠪᠠᠶᠢᠯ᠎ᠠ᠂ ᠨᠢᠭᠡᠨ ᠤᠳᠠᠭ᠎ᠠ ᠠᠪᠤ ᠨᠢ | ᠬᠦᠦ ᠪᠠᠨ ᠳᠠᠭᠠᠭᠤᠯᠤᠨ ᠠᠪᠠ ᠳᠤ ᠶᠠᠪᠤᠭᠰᠠᠨ ᠶᠤᠮ᠃ ᠲᠤᠷᠰᠢᠭ᠎ᠠ ᠰᠠᠶᠢᠲᠠᠢ ᠪᠤᠯᠬᠤᠷ ᠬᠤᠶᠠᠷ ᠦᠨᠡᠭᠡᠨ ᠤ ᠤᠯᠵᠠ | ᠤᠯᠬᠤ ᠳᠤ ᠲᠥᠪᠡᠭ ᠭᠡᠮᠡᠷ ᠶᠠᠭᠤᠮ᠎ᠠ ᠠᠯᠠᠭ᠎ᠠ ᠪᠠᠶᠢᠯ᠎ᠠ᠃ ︽ᠵᠠ᠂ ᠠᠷᠠᠰᠤ ᠶᠢ ᠨᠢ ᠡᠳ᠋ ᠪᠤᠯᠭᠠᠵᠤ ᠬᠦᠦ ᠲᠡᠭᠡᠨ | ᠥᠨᠡᠭᠡᠨ ᠮᠠᠯᠠᠭᠠᠢ ᠪᠡᠯᠡᠳᠴᠤ ᠥᠭᠭᠦᠶ᠎ᠡ︕ 》 ᠭᠡᠵᠤ ᠠᠪᠤ ᠨᠢ ᠬᠦᠦ ᠳᠤ ᠪᠠᠨ ᠬᠡᠯᠡᠭᠦ ᠳᠤ ᠬᠦᠦ ᠪᠠᠶᠠᠷᠯᠠᠯ | ᠲᠠᠯᠠᠷᠬᠠᠯ ᠤᠨ ᠬᠠᠷᠠᠴᠠ ᠪᠠᠷ ᠠᠪᠤ ᠪᠠᠨ ᠰᠢᠷᠲᠡᠵᠤ ᠠᠨᠰᠠᠶᠢᠲᠠᠯᠠ ᠢᠨᠢᠶᠡᠵᠤ ᠪᠠᠶᠢᠭᠰᠠᠨ ᠶᠤᠮ᠃ | ᠬᠤᠲᠠ ᠤᠷᠤᠬᠤ ᠠᠴᠠ ᠡᠮᠦᠨ᠎ᠡ᠂ ᠦᠨᠦ ᠮᠠᠯᠠᠭᠠᠢ ᠶᠢ ᠨᠢ ᠡᠵᠢ ᠨᠢ ᠶᠠᠭ ᠤᠶᠤᠵᠤ ᠤᠷᠠᠯᠠᠵᠤ ᠪᠠᠶᠢᠭᠰᠠᠨ | ᠶᠤᠮ᠃ ᠤᠳᠤ ᠯᠠᠪ ᠰᠠᠶᠢᠬᠠᠨ ᠡᠳ᠋ ᠪᠤᠯᠴᠢᠬᠠᠭᠰᠠᠨ ᠪᠠᠶᠢᠬ᠎ᠠ᠂ ᠶᠠᠭ ᠯᠠ ᠡᠶᠢᠮᠤ ᠬᠦᠢᠲᠡᠨ ᠳᠤ ᠡᠳ᠋ᠯᠡᠳᠡᠭ ᠶᠠᠭᠤᠮ᠎ᠠ | ᠳ᠋ᠠ ᠬᠡᠮᠡᠨ ᠲᠡᠷᠡ ᠰᠠᠨᠠᠨ᠎ᠠ᠃ | ᠡᠵᠢ ᠪᠠᠨ ᠰᠠᠨᠠᠴᠢᠬᠠᠯ᠎ᠠ᠂ ᠠᠪᠤ ᠪᠠᠨ ᠰᠠᠨᠠᠴᠢᠬᠠᠯ᠎ᠠ᠃ ᠭᠡᠪᠡᠴᠤ ᠵᠠᠩᠴᠠᠨ ᠶᠠᠮᠠᠷ ᠨᠢᠭᠤᠷ ᠢᠶᠠᠷ ᠭᠡᠷ ᠲᠤ | ᠪᠠᠨ ᠬᠠᠷᠢᠬᠤ ᠪᠢᠯᠡ ᠬᠡᠮᠡᠨ ᠰᠠᠨᠠᠭᠠᠰᠢᠷᠠᠨ ᠰᠠᠭᠤᠨ᠎ᠠ᠃ ᠬᠦᠬᠡᠷᠦᠬᠦᠢ ᠬᠤᠶᠠᠷ ᠢ ᠪᠠᠨ ᠬᠤᠲᠠ ᠤᠷᠤᠭᠤᠯᠤᠨ᠎ᠠ ᠭᠡᠵᠤ | ᠶᠡᠭᠡ ᠦᠭᠡ ᠲᠠᠢ ᠬᠤᠴᠤᠷᠠᠭᠠᠭᠰᠠᠨ ᠶᠤᠮ᠃ ᠭᠡᠲᠡᠯ᠎ᠡ ᠦᠪᠡᠷ ᠢᠶᠠᠨ ᠡᠶᠢᠮᠤ ᠲᠦᠷᠬᠦ ᠲᠠᠢ ᠪᠠᠶᠢᠨ᠎ᠠ᠃ ᠭᠡᠪᠡᠴᠦ | ᠵᠠᠩᠴᠠᠨ ᠰᠠᠯᠵᠤ ᠤᠳᠠᠭᠰᠠᠨ ᠠᠪᠤ ᠡᠵᠢ ᠪᠠᠨ ᠰᠠᠨᠠᠨ᠎ᠠ᠃ ᠰᠠᠯᠵᠤ ᠤᠳᠠᠭᠰᠠᠨ ᠪᠤᠷᠤ ᠭᠡᠷ ᠢᠶᠠᠨ ᠰᠠᠨᠠᠨ᠎ᠠ᠃ | ᠡᠶᠢᠮᠦᠷᠬᠦᠦ ᠰᠠᠨᠠᠭᠠᠯᠵᠠᠯ ᠢ ᠶᠠᠭᠤ ᠪᠠᠷ ᠴᠦ ᠲᠠᠷᠤᠵᠤ ᠶᠠᠳᠠᠨ ᠪᠠᠶᠢᠯ᠎ᠠ᠃ | ᠵᠢᠷᠭᠠᠯ ᠵᠤᠪᠠᠯᠠᠩ ᠢᠬᠡᠷ᠎ᠡ ᠵᠠᠶᠠᠭ᠎ᠠ ᠵᠥᠪ ᠪᠤᠷᠤᠭᠤ ᠪᠠᠷ ᠬᠦᠯᠪᠡᠷᠢᠨ ᠡᠷᠭᠢᠬᠦ ᠡᠨᠡ ᠥᠩᠭᠡ ᠶᠢᠨ ᠬᠤᠷᠸ᠎ᠠ | ᠳᠤ ᠠᠪᠤ ᠡᠵᠢ ᠠᠴᠠ ᠮᠢᠨᠢ ᠲᠤᠲᠤᠨᠤ ᠥᠭᠡᠷ᠎ᠡ ᠬᠡᠨ ᠪᠠᠶᠢᠬᠤ ᠪᠢᠯᠡ᠂ ᠪᠤᠷᠤ ᠭᠡᠷ ᠠᠴᠠ ᠮᠢᠨᠢ ᠳᠤᠯᠠᠭᠠᠬᠠᠨ ᠰᠠᠭᠤᠴᠠ | ᠬᠠᠮᠢᠭ᠎ᠠ ᠪᠠᠶᠢᠬᠤ ᠪᠢᠯᠡ ᠳ᠋ᠠ᠃ | ᠬᠠᠶᠢᠷ᠎ᠠ ᠨᠠᠶᠢᠷ ᠦᠭᠡᠢ ᠦᠭᠡᠳᠡ ᠠᠴᠠ ᠴᠤᠬᠢᠬᠤ ᠬᠠᠲᠠᠭᠤ ᠬᠦᠢᠲᠡᠨ ᠬᠥᠮᠥᠨ ᠤ ᠤᠷᠴᠢᠯᠠᠩ ᠤᠨ ᠵᠢᠮ᠎ᠡ | ᠬᠠᠤᠯᠢ ᠶᠢ ᠳᠠᠭᠠᠭᠠᠵᠤ ᠶᠠᠳᠠᠨ ᠭᠠᠩᠰᠠᠷᠠᠬᠤ ᠳᠤ ᠬᠠᠶᠢᠷ᠎ᠠ ᠪᠢᠯᠬᠠᠭᠰᠠᠨ ᠠᠪᠤ ᠡᠵᠢ ᠶᠢᠨ ᠬᠠᠷᠠᠴᠠ᠂ ᠬᠠᠨᠠᠲᠤ ᠭᠡᠷ ᠤᠨ | ᠮᠢᠨᠢ ᠳᠤᠯᠠᠭᠠᠨ ᠬᠤᠶᠢᠮᠤᠷ ᠬᠠᠮᠤᠭ ᠠᠴᠠ ᠵᠥᠭᠡᠯᠡᠨ ᠲᠠᠭᠠᠯᠠᠯ ᠪᠤᠯᠵᠤ ᠰᠠᠨᠠᠭᠳᠠᠳᠠᠭ ᠶᠤᠮ᠃ | ᠦᠷ ᠲᠥᠩᠭᠡᠵᠤ ᠬᠠᠶᠠᠭᠠᠷᠠᠪᠠ᠃ | ᠵᠠᠩᠴᠠᠨ ᠲᠡᠷᠭᠡᠨ ᠥᠷᠲᠡᠭᠡ ᠶᠢ ᠴᠢᠭᠯᠡᠪᠡ᠃ | | | | | ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠶᠢ ᠳᠤᠷᠠᠰᠬᠠᠬᠤ | ᠬᠡᠰᠢᠭᠲᠡᠨ ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠳᠡᠬᠡᠳᠦ ᠳᠤᠮᠳᠠᠳᠤ ᠶᠢᠨ | ᠳᠤᠭᠤᠶᠢᠯᠠᠩ ᠤᠨ ᠬᠤᠶᠠᠳᠤᠭᠠᠷ ᠳᠡᠰ ᠲᠤ ᠰᠢᠯᠭᠠᠷᠠᠪᠠ︶ | |