| | | ᠨᠡᠭᠦᠳᠡᠯ | ᠠᠩᠬ᠎ᠠ ᠭᠤᠷᠪᠠ ᠶᠢᠨ ᠲᠠᠪᠤ ᠭᠡᠭᠡᠨᠳᠡᠯᠡ | | | | | ᠲᠦᠮᠡᠨ ᠵᠢᠯ ᠦᠩᠭᠡᠷᠡᠴᠢᠬᠡᠯᠡ᠃ ᠲᠠᠯᠡᠬᠡᠢ ᠶᠢᠨ ᠪᠦᠮᠪᠦᠷᠴᠡᠭ ᠲᠤᠶᠢᠯ ᠢᠶᠠᠷ ᠬᠦᠭᠰᠢᠷᠡᠴᠢᠬᠡᠭᠰᠡᠨ ᠪᠤᠯᠬᠤᠷ | ᠰᠦᠢᠳ ᠪᠤᠯᠤᠯ᠎ᠠ᠃ ᠲᠡᠷᠡ ᠨᠢᠭᠡᠨᠳᠡ ᠦᠷ᠎ᠡ ᠠᠴᠢᠷ ᠲᠤ ᠪᠠᠨ ᠵᠢᠭᠠᠬᠠᠨ ᠴᠤ ᠲᠤᠰᠠ ᠲᠠᠮ ᠪᠤᠯᠵᠤ ᠳᠡᠶᠢᠯᠬᠦ ᠦᠭᠡᠢ | ᠮᠦᠷᠳᠡᠭᠡᠨ ᠲᠤᠱᠠ ᠪᠤᠯᠤᠭᠰᠠᠨ ᠪᠤᠯᠬᠤᠷ ᠲᠡᠯᠡᠬᠡᠢ ᠨᠡᠶᠢᠳᠡ ᠶᠢᠨ ᠶᠡᠭᠡ ᠬᠤᠷᠠᠯ ᠬᠢᠵᠤ ᠬᠦᠮᠦᠨ ᠲᠦᠷᠦᠯᠬᠢᠳᠡᠨ | ᠴᠤᠬᠤᠮ ᠶᠠᠭᠠᠬᠢᠬᠤ ᠲᠤᠬᠠᠢ ᠵᠦᠪᠳᠡᠯᠴᠡᠨ ᠡᠴᠦᠰ ᠲᠤ ᠪᠠᠨ ᠦᠭᠡᠷ᠎ᠡ ᠪᠦᠮᠪᠦᠷᠴᠡᠭ ᠲᠤ ᠨᠡᠬᠦᠬᠦ ᠶᠢ ᠲᠤᠩᠬᠠᠭᠯᠠᠪᠠ᠃ | | ᠡᠨᠡ ᠰᠦᠨᠢ ᠶᠢᠨ ᠤᠭᠳᠡᠷᠭᠤᠢ ᠶᠡᠷᠦ ᠪᠤᠰᠤ ᠶᠢᠨ ᠨᠠᠮ ᠵᠢᠮ᠃ ᠤᠳᠤᠳ ᠮᠢᠷᠠᠯᠵᠠᠨ ᠴᠠᠭᠠᠨ᠎ᠠ ᠪᠠᠨ | ᠨᠢᠭᠡᠯᠡ ᠤᠴᠢᠷᠳᠠᠢ ᠶᠤᠮ ᠰᠢᠭ᠋ ᠠᠨᠢᠯᠵᠠᠨᠠ᠃ ᠢᠳᠡᠭᠰᠡᠨ ᠢᠶᠠᠨ ᠰᠢᠩᠭᠡᠭᠡᠵᠦ ᠶᠠᠳᠠᠭᠰᠠᠨ ᠪᠢ ᠤᠷᠴᠢᠯᠡᠩ ᠤᠨ | ᠲᠤᠷᠠᠨᠳᠠᠭᠤᠷ ᠢᠶᠠᠨ ᠠᠪᠤᠭᠠᠳ ᠨᠡᠭᠦᠬᠦ ᠭᠡᠵᠦ ᠪᠠᠶᠢᠭ᠎ᠠ ᠲᠡᠷᠡ ᠪᠦᠮᠪᠦᠷᠴᠡᠭ ᠢ ᠠᠵᠢᠭᠯᠠᠯ᠎ᠠ᠃ ᠡᠪᠡᠤ︕ ᠲᠡᠭᠷᠢ ᠶᠢᠨ | ᠲᠡᠷᠳᠡᠭᠡ ᠬᠦᠪᠡᠭᠡ ᠪᠠᠷ ᠰᠤᠨᠤᠨ ᠬᠠᠷᠠᠯᠠᠵᠤ ᠪᠠᠶᠢᠭᠰᠠᠨ ᠨᠢ ᠨᠢᠭᠡ ᠲᠤᠮᠤ ᠱᠠᠳᠤ ᠪᠠᠶᠢᠵᠠᠢ᠃ ᠪᠢ ᠶᠡᠭᠡ ᠰᠤᠴᠢᠭᠰᠠᠨ | ᠪᠤᠯᠪᠠᠴᠤ ᠲᠤᠤᠷ᠎ᠠ ᠪᠠᠨ ᠦᠨᠦᠬᠢ ᠶᠡᠭᠡ ᠨᠡᠭᠦᠳᠡᠯ ᠨᠢ ᠡᠬᠢᠯᠡᠵᠦ ᠪᠠᠶᠢᠭ᠎ᠠ ᠭᠡᠭᠴᠢ ᠶᠢ ᠰᠡᠷ ᠬᠢᠨ ᠮᠡᠳᠡᠯ᠎ᠡ᠃ ᠦᠵᠡᠰᠡ | ︕ ᠨᠢᠭᠡ ᠤᠯᠡᠨ ᠬᠦᠮᠦᠰ ᠦᠨᠦ ᠱᠠᠳᠤᠨ ᠵᠦᠭ ᠦᠬᠦᠨ ᠴᠢᠬᠢᠯᠳᠦᠨᠡ᠃ ᠭᠠᠭ᠋ᠠᠢ᠂ ᠲᠠᠬᠢᠶ᠎ᠠ ᠪᠠᠨ ᠲᠡᠪᠡᠷᠢᠭᠰᠡᠨ | ᠬᠦᠮᠦᠨ ᠪᠠᠶᠢᠨ᠎ᠠ᠃ ᠪᠤᠭᠤᠳᠠᠯ ᠪᠠᠭᠯᠠᠭ᠎ᠠ ᠲᠤᠬᠤᠶᠢᠯᠠᠭᠰᠠᠨ ᠬᠦᠮᠦᠨ ᠪᠠᠶᠢᠨ᠎ᠠ᠃ ᠭᠤᠶᠤ ᠰᠠᠶᠢᠬᠠᠨ ᠪᠤᠭᠴᠤ | ᠲᠡᠭᠦᠵᠢᠯᠡᠭᠰᠡᠨ ᠬᠦᠮᠦᠨ ᠴᠤ ᠪᠠᠶᠢᠨ᠎ᠠ᠃ ᠨᠢᠭᠡᠯᠡ ᠦᠭᠡ ᠪᠠᠷ ᠬᠡᠯᠡᠪᠡᠯ ᠲᠤᠩ ᠤᠯᠠᠨ᠂ ᠲᠤᠩ ᠤᠯᠠᠨ ᠬᠦᠮᠦᠨ ᠪᠦᠷ | ᠯᠠ ᠨᠢᠬᠡᠯᠡ ᠵᠦᠭ ᠰᠢᠬᠠᠯᠴᠠᠨᠠ᠃ ᠲᠡᠷᠡ ᠦᠵᠡᠯ ᠳ᠋ᠠ᠂ ᠨᠦᠬᠦᠭᠡ ᠦᠨᠳᠦᠷ ᠬᠡᠵᠢᠭᠡ ᠲᠠᠢ ᠵᠠᠯᠠᠭᠤ ᠡᠮᠦᠨᠡᠬᠢ | ᠬᠦᠮᠦᠨ ᠤ ᠪᠠᠨ ᠬᠠᠷᠮᠠᠨ ᠳᠠᠬᠢ ᠵᠤᠭᠤᠰ ᠢ ᠠᠪᠤᠴᠢᠬᠠᠯ᠎ᠠ᠃ ᠵᠠᠯᠭᠠᠭᠠᠳ ᠬᠠᠵᠠᠭᠤ ᠳᠠᠬᠢ ᠪᠠᠨ ᠬᠠᠭᠤᠷᠠᠶᠢᠯᠠᠯᠠ᠃ | ᠲᠡᠶᠢᠮᠦ ᠤᠯᠠᠨ ᠬᠦᠮᠦᠰ ᠶᠠᠭᠠᠬᠢᠬᠤ ᠳᠤ ᠪᠠᠨ ᠲᠡᠭᠦᠨ ᠢ ᠤᠯᠵᠤ ᠦᠵᠡᠬᠦ ᠴᠤ ᠦᠭᠡᠢ ᠶᠤᠮ ᠳ᠋ᠠ᠃ ᠪᠢ ᠲᠡᠰᠬᠦ | ᠠᠯᠳᠠᠬᠤ ᠳᠤ ᠪᠠᠨ᠄ ︽ᠬᠤᠯᠠᠭᠠᠶᠢᠴᠢ ᠶᠢ ᠪᠠᠷᠢ ᠡ︕︾ ᠭᠡᠵᠦ ᠶᠡᠭᠡ ᠲᠠᠭᠤᠨ ᠢᠶᠠᠷ ᠬᠠᠰᠬᠢᠷᠪᠠ᠃ ᠭᠡᠷ ᠲᠤ | ᠪᠠᠶᠢᠭᠰᠠᠨ ᠬᠦᠮᠦᠰ ᠬᠦᠶᠦᠨ ᠭᠠᠷᠴᠤ ᠢᠷᠡᠭᠡᠳ᠄ ︽ᠬᠠᠮᠢᠭ᠎ᠠ ᠬᠤᠯᠠᠭᠠᠶᠢᠴᠢ ᠪᠠᠶᠢᠨ᠎ᠠ᠂ ᠬᠠᠮᠢᠭ᠎ᠠ ᠪᠠᠶᠢᠨ᠎ᠠ︾ ᠭᠡᠵᠦ | ᠦᠢᠮᠡᠯᠳᠦᠯᠡ᠃ ᠪᠢ ᠡᠨᠡ ᠦᠶ᠎ᠡ ᠰᠠᠶ᠋ᠢ ᠬᠡᠳᠦ ᠰᠡᠳᠬᠢᠯ ᠬᠦᠳᠡᠯᠦᠭᠰᠡᠨ ᠢᠶᠠᠨ ᠤᠬᠠᠵᠤ ᠲᠡᠳᠡᠨ ᠳᠤ ᠡᠨᠡ ᠶᠡᠭᠡ | ᠨᠡᠭᠦᠳᠡᠯ ᠡᠬᠢᠯᠡᠭᠰᠡᠨ ᠢ ᠮᠡᠳᠡᠭᠦᠯᠪᠡᠯ ᠶᠤᠰᠤᠳᠠᠢ ᠭᠡᠴᠡᠭᠦᠦ ᠶᠠᠪᠤᠳᠠᠯ ᠪᠤᠯᠬᠤ ᠶᠢ ᠮᠡᠳᠡᠬᠦ ᠪᠤᠯᠬᠤᠷ᠄ ︽ᠲᠠ ᠨᠠᠷ ᠢ | ᠠᠶᠤᠯᠭᠠᠶᠠ ᠭᠡᠵᠦ ᠵᠦᠭᠡᠷ ᠲᠤᠭᠯᠠᠭᠰᠠᠨ ᠶᠤᠮ︾ ᠭᠡᠵᠦ ᠬᠠᠭᠤᠷᠮᠠᠭ ᠢᠨᠢᠶᠡᠨ ᠬᠡᠯᠡᠬᠦ ᠳᠤ ᠲᠡᠳᠡ ᠴᠤ ᠶᠡᠭᠡ ᠲᠤᠷ᠎ᠡ | ᠦᠭᠡᠶᠢᠴᠡᠨ ᠪᠦᠭᠦᠳᠡᠭᠡᠷ ᠪᠤᠴᠠᠨ ᠤᠷᠤᠵᠠᠭᠠᠪᠡ᠃ | ᠪᠢ ᠲᠠᠬᠢᠨ ᠲᠤᠷᠠᠨᠳ᠋ᠨᠭᠤᠷ ᠤᠨ ᠲᠡᠷᠭᠡᠳᠡ ᠢᠷᠡᠵᠦ ᠱᠠᠭᠠᠶᠢᠯᠠ᠃ ᠤᠳᠤ ᠪᠠᠶᠢᠭ᠎ᠠ ᠬᠦᠮᠦᠰ ᠨᠢ ᠰᠠᠶ᠋ᠢ ᠶᠢᠨ | ᠬᠢ ᠠᠴᠠ ᠪᠠᠨ ᠪᠦᠷ ᠴᠤ ᠠᠷᠪᠢᠨ ᠪᠤᠯᠤᠭᠰᠠᠨ ᠪᠠᠶᠢᠨ᠎ᠠ᠃ ᠪᠡᠰᠡ ᠲᠡᠷᠡ ᠨᠢᠭᠡ ᠬᠡᠰᠡᠭ ᠭᠠᠵᠠᠷ ᠪᠦᠭᠡᠮᠨᠡᠷᠡᠭᠡᠳ ᠶᠠᠭᠤ | ᠬᠢᠵᠦ ᠪᠠᠶᠢᠭ᠎ᠠ ᠶᠢ ᠨᠢ ᠪᠤᠤ ᠮᠡᠳᠡ᠃ ᠨᠢᠭᠡ ᠡᠪᠦᠭᠡᠨ ᠤᠶᠢᠴᠢᠴᠢᠬᠠᠯᠠ᠃ ᠪᠤᠰᠴᠤ ᠲᠡᠶᠢᠯᠦᠭᠰᠡᠨ ᠦᠭᠡᠢ᠂ ᠨᠦᠬᠦᠭᠡ | ᠠᠮᠢ ᠲᠡᠮᠡᠴᠡᠭᠰᠡᠨ ᠬᠦᠮᠦᠰ ᠲᠡᠭᠦᠨ ᠤ ᠲᠡᠭᠡᠭᠦᠷ ᠬᠢᠰᠬᠢᠯᠡᠵᠦ ᠪᠠᠶᠢᠨ᠎ᠠ ᠪᠠᠷᠤᠭ ᠲᠡᠭᠡᠭᠡᠳ ᠯᠡ ᠳᠠᠭᠤᠰᠤᠭᠰᠠᠨ ᠪᠠᠶᠢᠬᠤ | ᠡ᠃ ᠪᠡᠰᠡ ᠨᠢᠭᠡ ᠬᠡᠦᠬᠡᠳ ᠤᠶᠢᠴᠢᠵᠦ ᠪᠠᠶᠢᠨ᠎ᠠ᠂ ᠪᠠᠰᠠ ᠯᠠ ᠬᠢᠰᠬᠢᠭᠳᠡᠯᠡ ᠁ ᠲᠡᠷᠡ ᠡᠮᠡᠭᠡᠨ ᠤᠶᠢᠴᠢᠯᠠ᠂ | ᠤᠶᠢᠴᠢᠯᠠ᠂ ᠪᠠᠰᠠ ᠨᠢᠭᠡ ᠪᠦᠰᠡᠭᠦᠢ ᠪᠠᠰᠠ ᠨᠢᠭᠡ᠂᠂᠂᠂ ᠮᠢᠨᠤ ᠨᠢᠳᠤ ᠬᠠᠯᠢᠷᠠᠬᠤ ᠳᠤ ᠪᠠᠨ ᠡᠰᠡᠯ᠎ᠡ | ᠪᠠᠷᠬᠢᠷᠠᠴᠢᠬᠠᠭᠰᠠᠨ ᠦᠭᠡᠢ ᠭᠡᠪᠡᠴᠤ ᠰᠠᠶ᠋ᠢ ᠬᠠᠮᠤᠭ ᠠᠮᠢᠳᠠᠨ ᠢ ᠦᠢᠮᠡᠭᠦᠯᠦᠭᠰᠡᠨ ᠪᠤᠯᠬᠤᠷ ᠰᠤᠷᠭᠠᠮᠵᠢ ᠠᠪᠤᠭᠠᠳ | ᠲᠦᠩᠭᠡᠵᠦ ᠳᠤᠤᠭᠠᠷᠤᠭᠰᠠᠨ ᠦᠭᠡᠢ ᠲᠡᠰᠪᠡ᠃ | ᠪᠢ ᠨᠠᠰᠢ ᠴᠠᠰᠢ ᠬᠤᠯᠬᠢᠵᠤ ᠭᠡᠷ ᠲᠤ ᠪᠠᠨ ᠤᠷᠤᠬᠤ ᠶᠢ ᠰᠠᠨᠠᠭᠰᠠᠨ ᠴᠤ ᠲᠡᠷᠡᠭᠦ ᠨᠡᠬᠦᠳᠡᠯ ᠳᠤ | ᠰᠠᠨᠠᠭᠠᠰᠢᠷᠠᠵᠤ ᠪᠠᠶᠢᠭ᠎ᠠ ᠪᠤᠯᠬᠤᠷ ᠲᠠᠬᠢᠨ ᠲᠤᠷᠠᠨᠳ᠋ᠨᠭᠤᠷ ᠢᠶᠠᠨ ᠱᠠᠭᠠᠶᠢᠯᠠ᠃ ᠦᠨᠦᠬᠢ ᠦᠬᠦᠯ ᠠᠯᠳᠠᠵᠠᠭᠠᠵᠤ | ᠪᠠᠶᠢᠭ᠎ᠠ ᠬᠦᠮᠦᠰ ᠨᠡᠩ ᠶᠡᠭᠡ ᠰᠢᠬᠠᠯᠳᠤᠵᠤ ᠪᠠᠶᠢᠨ᠎ᠠ᠃ ᠲᠡᠷᠡ ᠬᠦᠮᠦᠨ ᠲᠠᠶᠢᠮᠦ ᠤᠯᠠᠨ ᠵᠤᠭᠤᠰ ᠠᠳᠬᠤᠭᠠᠳ | ᠤᠯᠠᠨ ᠤ ᠲᠡᠭᠡᠭᠦᠷ ᠮᠠᠴᠤᠯᠠᠨᠠ᠃ ᠪᠡᠰᠡ ᠨᠢᠭᠡ ᠬᠦᠮᠦᠨ ᠰᠢᠵᠢᠷ ᠠᠯᠳᠠ ᠡᠷᠭᠦᠬᠡᠳ ᠦᠰᠦᠷᠯᠡᠨᠡ᠃ ᠦ︕ ᠪᠢ | ᠮᠡᠳᠡᠯ᠎ᠡ᠃ ᠡᠨᠡ ᠨᠢᠭᠡ ᠬᠡᠰᠡᠭ ᠲᠤ ᠨᠢ ᠰᠢᠬᠠᠯᠳᠤᠵᠤ ᠪᠠᠶᠢᠭ᠎ᠠ ᠨᠢ ᠶᠠᠪᠤᠬᠤ ᠪᠢᠯᠧᠲ ᠬᠤᠳᠠᠯᠳᠤᠨ ᠠᠪᠴᠤ ᠪᠠᠶᠢᠭ᠎ᠠ | ᠶᠤᠮ ᠪᠠᠶᠢᠨ᠎ᠠ᠃ ᠲᠡᠷᠡ ᠬᠦᠮᠦᠨ ᠤ ᠠᠯᠳᠠ ᠪᠠᠷᠢᠵᠦ ᠪᠠᠶᠢᠭ᠎ᠠ ᠪᠠᠷ ᠨᠢ ᠦᠵᠡᠬᠦ ᠳᠤ ᠡᠨᠡ ᠵᠠᠮ ᠤᠨ ᠵᠠᠷᠤᠳᠠᠯ ᠴᠤ | ᠠᠶᠢᠬᠤᠪᠳᠤᠷ ᠦᠨ᠎ᠡ ᠲᠠᠢ ᠪᠠᠶᠢᠬᠤ ᠶᠤᠮ ᠪᠠᠶᠢᠨ᠎ᠠ᠃ ᠨᠠᠳᠠ ᠰᠢᠭ᠋ ᠵᠤᠭᠤᠰ ᠦᠭᠡᠢ ᠬᠦᠮᠦᠨ ᠪᠤᠯ ᠨᠡᠭᠦᠵᠦ ᠴᠢᠳᠠᠬᠤ | ᠦᠭᠡᠢ ᠴᠤ ᠮᠠᠭᠠᠳ᠃ ᠬᠡᠷᠪᠡ ᠶᠠᠪᠤᠵᠤ ᠳᠡᠶᠢᠯᠬᠦ ᠦᠭᠡᠢ ᠪᠤᠯᠪᠠᠯ ᠲᠡᠯᠡᠬᠡᠢ ᠶᠢᠨ ᠪᠦᠮᠪᠦᠷᠴᠡᠭ ᠲᠠᠢ ᠬᠠᠮᠳᠤ ᠪᠠᠷ | ᠮᠦᠬᠦᠬᠦ ᠯᠡ ᠪᠠᠶᠢᠬᠤ ᠳ᠋ᠠ ᠬᠡᠬᠦ ᠠᠴᠠ ᠭᠡᠳᠦᠨ ᠡᠳᠦᠷ ᠤᠨ ᠡᠮᠦᠨ᠎ᠡ ᠤᠨᠳᠤᠤ ᠪᠦᠮᠪᠦᠷᠴᠡᠭ ᠲᠤ ᠶᠠᠪᠤᠴᠢᠬᠠᠨ᠎ᠠ ᠭᠡᠵᠦ | ᠬᠦᠭᠰᠡᠵᠦ ᠪᠠᠶᠢᠭᠰᠡᠨ ᠮᠢᠨᠢ ᠬᠦᠭᠡᠰᠦ ᠪᠤᠯᠤᠨ ᠵᠠᠮᠬᠠᠷᠠᠭᠰᠠᠨ ᠶᠤᠮ ᠰᠢᠭ᠋ ᠪᠤᠯᠪᠠ᠃ ᠵᠠ ᠶᠠᠭᠠᠬᠢᠬᠤᠪ︕ ᠬᠤᠪᠢ | ᠵᠠᠶᠠᠭ᠎ᠠ ᠪᠢᠵᠠ᠃ | ᠪᠢ ᠲᠠᠬᠢᠨ ᠱᠠᠭᠠᠶᠢᠯᠠ᠃ ᠡᠪᠡᠤ︕ ᠨᠦᠬᠦᠭᠡ ᠱᠠᠳᠤ ᠪᠠᠨ ᠡᠪᠬᠡᠨ ᠬᠤᠷᠢᠶᠡᠵᠤ ᠪᠠᠶᠢᠨ᠎ᠠ᠃ ᠲᠡᠷᠡ | ᠱᠠᠳᠤᠨ ᠤ ᠬᠠᠮᠤᠭ ᠲᠤᠤᠷ᠎ᠠ ᠦᠵᠦᠭᠦᠷ ᠲᠤ ᠪᠠᠰᠠ ᠬᠡᠳᠦᠨ ᠬᠦᠮᠦᠨ ᠦᠬᠦᠨ ᠵᠢᠭᠤᠷᠠᠭᠰᠠᠨ ᠬᠠᠷᠠᠭᠳᠠᠨ᠎ᠠ᠃ ᠢᠯᠢ︕ | ᠨᠢᠭᠡ ᠨᠢ ᠤᠨᠡᠴᠢᠬᠠᠯᠠ᠃ ᠪᠠᠰᠠ ᠨᠢᠭᠡ ᠨᠢ ᠤᠨᠡᠯᠠ᠂᠂᠂᠂᠂ ᠦᠨᠡᠬᠡᠷ ᠠᠶᠢᠳᠠᠰ ᠲᠠᠢ ᠮᠢᠨᠤ ᠬᠠᠮᠤᠭ ᠪᠡᠶ᠎ᠡ ᠰᠢᠷ | ᠬᠢᠪᠡ᠃ ᠱᠠᠳᠤᠨ ᠤ ᠬᠤᠶᠢᠨ᠎ᠡ ᠠᠴᠠ ᠲᠤᠤᠷ᠎ᠠ ᠨᠢ ᠪᠠᠶᠢᠭ᠎ᠠ ᠬᠦᠮᠦᠰ ᠲᠠᠭᠠᠯᠳᠤᠨ ᠬᠦᠶᠦᠯᠳᠦᠨᠠ᠃ ᠪᠤᠳᠤᠬᠤ ᠳᠤ | ᠲᠡᠳᠡᠭᠡᠷ ᠬᠦᠮᠦᠰ ︽ᠬᠦᠯᠢᠶᠡᠵᠦ ᠪᠠᠢ᠂ ᠬᠦᠯᠢᠶᠡᠵᠦ ᠪᠠᠢ᠂ ᠪᠢ ᠪᠠᠰᠠ ᠶᠠᠪᠤᠨ᠎ᠠ︾ ᠭᠡᠵᠦ ᠪᠠᠶᠢᠬᠤ ᠳ᠋ᠠ᠃ ᠨᠦᠬᠦᠭᠡ | ᠱᠠᠳᠤ ᠡᠪᠬᠡᠭᠳᠡᠨ ᠡᠪᠬᠡᠭᠳᠡᠭᠰᠡᠭᠡᠷ ᠲᠡᠭᠷᠢ ᠶᠢᠨ ᠬᠠᠶᠠᠭᠠᠨ ᠳᠤ ᠵᠢᠵᠢᠭᠬᠡᠨ ᠬᠠᠷ᠎ᠠ ᠲᠤᠯᠪᠤ ᠪᠤᠯᠵᠤ ᠪᠠᠶᠢᠭᠰᠠᠨ ᠢᠶᠠᠨ | ᠤᠳᠠᠯ ᠦᠭᠡᠢ ᠦᠵᠡᠭᠳᠡᠬᠦ ᠪᠠᠨ ᠪᠤᠯᠢᠯᠡ᠃ ᠲᠤᠤᠷ᠎ᠠ ᠨᠢ ᠦᠯᠡᠳᠡᠭᠰᠡᠨ ᠬᠦᠮᠦᠰ ᠳᠡᠭᠡᠭᠰᠢ ᠵᠢᠭᠠᠭᠠᠳ ᠦᠰᠦᠷᠯᠡᠵᠦ | ᠪᠠᠶᠢᠨ᠎ᠠ᠂ ᠭᠠᠵᠠᠷ ᠰᠠᠭᠤᠭᠠᠳ ᠤᠬᠢᠯᠠᠵᠤ ᠪᠠᠶᠢᠨ᠎ᠠ᠂ ᠮᠠᠨᠠᠷᠠᠵᠤ ᠤᠶᠢᠴᠢᠭᠠᠳ ᠲᠡᠯᠴᠢᠯᠡᠵᠦ ᠪᠠᠶᠢᠨ᠎ᠠ᠃ ᠬᠤᠷᠤᠭᠤ | ᠭᠤᠳᠤᠯᠵᠠᠭᠤᠯᠤᠨ ᠬᠠᠷᠢᠶᠠᠵᠤ ᠪᠠᠶᠢᠭ᠎ᠠ ᠴᠤ ᠬᠠᠷᠠᠭᠳᠠᠨ᠎ᠠ᠃ ᠪᠤᠳᠤᠬᠤ ᠳᠤ ᠲᠡᠳᠡᠭᠡᠷ ᠶᠠᠪᠤᠭᠰᠠᠨ ᠬᠦᠮᠦᠰ ᠢ ᠦᠬᠦᠯ | ᠤᠨ ᠮᠠᠭᠤ ᠪᠠᠷ ᠦᠬᠦ ᠭᠡᠵᠦ ᠵᠦᠭᠡᠵᠦ ᠪᠠᠶᠢᠭ᠎ᠠ ᠪᠤᠯᠤᠯᠳᠠᠢ᠃ ᠡᠨᠡ ᠪᠦᠬᠦᠨ ᠢ ᠦᠵᠡᠭᠡᠳ ᠪᠢ ᠦᠨᠡᠬᠡᠷ | ᠶᠠᠭᠠᠬᠢᠬᠤ ᠶᠢᠨ ᠠᠷᠭ᠎ᠠ ᠦᠭᠡᠢ ᠲᠤᠷ᠎ᠠ ᠪᠤᠯᠬᠢᠪᠡ᠃ | ᠭᠠᠳᠠᠨ᠎ᠠ ᠦᠳᠡᠰᠢ ᠶᠢᠨ ᠰᠠᠷᠢᠬᠦᠨ ᠰᠠᠯᠬᠢ ᠦᠶ᠎ᠡ ᠦᠶ᠎ᠡ ᠰᠡᠷᠴᠢᠭᠢᠨᠡᠨ ᠰᠠᠶ᠋ᠢ ᠶᠢᠨ ᠪᠠᠴᠢᠮᠳᠠᠵᠤ | ᠰᠠᠨᠳᠤᠷᠤᠭᠰᠠᠨ ᠰᠡᠳᠬᠢᠯᠭᠡ ᠶᠢ ᠵᠢᠭᠠᠬᠠᠨ ᠴᠤ ᠭᠡᠰᠡᠨ ᠨᠠᠮᠵᠢᠭᠤᠯᠤᠨᠠ᠃ ᠪᠢ ᠤᠷᠮ᠎ᠠ ᠮᠠᠭᠤᠳᠠᠢ ᠭᠡᠷ ᠲᠤ ᠪᠠᠨ | ᠤᠷᠤᠬᠤ ᠳᠤ ᠮᠠᠨ ᠤ ᠬᠢᠨᠢ ᠵᠢᠷᠤᠭᠳᠤ ᠦᠵᠡᠨ ᠦᠢᠮᠡᠯᠳᠦᠨ᠎ᠡ᠃ ᠰᠤᠨᠢᠨ ᠮᠡᠳᠡᠭᠡᠨ ᠲᠡᠭᠡᠷ᠎ᠡ ᠮᠠᠨ ᠤ ᠨᠡᠭᠦᠬᠦ ᠬᠡᠰᠡᠨ | ᠪᠦᠮᠪᠦᠷᠴᠡᠭ ᠨᠢᠭᠡᠨᠳᠡ ᠳᠦᠭᠦᠷᠴᠢᠬᠡᠭᠡᠳ ᠲᠠᠬᠢᠵᠦ ᠬᠦᠮᠦᠨ ᠵᠦᠬᠡᠬᠡᠬᠦ ᠦᠭᠡᠢ ᠪᠤᠯᠤᠭᠰᠠᠨ ᠭᠡᠵᠦ ᠶᠠᠷᠢᠵᠦ ᠭᠡᠨ᠎ᠡ᠃ | ᠭᠡᠷ ᠲᠤ ᠪᠠᠶᠢᠭᠰᠠᠨ ᠬᠦᠮᠦᠰ ᠤᠨ ᠨᠢᠭᠤᠷ ᠴᠢᠷᠠᠢ ᠰᠢᠷᠠᠯᠠᠨ ᠡᠯᠳᠡᠪ ᠤᠨ ᠰᠡᠳᠬᠢᠯᠭᠡ ᠲᠤᠳᠤᠷᠠᠨ᠎ᠠ᠃ ᠨᠦᠬᠦᠭᠡ ᠲᠡᠷᠡ | ᠪᠦᠮᠪᠦᠷᠴᠡᠭ ᠢ ᠡᠷᠳᠡᠬᠡᠨ ᠰᠦᠢᠷᠡᠭᠦ ᠶᠢ ᠬᠦᠰᠡᠵᠦ ᠵᠦᠬᠡᠬᠦ ᠨᠢ ᠤᠯᠠᠨ ᠪᠠᠶᠢᠯ᠎ᠠ᠃ ᠪᠢ ᠴᠤ ᠡᠳᠡᠨᠦᠰ ᠤᠨ ᠦᠢᠮᠡᠭᠡᠨ | ᠳᠤ ᠶᠠᠭᠠᠬᠢᠬᠤ ᠪᠠᠨ ᠤᠯᠬᠤ ᠪᠠᠨ ᠪᠤᠯᠢᠯ᠎ᠠ᠂᠂᠂᠂᠂ | ᠡᠨᠡᠬᠦ ᠶᠡᠭᠡ ᠨᠡᠬᠦᠳᠡᠯ ᠦᠩᠭᠡᠷᠡᠭᠡᠳ ᠬᠡᠳᠦᠨ ᠵᠠᠭᠤᠨ ᠵᠢᠯ ᠤᠨ ᠲᠠᠷᠠᠭ᠎ᠠ ᠲᠠᠯᠠᠬᠡᠢ ᠶᠢᠨ ᠪᠦᠮᠪᠦᠷᠴᠡᠭ ᠤᠨ | ᠮᠢᠨᠢ ᠭᠤᠤᠯ ᠭᠤᠷᠤᠬ᠎ᠠ ᠨᠢ ᠬᠤᠷᠴᠢᠬᠢᠨᠠᠨ᠂ ᠡᠪᠡᠰᠦ ᠮᠤᠳᠤ ᠨᠢ ᠢᠭᠴᠤᠷᠠᠭᠠᠳ ᠤᠤᠯ ᠤᠨ ᠦᠩᠬᠡ ᠲᠦᠷᠰᠤ ᠪᠠᠨ | ᠰᠡᠷᠭᠦᠭᠡᠴᠢᠬᠡᠭᠰᠡᠨ ᠤᠷᠢ ᠵᠠᠯᠠᠭᠤ ᠶᠢᠨ ᠴᠤᠭ ᠵᠢᠪᠬᠤᠭ᠎ᠠ ᠪᠠᠷ ᠬᠢᠯᠠᠯᠵᠠᠬᠤ ᠪᠤᠯᠵᠠᠢ᠃ | | | | ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠶᠢ ᠳᠤᠷᠠᠰᠬᠠᠬᠤ | ᠬᠡᠰᠢᠭᠲᠡᠨ ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠠᠩᠬ᠎ᠠ ᠳᠤᠮᠳᠠᠳᠤ ᠶᠢᠨ | ᠲᠤᠭᠤᠶᠢᠯᠠᠩ ᠤᠨ ᠲᠡᠳ᠋ ᠪᠠᠶᠢᠷᠢᠨ ᠳᠤ ᠰᠢᠯᠭᠠᠷᠠᠪᠠ︶ | | | |