| | | ᠲᠦᠷᠦᠭᠡ | | ᠠᠩᠬ᠎ᠠ ᠭᠤᠷᠪᠠ ᠶᠢᠨ ᠨᠢᠭᠡ ᠬᠢᠯᠠᠰᠤᠭᠠ | | | | | ᠦᠷᠯᠦᠭᠡᠨ ᠤ ᠨᠡᠷ᠎ᠡ ᠠᠭᠤᠯᠠᠨ ᠤ ᠴᠠᠭᠠᠨ᠎ᠠ ᠠᠴᠠ ᠠᠯᠭᠤᠷᠬᠠᠨ ᠮᠠᠨᠳᠤᠨ᠎ᠠ᠃ ᠤᠭᠳᠠᠷᠭᠤᠢ ᠳᠤ ᠠᠯᠠᠭᠠᠨ | ᠴᠢᠨᠡᠭᠡᠨ ᠴᠤ ᠡᠬᠦᠯᠡ ᠦᠬᠡᠢ᠂ ᠵᠦᠪᠭᠡᠨ ᠲᠡᠭᠷᠢ ᠶᠢᠨ ᠬᠠᠶᠠᠭᠠᠨ ᠠᠴᠠ ᠰᠢᠷ᠎ᠠ ᠤᠯᠠᠭᠠᠨ ᠦᠩᠬᠡ ᠰᠤᠯᠤᠩᠭᠠᠷᠠᠨ᠎ᠠ᠃ | ᠦᠭᠡᠷ ᠬᠤᠨᠢ ᠪᠡᠯᠴᠢᠭᠡᠷ ᠵᠦᠭ ᠢᠶᠠᠨ ᠢᠳᠡᠰᠢᠯᠡᠵᠦ ᠬᠠᠶᠠ ᠨᠢᠭᠡ ᠬᠤᠨᠢ ᠮᠠᠶᠢᠯᠠᠬᠤ ᠲᠠᠭᠤᠨ ᠦᠷᠯᠦᠭᠡᠨ ᠤ ᠨᠠᠮ | ᠬᠦᠮ ᠢ ᠡᠪᠳᠡᠨ ᠬᠦᠷᠴᠢᠬᠢᠨᠡᠬᠦ ᠭᠤᠤᠯ ᠤᠨ ᠤᠰᠤᠨ ᠳᠤ ᠬᠦᠭ ᠨᠡᠶᠢᠯᠡᠬᠦᠯᠦᠨ ᠬᠠᠪᠰᠤᠷᠭᠠᠬᠤ ᠨᠢ ᠬᠠᠮᠤᠭ | ᠰᠤᠩᠭᠤᠳᠠᠭ ᠠᠶᠠᠯᠭᠤ ᠶᠢ ᠴᠤ ᠠᠷᠠᠢ ᠲᠤᠯᠢᠳᠠᠭᠤᠯᠤᠮᠠᠷ ᠰᠠᠨᠠᠭᠳᠠᠭᠤᠯᠤᠨ᠎ᠠ᠃ ᠦᠬᠡᠷ ᠮᠠᠯ ᠤᠨ ᠴᠢᠮᠡᠭᠡᠨ ᠳᠤ | ᠦᠷᠭᠦᠭᠰᠡᠨ ᠭᠠᠯᠠᠭᠤᠳ ᠭᠤᠤᠯ ᠤᠨ ᠬᠦᠪᠡᠬᠡᠨ ᠤ ᠡᠪᠡᠰᠦᠨ ᠲᠤᠳᠤᠷ᠎ᠠ ᠠᠴᠠ ᠬᠤᠤᠰ ᠬᠤᠤᠰ ᠢᠶᠠᠷ ᠢᠶᠠᠨ ᠨᠢᠰᠦᠨ | ᠭᠠᠷᠴᠦ ᠭᠠᠩᠭᠠᠷ ᠭᠤᠩᠭᠤᠷ ᠲᠤᠤᠭᠠᠷᠤᠨ ᠲᠡᠭᠷᠢ ᠳᠤ ᠲᠡᠭᠳᠡᠨ᠎ᠡ᠃ ᠲᠠᠯ᠎ᠠ ᠶᠢᠨ ᠠᠭᠤᠳᠠᠮ ᠳᠤ ᠰᠠᠴᠤᠭᠳᠠᠭᠰᠠᠨ | ᠱᠠᠭ᠎ᠠ ᠰᠢᠭ᠋ ᠮᠤᠩᠭᠤᠯ ᠭᠡᠷ ᠤᠳ ᠤᠨ ᠲᠤᠭᠤᠨᠤ ᠪᠠᠷ ᠠᠷᠭᠠᠯ ᠤᠨ ᠰᠢᠩᠭᠡᠨ ᠴᠡᠩᠭᠡᠷ ᠤᠳᠤᠭ᠎ᠠ ᠰᠤᠭᠤᠨᠤᠭᠯᠠᠵᠤ᠂ | ᠠᠶᠢᠯ ᠭᠡᠷ᠂ ᠮᠠᠯ ᠰᠦᠷᠦᠭ ᠤᠨᠢᠶᠡᠷ ᠲᠤᠮᠳᠠ ᠬᠦᠪᠦᠯᠵᠡᠵᠦ ᠪᠠᠶᠢᠬᠤ ᠮᠡᠳᠤ ᠬᠠᠷᠠᠭᠳᠠᠨ ᠲᠠᠯ᠎ᠠ ᠨᠤᠳᠤᠭ ᠤᠨ | ᠦᠷᠯᠦᠭᠡ ᠢᠩᠬᠢᠵᠦ ᠡᠬᠢᠯᠡᠨ᠎ᠠ᠃ | ᠭᠠᠭᠴᠠ ᠰᠠᠭᠤᠷᠢ ᠮᠤᠩᠭᠤᠯ ᠭᠡᠷ ᠤᠨ ᠡᠮᠦᠨ᠎ᠡ ᠲᠤᠮᠤ ᠭᠡᠭᠴᠢ ᠮᠤᠷᠢᠨ ᠵᠠᠯ᠎ᠠ ᠲᠠᠢ᠂ ᠬᠡᠷ ᠤᠨ ᠬᠢᠨᠢ ᠠᠷᠤ | ᠳᠤ ᠪᠤᠷᠭᠠᠰᠤ ᠪᠠᠷ ᠬᠦᠷᠦᠭᠰᠡᠨ ᠬᠤᠨᠢᠨ ᠬᠤᠷᠤᠭ᠎ᠠ ᠲᠠᠢ ᠠᠶᠢᠯ ᠪᠤᠯ ᠪᠢᠴᠢᠬᠠᠨ ᠲᠡᠮᠦᠷᠬᠤᠶᠠᠭ ᠤᠨ ᠬᠢᠨ ᠪᠠᠶᠢᠨ᠎ᠠ᠃ | ᠲᠡᠬᠦᠨ ᠤ ᠠᠪᠤ ᠨᠢ ᠭᠡᠵᠦ ᠪᠦᠳᠦᠬᠦᠨ ᠬᠠᠳᠠᠭᠤᠨ ᠪᠠᠶ᠎ᠠ ᠲᠠᠢ᠂ ᠰᠡᠷᠪᠡᠶᠢᠭᠰᠡᠨ ᠵᠤᠵᠠᠭᠠᠨ ᠬᠦᠮᠦᠰᠭᠡ ᠲᠠᠢ᠂ ᠪᠤᠯᠴᠢᠩ | ᠰᠢᠷᠪᠤᠰᠤ ᠨᠢ ᠵᠠᠩᠬᠢᠷᠠᠭᠰᠠᠨ ᠬᠡᠨ ᠦᠵᠡᠪᠡᠴᠦ ᠪᠠᠭ᠋ᠠᠷᠠᠮᠠᠷ ᠡᠷ᠎ᠡ ᠶᠤᠮ᠃ ᠭᠡᠳᠡᠯ᠎ᠡ ᠰᠢᠷᠪᠡᠵᠦ ᠠᠪᠬᠤ ᠳᠤ ᠨᠢ ᠬᠠᠳᠠ | ᠴᠢᠯᠠᠭᠤ ᠶᠢ ᠬᠠᠭᠠᠷᠠᠭᠤᠯᠤᠮᠠᠷ ᠰᠢᠷᠦᠬᠦᠨ ᠬᠠᠷᠠᠴᠠ ᠲᠠᠢ ᠬᠦᠮᠦᠨ᠃ ᠡᠵᠢ ᠨᠢ ᠭᠡᠵᠦ ᠤᠶᠢᠷ᠎ᠠ ᠬᠠᠪᠢ ᠳᠤ ᠪᠠᠨ ᠨᠡᠷ᠎ᠡ | ᠲᠠᠢ ᠰᠠᠶᠢᠬᠠᠨ ᠬᠡᠦᠬᠡᠨ ᠪᠠᠶᠢᠭᠰᠠᠨ ᠶᠤᠮ ᠰᠠᠨᠵᠠᠢ᠃ | ᠡᠨᠡ ᠦᠷᠯᠦᠭᠡ ᠲᠡᠮᠦᠷᠬᠤᠶᠠᠭ ᠤᠨ ᠠᠪᠤ ᠵᠤᠷᠰᠢᠯ ᠶᠤᠰᠤᠭᠠᠷ ᠡᠷᠳᠡᠯᠡᠨ ᠪᠤᠰᠴᠦ ᠬᠤᠨᠢ ᠪᠠᠨ ᠪᠡᠯᠴᠢᠭᠡᠷ ᠲᠤ | ᠨᠢ ᠭᠠᠷᠭᠠᠨ᠎ᠠ᠃ ᠡᠵᠢ ᠨᠢ ᠦᠨᠢᠶ᠎ᠠ ᠪᠠᠨ ᠰᠠᠭᠠᠭᠠᠴᠢᠬᠠᠭᠠᠳ ᠠᠭᠠᠷᠠᠤ ᠲᠠᠢ ᠰᠦ ᠪᠠᠨ ᠲᠡᠭᠦᠵᠢᠯᠡᠨ ᠭᠡᠷ ᠲᠤ ᠪᠠᠨ | ᠤᠷᠤᠵᠤ ᠢᠷᠠᠨ ᠭᠠᠷ ᠢᠶᠠᠨ ᠤᠬᠢᠶᠠᠬᠤ ᠶᠢᠨ ᠲᠠᠭᠤ᠄ ︽ᠲᠡᠮᠦᠷᠬᠤᠶᠠᠭ ᠡ︕ ᠮᠢᠨᠤ ᠬᠦᠦ ᠪᠤᠰ ᠡ︕︾ ᠭᠡᠵᠦ | ᠲᠠᠭᠤᠳᠠᠨ᠎ᠠ᠃ ᠤᠨᠳᠠᠵᠤ ᠪᠠᠶᠢᠭᠰᠠᠨ ᠬᠦᠦ ᠡᠵᠢ ᠶᠢᠨ ᠢᠶᠠᠨ ᠲᠠᠭᠤᠨ ᠳᠤ ᠰᠡᠷᠢᠭᠰᠡᠨ ᠪᠤᠯᠪᠠᠴᠤ ᠨᠤᠶᠢᠷ ᠲᠤ ᠪᠠᠨ | ᠲᠡᠶᠢᠯᠦᠭᠳᠡᠨ ᠨᠢᠳᠦ ᠪᠠᠨ ᠨᠤᠬᠤᠯᠠᠵᠤ ᠠᠪᠤᠭᠠᠳ ᠲᠠᠬᠢᠨ ᠤᠨᠳᠠᠴᠢᠬᠠᠪᠠ᠃ ᠡᠵᠢ ᠨᠢ ᠰᠠᠭᠠᠯᠢ ᠶᠢᠨ ᠦᠨᠦᠷ | ᠰᠡᠩᠬᠢᠨᠡᠭᠦᠯᠦᠨ ᠬᠦᠦ ᠶᠢᠨ ᠢᠶᠠᠨ ᠲᠠᠯ᠎ᠠ ᠳᠤ ᠢᠷᠡᠵᠦ ᠰᠠᠭᠤᠭᠠᠳ ᠦᠬᠦᠭᠡᠷᠳᠡᠨ ᠦᠨᠦᠰᠴᠦ ᠲᠤᠯᠤᠭᠠᠢ ᠶᠢ ᠨᠢ | ᠢᠯᠪᠢᠭᠰᠡᠭᠡᠷ᠄ ︽ᠮᠢᠨᠤ ᠬᠦᠦ ᠪᠤᠰᠬᠤ ᠦᠭᠡᠢ ᠶᠤᠮ ᠤᠤ︖ ᠨᠠᠮᠤᠷ ᠠᠴᠠ ᠰᠤᠷᠭᠠᠭᠤᠯᠢ ᠳᠤ ᠤᠷᠤᠵᠤ ᠰᠤᠷᠤᠭᠴᠢ | ᠪᠤᠯᠬᠤ ᠬᠦᠮᠦᠨ ᠡᠷᠳᠡ ᠪᠤᠰᠴᠤ ᠰᠤᠷᠬᠤ ᠶᠤᠮ ᠰᠢᠤ︕ ᠰᠤᠷᠤᠭᠴᠢ ᠬᠦᠮᠦᠨ ᠢᠩᠬᠢᠵᠦ ᠤᠨᠳᠠᠳᠠᠭ ᠦᠭᠡᠢ ᠶᠤᠮ︕ | ︾ ᠭᠡᠵᠦ ᠪᠦᠭᠰᠡᠨ ᠲᠡᠭᠡᠷ᠎ᠡ ᠨᠢ ᠬᠦᠩᠭᠡᠨ ᠠᠯᠠᠭᠠᠳᠠᠨ᠎ᠠ᠃ | ᠲᠡᠮᠦᠷᠬᠤᠶᠠᠭ ᠡᠨᠡ ᠨᠠᠮᠤᠷ ᠠᠴᠠ ᠰᠤᠷᠭᠠᠭᠤᠯᠢ ᠳᠤ ᠤᠷᠤᠨ᠎ᠠ᠃ ᠦᠪᠡᠷ ᠢᠶᠠᠨ ᠴᠤ ᠰᠤᠷᠭᠠᠭᠤᠯᠢ ᠳᠤ | ᠰᠠᠭᠤᠬᠤ ᠶᠡᠬᠡᠯ᠎ᠡ ᠲᠤᠷᠠᠳᠠᠢ᠃ ᠦᠷᠯᠦᠭᠡ ᠳᠤ ᠪᠠᠨ ᠲᠡᠭᠦᠨ ᠢ ᠪᠤᠰᠬᠤ ᠦᠭᠡᠢ ᠪᠤᠯᠤᠭᠰᠠᠭᠠᠷ ᠡᠵᠢ ᠨᠢ ᠢᠩᠬᠢᠵᠦ | ᠬᠡᠯᠡᠪᠡᠯ ᠤᠭᠯᠤ ᠬᠠᠷᠠᠶᠢᠨ ᠪᠤᠰᠴᠢᠬᠠᠳᠠᠭ᠃ ᠵᠠᠷᠢᠮ ᠳᠤ ᠪᠠᠨ ᠪᠦᠷ᠄ ︽ᠪᠢ ᠰᠡᠭᠦᠯᠡᠷ ᠨᠢᠰᠭᠡᠯ ᠳᠤ ᠰᠠᠭᠤᠨ᠎ᠠ᠂ | ᠨᠢᠰᠭᠡᠯ ᠵᠢᠯᠤᠭᠤᠳᠤᠨ᠎ᠠ᠂᠂᠂᠂︾ ᠭᠡᠬᠦ ᠮᠡᠳᠦ ᠤᠯᠠᠨ ᠠᠷᠪᠢᠨ ᠬᠦᠰᠡᠯ ᠮᠦᠷᠦᠭᠡᠳᠦᠯ ᠢᠶᠠᠨ ᠪᠡᠶᠡᠯᠡᠭᠰᠡᠨ ᠶᠤᠮ ᠰᠢᠭ | ᠶᠠᠷᠢᠳᠠᠭ᠃ ᠲᠡᠭᠡᠬᠦ ᠳᠤ ᠡᠵᠢ ᠨᠢ᠄ ︽ᠲᠡᠭᠡᠯ ᠦᠭᠡᠢ ᠶᠠᠭᠠᠬᠢᠬᠤᠪ︕ ᠮᠢᠨᠤ ᠬᠦᠦ︕ ᠬᠤᠵᠢᠮ ᠲᠡᠯᠡᠬᠡᠢ ᠶᠢ ᠪᠦᠷ | ᠲᠤᠭᠤᠷᠢᠨ᠎ᠠ᠂᠂᠂᠂ ᠲᠡᠭᠡᠭᠡᠳ ᠪᠠᠰᠠ ᠤᠯᠠᠨ ᠤᠯᠠᠨ ᠰᠠᠶᠢᠬᠠᠨ ᠶᠠᠭᠤᠮ᠎ᠠ ᠶᠢ ᠦᠵᠡᠨ᠎ᠠ᠂ ᠪᠦᠳᠦᠭᠡᠨᠠ᠂ ᠬᠢᠨ᠎ᠠ᠂ | ᠵᠠᠷᠢᠮ ᠢ ᠨᠢ ᠪᠠᠰᠠ ᠠᠳᠡ ᠪᠠᠨ ᠠᠪᠴᠢᠷᠠᠨ᠎ᠠ᠂᠂᠂᠂︾ ᠭᠡᠵᠦ ᠬᠡᠦᠬᠡᠳ ᠲᠠᠢ ᠪᠠᠨ ᠬᠡᠦᠬᠡᠳ ᠪᠤᠯᠵᠤ ᠶᠠᠷᠢᠵᠦ | ᠰᠠᠭᠤᠨ᠎ᠠ᠃ | ᠬᠤᠩᠭᠤᠷ ᠰᠠᠯᠬᠢ ᠢᠯᠪᠢᠭᠰᠡᠨ ᠨᠠᠮᠤᠷ ᠤᠨ ᠨᠢᠭᠡᠨ ᠦᠷᠯᠦᠭᠡ ᠲᠡᠮᠦᠷᠬᠤᠶᠠᠭ ᠤᠨ ᠮᠤᠷᠢᠨ ᠵᠠᠯ᠎ᠠ ᠲᠡᠭᠡᠷ᠎ᠡ | ᠠᠪᠤ ᠶᠢᠨ ᠬᠢᠨᠢ ᠬᠦᠷᠡᠩ ᠮᠤᠷᠢ᠂ ᠲᠡᠮᠦᠷᠬᠤᠶᠠᠭ ᠤᠨ ᠲᠤᠬᠤᠮ ᠴᠠᠭᠠᠨ ᠨᠢ ᠤᠶᠠᠭᠠᠳᠠᠢ ᠪᠠᠶᠢᠯ᠎ᠠ᠃ ᠭᠡᠷ ᠠᠴᠠ᠄ ︽ | ᠵᠠ︕ ᠮᠢᠨᠤ ᠬᠦᠦ ᠤᠳᠤ ᠰᠤᠷᠤᠭᠴᠢ ᠪᠤᠯᠬᠤ ᠨᠢ ᠳ᠋ᠠ︕ ᠪᠢᠴᠢᠭ ᠢᠶᠠᠨ ᠰᠠᠶᠢᠨ ᠰᠤᠷᠬᠤ ᠶᠤᠮ ᠰᠢᠤ︕︾ | ᠭᠡᠰᠡᠨ ᠡᠷ᠎ᠠ ᠬᠦᠮᠦᠨ ᠤ ᠬᠦᠩᠬᠢᠨᠡᠮ᠎ᠡ ᠲᠠᠭᠤᠨ ᠳᠤᠭᠤᠯᠳᠠᠨ᠎ᠠ᠃ ᠦᠨᠦᠳᠦᠷ ᠲᠡᠮᠦᠷᠬᠤᠶᠠᠭ ᠰᠤᠷᠭᠠᠭᠤᠯᠢ ᠳᠤ | ᠶᠠᠪᠤᠬᠤ ᠪᠤᠯᠤᠭᠰᠠᠨ ᠶᠤᠮ ᠰᠠᠨᠵᠠᠢ᠃ ᠲᠡᠷᠡ ᠬᠦᠭᠰᠡᠨ ᠪᠠᠶᠠᠷᠯᠠᠵᠤ ᠪᠦᠷ ᠴᠤ ᠡᠷᠳᠡ ᠪᠤᠰᠴᠢᠬᠠᠭᠠᠳ ᠲᠦᠷᠭᠡᠨ | ᠶᠠᠪᠤᠬᠤ ᠪᠠᠷ ᠬᠦᠰᠡᠨ ᠬᠦᠯᠢᠶᠡᠨ᠎ᠠ᠃ ᠡᠵᠢ ᠨᠢ ᠴᠠᠭᠠᠨ᠎ᠠ ᠨᠢ ᠶᠠᠭᠠᠤᠮᠠ ᠶᠠᠷᠢᠯ ᠦᠭᠡᠢ ᠶᠠᠭᠤᠮ᠎ᠠ ᠬᠡᠦᠮᠠ ᠶᠢ ᠨᠢ | ᠲᠦᠪᠬᠢᠨᠡᠭᠦᠯᠦᠨ ᠪᠠᠶᠢᠨ ᠪᠠᠶᠢᠨ ᠤᠷᠤᠨ ᠭᠠᠷᠤᠨ᠎ᠠ᠃ | ᠰᠤᠷᠭᠠᠭᠤᠯᠢ ᠨᠢ ᠲᠡᠳᠡᠨ ᠤ ᠬᠢ ᠠᠴᠠ ᠨᠡᠯᠢᠶᠡᠳ ᠵᠠᠶᠢᠳᠠᠢ ᠤᠴᠢᠷ ᠠᠪᠤ ᠨᠢ ᠬᠦᠦ ᠪᠠᠨ ᠬᠠᠶᠢᠷᠠᠳᠠᠢ ᠮᠤᠷᠢ | ᠪᠠᠷ ᠨᠢ ᠬᠦᠷᠭᠡᠬᠦ ᠪᠠᠷ ᠪᠡᠯᠡᠳᠭᠡᠭᠰᠡᠨ ᠠᠵᠠᠢ᠃ ᠠᠪᠤ ᠬᠦᠦ ᠬᠤᠶᠠᠭᠤᠯᠠ ᠶᠠᠭᠤᠮ᠎ᠠ ᠬᠡᠦᠮᠠ ᠪᠠᠨ ᠭᠠᠨᠵᠤᠭᠠᠯᠠᠨ ᠮᠤᠷᠢ | ᠪᠠᠨ ᠬᠦᠳᠦᠯᠦᠨ ᠭᠠᠷᠬᠤ ᠳᠤ ᠡᠵᠢ ᠨᠢ ᠲᠦᠷᠦᠭᠡᠨ ᠳᠤ ᠨᠢ ᠰᠦ ᠲᠤᠰᠤᠭᠠᠨ᠄ ︽ᠮᠢᠨᠤ ᠬᠦᠦ︕ ᠪᠢᠴᠢᠭ ᠢᠶᠠᠨ | ᠰᠠᠶᠢᠨ ᠰᠤᠷᠬᠤ ᠶᠤᠮ ᠰᠢᠤ︕ ᠪᠠᠭᠰᠢ ᠶᠢᠨ ᠢᠶᠠᠨ ᠦᠭᠡ ᠶᠢ ᠰᠤᠨᠤᠰ︕ ᠭᠡᠷ ᠢᠶᠠᠨ ᠪᠤᠤ ᠰᠠᠨᠠ︕ ᠭᠠᠷᠠᠭ | ᠲᠤᠮᠳᠠ ᠦᠵᠡᠬᠦ ᠪᠠᠷ ᠤᠴᠢᠨ᠎ᠠ᠂᠂᠂᠂︾ ᠬᠡᠵᠦ ᠮᠠᠩᠨᠠᠢ ᠲᠡᠭᠡᠷ᠎ᠡ ᠨᠢ ᠦᠨᠦᠰᠦᠨ ᠰᠠᠯᠵᠤ ᠶᠠᠳᠠᠬᠤ ᠳᠤ ᠠᠪᠤ ᠨᠢ | ᠲᠡᠬᠦᠨ ᠢ ᠡᠷᠭᠦᠨ ᠲᠤᠬᠤᠮ ᠴᠠᠭᠠᠨ ᠳᠤ ᠨᠢ ᠮᠤᠷᠳᠠᠭᠤᠯᠤᠯᠠ᠃ ᠬᠦᠮᠦᠨ ᠭᠡᠵᠦ ᠢᠩᠬᠢᠵᠦ ᠯᠠ ᠠᠪᠤ ᠶᠢᠨ ᠪᠤᠢ ᠳᠤ | ᠬᠦᠮᠦᠨ ᠲᠠᠨᠢᠵᠤ ᠠᠭᠳᠠ ᠶᠢᠨ ᠪᠤᠢ ᠳᠤ ᠭᠠᠵᠠᠷ ᠦᠵᠡᠬᠦ ᠶᠤᠮ ᠪᠠᠶᠢᠵᠠᠢ᠃ | ᠲᠡᠮᠦᠷᠬᠤᠶᠠᠭ ᠴᠤ ᠡᠵᠢ ᠠᠴᠠ ᠪᠠᠨ ᠰᠠᠯᠵᠤ ᠶᠠᠳᠠᠨ ᠨᠢᠯᠪᠤᠰᠤ ᠲᠠᠢ ᠨᠢᠳᠦ ᠪᠠᠷ ᠪᠠᠶᠢᠨ ᠪᠠᠶᠢᠨ ᠡᠷᠬᠢᠨ | ᠬᠠᠷᠠᠨ᠎ᠠ᠃ ᠭᠡᠷ ᠤᠨ ᠡᠮᠦᠨ᠎ᠠ ᠵᠤ ᠲᠡᠭᠡᠷ᠎ᠡ ᠠᠴᠠ ᠰᠠᠴᠤᠯᠢ ᠡᠷᠭᠦᠨ ᠬᠦᠦ ᠪᠠᠨ ᠮᠤᠷᠳᠠᠭᠤᠯᠤᠭᠰᠠᠨ ᠡᠵᠢ ᠶᠢᠨ ᠪᠠᠷ᠎ᠠ | ᠬᠠᠶᠠ ᠢᠯᠠ ᠭᠠᠷᠤᠨ᠂ ᠬᠠᠶᠠ ᠲᠠᠯᠳᠠ ᠤᠷᠤᠭᠰᠠᠭᠠᠷ᠂᠂᠂᠂ ᠭᠡᠰᠡᠨ ᠴᠤ ᠠᠪᠤ ᠶᠢᠨ ᠢᠶᠠᠨ᠄ ︽ᠡᠷ᠎ᠡ ᠬᠦᠮᠦᠨ | ᠰᠢᠨᠳᠠᠰᠤ ᠬᠠᠳᠠᠭᠤ ᠶᠠᠪᠤᠳᠠᠭ ᠶᠤᠮ ᠰᠢᠤ︕︾ ᠭᠡᠰᠡᠨ ᠦᠭᠡ ᠶᠢ ᠨᠢ ᠰᠠᠨᠠᠵᠤ ᠴᠢᠳᠠᠨ ᠶᠠᠳᠠᠨ ᠨᠢᠯᠪᠤᠰᠤ ᠪᠠᠨ | ᠬᠤᠷᠢᠨ᠎ᠠ᠃ ᠠᠪᠤ ᠶᠢᠨ ᠬᠢᠨᠢ ᠰᠢᠷᠦᠬᠦᠨ ᠬᠠᠷᠠᠴᠠ ᠲᠠᠢ ᠲᠦᠷᠯᠡᠭᠡᠷ ᠨᠢᠳᠦ ᠲᠡᠭᠦᠨ ᠢ ᠪᠢᠰᠢ ᠠᠯᠤᠰ ᠢ ᠰᠢᠷᠳᠡᠨ | ᠭᠠᠯᠬᠢᠭᠤᠯᠤᠨᠠ᠃ ᠲᠡᠷᠡ ᠠᠪᠤ ᠠᠴᠠ ᠪᠠᠨ ᠬᠤᠴᠤᠷᠤᠯ ᠦᠭᠡᠢ ᠮᠤᠷᠢ ᠪᠠᠨ ᠲᠠᠰᠢᠭᠤᠷᠳᠠᠨ ᠬᠦᠴᠦ ᠨᠡᠮᠡᠯ᠎ᠡ᠃ ᠡᠷ᠎ᠡ | ᠦᠰᠴᠦ ᠢᠰᠡᠭᠡᠢ ᠰᠤᠨᠳᠠᠭ ᠶᠤᠰᠤᠭᠠᠷ ᠪᠢᠴᠢᠬᠠᠨ ᠲᠡᠮᠦᠷᠬᠤᠶᠠᠭ ᠬᠠᠷᠠᠭ᠎ᠠ ᠠᠯᠳᠠᠮ᠎ᠠ ᠨᠤᠭᠤᠭᠠᠨ ᠲᠠᠯ᠎ᠠ ᠶᠢᠨ ᠢᠶᠠᠨ | ᠦᠷᠦᠴᠡᠨ ᠳᠤ ᠬᠤᠷᠠᠭ᠎ᠠ ᠢᠰᠢᠭᠡ᠂ ᠪᠢᠷᠠᠭᠤ ᠲᠤᠭᠤᠯ ᠲᠠᠢ ᠲᠤᠭᠯᠠᠭᠰᠠᠨ ᠪᠠᠯᠴᠢᠷ ᠦᠶ᠎ᠡ ᠪᠠᠨ ᠤᠷᠬᠢᠨ ᠨᠠᠮᠤᠷ ᠤᠨ | ᠰᠢᠷ᠎ᠠ ᠨᠠᠷᠠ ᠲᠤᠨᠤᠷᠠᠭᠰᠠᠨ ᠨᠠᠯᠠᠭᠠᠷ ᠰᠠᠶᠢᠬᠠᠨ ᠨᠠᠮᠤᠷ ᠤᠨ ᠡᠳᠦᠷ ᠢᠩᠬᠢᠵᠦ ᠯᠠ ᠡᠷᠳᠡᠮ ᠤᠨ ᠲᠦᠷᠦᠭᠡᠨ ᠳᠤ | ᠤᠮᠤᠭ ᠪᠠᠷᠳᠠᠮ ᠬᠢᠰᠬᠢᠯᠠ᠂᠂᠂᠂ | | | | ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠶᠢ ᠳᠤᠷᠠᠰᠬᠠᠬᠤ | ᠬᠡᠰᠢᠭᠲᠡᠨ ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠠᠩᠬ᠎ᠠ ᠳᠤᠮᠳᠠᠳᠤ ᠶᠢᠨ | ᠲᠤᠭᠤᠶᠢᠯᠠᠩ ᠤᠨ ᠭᠤᠷᠪᠠᠳᠤᠭᠠᠷ ᠪᠠᠶᠢᠷᠢᠨ ᠳᠤ ᠰᠢᠯᠭᠠᠷᠠᠪᠠ︶ | | |