ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠳᠤ ᠵᠤᠷᠢᠭᠤᠯᠤᠭᠰᠠᠨ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠪᠠᠭ᠎ᠠ ᠰᠤᠷᠭᠠᠭᠤᠯᠢ ᠶᠢᠨ ᠳᠤᠭᠤᠶᠢᠯᠠᠩ ᠤᠨ ᠱᠠᠩᠨᠠᠯ ᠬᠦᠷᠳᠡᠭᠰᠡᠨ ᠪᠦᠳᠦᠬᠡᠯ ︵ᠨᠢᠭᠡ︶
ᠨᠡᠶᠢᠲᠡᠯᠡᠭᠰᠡᠨ ᠴᠠᠭ᠄
2016-12-08
ᠮᠠᠷᠳᠠᠭᠳᠠᠰᠢ ᠥᠭᠡᠢ ᠨᠢᠭᠡ ᠡᠳᠦᠷ                                                                                              ᠪᠠᠶᠠᠨᠴᠠᠭᠠᠨ ᠪᠦᠷᠢᠨ ᠪᠠᠭ᠎ᠠ ᠰᠣᠷᠭᠠᠭᠤᠯᠢ ᠶᠢᠨ ᠳᠠᠪᠤᠳᠤᠭᠠᠷ ᠣᠨ ᠤ      ᠮᠦᠰᠢᠶᠡᠯ                      2015 ᠣᠨ ᠤ 12 ᠰᠠᠷ᠎ᠠ ᠶᠢᠨ 30 ᠤ ᠡᠳᠦᠷ ᠪᠤᠯ ᠮᠢᠨᠤ ᠰᠣᠷᠭᠠᠭᠤᠯᠢ ᠳᠤ ᠰᠠᠭᠤᠭᠰᠠᠨ ᠡᠳᠦᠷ ᠬᠤᠨᠤᠭ ᠲᠠᠬᠢ ᠬᠠᠮᠤᠭ ᠤᠨ ᠪᠠᠶᠠᠷᠯᠠᠭᠰᠠᠠ ᠨᠢᠭᠡ ᠡᠳᠦᠷ ᠪᠤᠯᠬᠤ ᠮᠦᠷᠳᠡᠭᠡᠨ ᠮᠠᠷᠳᠠᠭᠳᠠᠰᠢ ᠦᠭᠡᠢ ᠰᠠᠭᠤᠭᠳᠠᠯ ᠦᠯᠡᠳᠡᠭᠡᠭᠰᠡᠡ ᠨᠢᠭᠡ ᠡᠳᠦᠷ ᠪᠤᠯᠤᠨ᠎ᠠ᠃ ᠡᠨᠡ ᠡᠳᠦᠷ ᠮᠠᠨ ᠤ ᠰᠣᠷᠭᠠᠭᠤᠯᠢ ᠨᠢ ᠶᠡᠭᠡ ᠭᠠᠷᠠᠭ ᠢᠶᠠᠷ ᠠᠮᠠᠷᠠᠭᠰᠠᠠ ᠦᠭᠡᠢ ᠲᠤᠯᠠ ᠨᠢᠭᠡ ᠯᠡ ᠡᠳᠦᠷ ᠤᠨ ᠴᠢᠯᠦᠭᠡ ᠲᠠᠯᠪᠢᠬᠤ ᠴᠢᠮᠡᠭᠡ ᠶᠢ ᠠᠩᠬᠢ ᠶᠢᠨ ᠪᠠᠭᠰᠢ ᠠᠴᠠ ᠪᠠᠨ ᠠᠯᠢ ᠭᠡᠳᠦᠶᠢᠨ ᠣᠯᠤᠭᠠᠳ ᠰᠣᠨᠣᠰᠴᠢᠬᠠᠭᠰᠠᠠ ᠮᠦᠷᠳᠡᠭᠡᠨ ᠥᠳᠡ ᠠᠴᠠ ᠬᠤᠶᠢᠨ᠎ᠠ ᠠᠩᠬᠢ ᠶᠢᠨ ᠪᠠᠭᠰᠢ ᠲᠠᠢ ᠪᠠᠨ ᠠᠭᠤᠯᠠᠨ ᠲᠡᠭᠡᠷ᠎ᠡ ᠭᠠᠷᠴᠥ ᠨᠠᠭᠠᠳᠬᠤ ᠪᠠᠷ ᠪᠤᠯᠵᠤᠵᠥ ᠲᠤᠭᠳᠠᠭᠰᠠᠠ ᠪᠢᠯᠡ᠃        ᠥᠳᠡ ᠶᠢᠨ ᠠᠮᠠᠷᠠᠯᠳᠠ ᠪᠤᠯᠵᠥ ᠮᠤᠷᠢᠨ ᠬᠤᠭᠤᠷ ᠤᠨ ᠣᠷᠬᠢᠯ ᠪᠠᠭᠰᠢ ᠮᠠᠨ ᠢ ᠭᠡᠷ ᠲᠤ ᠪᠠᠨ ᠲᠠᠭᠠᠭᠤᠯᠵᠥ ᠠᠪᠠᠴᠢᠬᠤ ᠪᠠᠷ ᠪᠤᠯᠵᠠᠢ᠃ ᠲᠡᠭᠡᠭᠡᠳ ᠪᠠᠭᠰᠢ ᠮᠢᠨᠢ ᠮᠠᠨ ᠢ ᠪᠠᠶᠢᠷᠢ ᠶᠢᠨ ᠪᠠᠭᠰᠢ ᠠᠴᠠ ᠴᠢᠯᠦᠭᠡ ᠡᠷᠢᠵᠥ᠂ ᠰᠤᠷᠭᠠᠭᠤᠯᠢ ᠶᠢᠨ ᠬᠦᠷᠢᠶ᠎ᠡ ᠠᠴᠠ ᠲᠠᠭᠠᠭᠤᠯᠤᠨ ᠭᠠᠷᠪᠠ᠃ ᠪᠠᠶᠠᠷᠯᠠᠭᠰᠠᠠ ᠭᠡᠳᠡᠭ ᠢ ᠶᠠᠭᠠᠬᠢᠯᠳᠠᠢ ᠪᠢᠯᠡ᠃ ᠪᠠᠭᠰᠢ ᠮᠢᠨᠢ ᠬᠤᠪᠢ ᠪᠠᠷ ᠢᠶᠠᠨ ᠵᠢᠵᠢᠭ ᠲᠡᠯᠭᠡᠭᠦᠷ ᠡᠷᠬᠢᠯᠡᠵᠥ ᠪᠠᠶᠢᠬᠤ ᠶᠢ ᠡᠭᠦᠳᠡᠨ ᠳᠤ ᠨᠢ ᠬᠦᠷᠦᠭᠡᠳ ᠤᠯᠵᠥ ᠮᠡᠳᠡᠭᠰᠡᠡ ᠶᠤᠮ᠃ ᠭᠡᠷ ᠲᠤ ᠨᠢ ᠣᠷᠤᠬᠤ ᠳᠤ ᠪᠠᠭᠰᠢ ᠮᠠᠨ ᠢ ᠦᠪᠡᠷ ᠤᠨ ᠲᠤᠷᠠᠳᠠᠢ ᠢᠳᠡᠭᠡᠨ ᠢᠶᠠᠨ ᠲᠤᠷ᠎ᠠ ᠪᠠᠷ ᠢᠶᠠᠨ ᠠᠪᠴᠥ ᠪᠤᠯᠤᠨ᠎ᠠ ᠭᠡᠰᠡᠨ ᠳᠤ ᠪᠢᠳᠡ ᠬᠦᠮᠦᠨ ᠪᠦᠬᠦᠨ ᠦᠪᠡᠷ ᠦᠪᠡᠷ ᠤᠨ ᠬᠠᠮᠤᠭ ᠲᠤᠷᠠᠳᠠᠢ ᠢᠳᠡᠭᠡᠨ ᠢᠶᠠᠨ ᠠᠪᠴᠥ ᠢᠳᠡᠭᠡᠳ ᠪᠠᠷᠤᠭ ᠴᠠᠳᠴᠢᠬᠠᠯ᠎ᠠ᠃ ᠲᠡᠭᠡᠭᠡᠳ ᠪᠠᠭᠰᠢ ᠶᠢᠨ ᠭᠡᠷ ᠢᠶᠠᠷ ᠲᠤᠭᠤᠷᠢᠵᠥ ᠪᠠᠭᠰᠢ ᠶᠢᠨ ᠺᠤᠮᠫᠢᠦ᠋ᠲ᠋ᠧᠷ ᠲᠡᠭᠡᠷ᠎ᠡ ᠺᠢᠨᠣ᠋ ᠵᠥᠴᠦᠭᠡ ᠦᠵᠡᠵᠥ ᠪᠠᠶᠢᠳᠠᠯ᠎ᠠ ᠪᠠᠭᠰᠢ ᠮᠠᠨ ᠢ ᠬᠤᠭᠤᠯᠠᠨ ᠭᠡᠷ ᠲᠤ ᠲᠠᠭᠠᠭᠤᠯᠵᠥ ᠵᠣᠴᠢᠯᠠᠬᠤ ᠪᠠᠷ ᠪᠤᠯᠪᠠ᠃ ᠡᠭᠦᠨ ᠢ ᠰᠣᠨᠣᠰᠣᠭᠰᠠᠠ ᠮᠠᠨ ᠤ ᠴᠢᠷᠠᠢ ᠲᠡᠭᠡᠷ᠎ᠡ ᠪᠠᠶᠠᠷ ᠤᠨ ᠮᠦᠰᠢᠶᠡᠳᠣ ᠲᠤᠳᠤᠷᠠᠨ ᠪᠠᠭᠰᠢ ᠪᠠᠨ ᠤᠯᠠᠮ ᠢᠯᠡᠭᠦᠤ ᠰᠠᠨᠠᠬᠤ ᠪᠤᠯᠪᠠ᠃ ᠢᠩᠬᠢᠭᠡᠳ ᠪᠠᠭᠰᠢ ᠲᠠᠢ ᠪᠠᠨ ᠰᠠᠶᠢᠬᠠᠨ ᠨᠤᠭᠤᠭ᠎ᠠ ᠪᠤᠳᠠᠭ᠎ᠠ ᠶᠢ ᠭᠡᠳᠡᠰᠥ ᠪᠠᠨ ᠴᠤᠳᠤᠶᠢᠳᠠᠯ᠎ᠠ ᠢᠳᠡᠭᠰᠡᠡ ᠰᠢᠣ︕        ᠪᠤᠳᠠᠭ᠎ᠠ ᠢᠳᠡᠵᠥ ᠪᠠᠷᠠᠬᠤ ᠳᠤ ᠶᠠᠭ ᠰᠠᠶᠢᠬᠠᠨ ᠦᠳᠡ ᠶᠢᠨ ᠬᠤᠶᠢᠨᠠᠬᠢ ᠨᠠᠭᠠᠳᠬᠤ ᠪᠠᠷ ᠪᠤᠯᠵᠤᠭᠰᠠᠠ ᠴᠠᠭ ᠬᠦᠷᠴᠥ ᠢᠷᠡᠯ᠎ᠡ᠃ ᠢᠩᠬᠢᠭᠡᠳ ᠤᠷᠬᠢᠯ ᠪᠠᠭᠰᠢ ᠳᠤ ᠨᠠᠭᠠᠳᠬᠤ ᠪᠠᠷ ᠶᠠᠪᠤᠬᠤ ᠤᠴᠢᠷ ᠢᠶᠠᠨ ᠬᠡᠯᠡᠭᠰᠡᠡ ᠳᠤ ᠪᠠᠭᠰᠢ ᠮᠠᠨ ᠢ ᠲᠡᠷᠭᠡ ᠪᠠᠷ ᠢᠶᠠᠨ ᠬᠦᠷᠭᠡᠵᠥ ᠦᠭᠭᠦᠯ᠎ᠡ᠃ ᠠᠩᠬᠢ ᠶᠢᠨ ᠪᠠᠭᠰᠢ ᠮᠢᠨᠢ ᠬᠦᠭᠡᠷᠦᠬᠦᠢ ᠮᠠᠨ ᠢ ᠢᠷᠡᠬᠦ ᠴᠢᠮᠡᠭᠡ  ᠪᠠᠷ ᠵᠠᠮ ᠤᠨ ᠬᠠᠵᠠᠭᠤ ᠳᠤ ᠬᠦᠯᠢᠶᠡᠨ ᠵᠤᠭᠰᠣᠵᠥ ᠪᠠᠶᠢᠯ᠎ᠠ᠃ ᠡᠨᠡ ᠦᠶ᠎ᠡ ᠳᠤ ᠮᠠᠨ ᠤ ᠠᠩᠬᠢ ᠶᠢᠨ ᠪᠣᠰᠣᠳ ᠨᠦᠬᠦᠳ ᠠᠯᠢ ᠡᠷᠳᠡ ᠪᠠᠭᠰᠢ ᠲᠠᠢ ᠬᠠᠮᠳᠣ ᠵᠣᠭᠰᠣᠵᠥ ᠪᠠᠶᠢᠬᠤ ᠶᠢ ᠤᠯᠵᠥ ᠬᠠᠷᠠᠯ᠎ᠠ᠃ ᠲᠡᠭᠡᠭᠡᠳ ᠪᠢᠳᠡ ᠪᠠᠭᠰᠢ  ᠲᠠᠢ ᠬᠠᠮᠳᠣ ᠪᠠᠷ ᠪᠠᠷᠠᠭᠤᠨ ᠠᠭᠤᠯᠠᠨ ᠲᠡᠭᠡᠷ᠎ᠡ ᠲᠤᠭᠯᠠᠬᠤ ᠪᠠᠷ ᠢᠨᠢᠶᠡᠳᠤ ᠪᠠᠶᠠᠷ ᠲᠠᠢ ᠶᠠᠪᠤᠯ᠎ᠠ᠃ ᠠ︕ ᠠᠭᠤᠯᠠᠨ ᠲᠡᠭᠡᠷ᠎ᠡ ᠭᠠᠷᠬᠤ ᠨᠢ ᠮᠠᠰᠢ ᠰᠠᠶᠢᠬᠠᠨ᠂ ᠭᠡᠳᠡᠯ᠎ᠡ ᠠᠭᠤᠯᠠ ᠶᠢᠨ ᠣᠷᠣᠢ ᠲᠡᠭᠡᠷ᠎ᠡ ᠭᠠᠷᠣᠨ᠎ᠠ ᠭᠡᠳᠡᠭ ᠴᠢᠨᠢ ᠶᠤᠰᠣᠳᠠᠢ ᠬᠦᠮᠦᠨ ᠤ ᠦᠢᠯᠡ ᠶᠢ ᠦᠵᠡᠬᠦ ᠶᠤᠮ ᠪᠠᠶᠢᠨ᠎ᠠ᠃ ᠭᠡᠪᠡᠴᠥ ᠮᠠᠨ ᠤ ᠨᠦᠬᠦᠳ ᠤᠳ ᠴᠢᠨᠢ ᠤᠭᠳᠣ ᠬᠠᠶᠢᠬᠤᠷᠤᠭᠰᠠᠨ ᠦᠭᠡᠢ ︽ᠬᠡ ᠬᠡ᠂ ᠬᠠ ᠬᠠ︾ ᠢᠨᠢᠶᠡᠵᠥ ᠯᠡ ᠪᠠᠶᠢᠭᠠᠳ ᠨᠢᠭᠡ ᠮᠡᠳᠡᠬᠦ ᠳᠤ ᠠᠭᠤᠯᠠᠨ ᠤ ᠤᠷᠤᠢ ᠲᠡᠭᠡᠷ᠎ᠡ ᠭᠠᠷᠤᠭᠠᠳ ᠢᠷᠡᠴᠢᠭᠡᠭᠰᠡᠡ ᠪᠠᠶᠢᠯ᠎ᠠ᠃ ᠪᠢᠳᠡ ᠠᠭᠤᠯᠠᠨ ᠤ ᠤᠷᠤᠢ ᠲᠡᠭᠡᠷ᠎ᠡ ᠴᠢᠨᠡᠭᠡ ᠪᠠᠨ ᠮᠡᠳᠡᠨ ᠰᠡᠳᠬᠢᠯ ᠢᠶᠠᠨ ᠠᠭᠤᠵᠢᠷᠠᠳᠠᠯ᠎ᠠ ᠬᠠᠰᠬᠢᠷᠤᠯᠳᠤᠨ ᠪᠠᠷᠬᠢᠷᠠᠯᠴᠠᠪᠠ᠃ ᠢᠩᠬᠢᠭᠡᠳ ᠪᠢᠳᠡ ᠪᠠᠭᠰᠢ ᠲᠠᠢ ᠪᠠᠨ ᠴᠤᠭ ᠬᠡᠳᠤ ᠣᠳᠠᠭ᠎ᠠ ᠬᠠᠮᠳᠣ ᠶᠢᠨ ᠰᠡᠭᠦᠳᠡᠷ ᠲᠠᠳᠠᠴᠢᠬᠠᠭᠠᠳ ᠡᠬᠢᠯᠡᠭᠡᠳ ᠨᠠᠭᠠᠳᠣᠯ᠎ᠠ᠃ ᠪᠢᠳᠡ ᠨᠢᠭᠡᠨ ᠢᠶᠠᠨ ᠬᠠᠳᠠᠭᠤ ᠴᠠᠰᠣᠨ ᠲᠡᠭᠡᠷ᠎ᠡ ᠬᠤᠶᠠᠷ ᠭᠠᠷ ᠠᠴᠠ ᠨᠢ ᠴᠢᠩᠭᠠᠭᠠᠨ ᠲᠠᠳᠠᠵᠥ ᠴᠢᠷᠦᠬᠦ᠂ ᠴᠠᠰᠣᠨ ᠲᠡᠭᠡᠷ᠎ᠡ ᠪᠦᠮᠪᠦᠷᠢᠬᠦ᠂ ᠴᠠᠰᠣᠨ ᠲᠡᠭᠡᠷ᠎ᠡ ᠦᠰᠦᠭ ᠪᠢᠴᠢᠬᠦ᠂ ᠵᠢᠷᠤᠭ ᠵᠢᠷᠤᠬᠤ ᠵᠡᠷᠭᠡ ᠣᠯᠠᠨ ᠬᠡᠯᠪᠡᠷᠢ ᠪᠠᠷ ᠬᠦᠯᠦᠰᠣ ᠪᠠᠨ ᠭᠠᠷᠳᠠᠯ᠎ᠠ ᠨᠠᠭᠠᠳᠪᠠ᠃        ᠭᠡᠳᠡᠯ᠎ᠡ ᠡᠨᠡ ᠦᠶᠡᠰ ᠨᠠᠳᠠ ᠡᠶᠢᠮᠦ ᠨᠢᠭᠡ ᠪᠤᠳᠤᠯ ᠲᠦᠷᠦᠭᠳᠡᠯ᠎ᠡ︕ ᠬᠡᠷᠪᠡ ᠪᠢᠳᠡ ᠡᠨᠡ ᠰᠣᠷᠭᠠᠭᠤᠯᠢ  ᠠᠴᠠ ᠲᠡᠭᠦᠰᠦᠭᠡᠳ ᠶᠠᠪᠤᠴᠢᠬᠠᠪᠠᠯ ᠲᠠᠬᠢᠵᠥ ᠢᠩᠬᠢᠵᠥ ᠴᠣᠭᠯᠠᠷᠠᠨ᠂ ᠥᠨᠦᠳᠦᠷ ᠤᠨ ᠬᠢ ᠰᠢᠭ ᠢᠩᠭᠢᠵᠦ ᠪᠠᠶᠠᠷ ᠬᠦᠷ ᠲᠠᠢ ᠨᠠᠭᠠᠳᠴᠥ ᠲᠡᠶᠢᠯᠦᠨ᠎ᠡ ᠤᠤ︖ ᠭᠡᠵᠥ ᠪᠤᠳᠤᠯ᠎ᠠ᠃ ᠬᠠᠰᠢ ᠯᠡ ᠭᠡᠤᠭᠡᠳ ᠨᠠᠰᠣ ᠰᠠᠶᠢᠬᠠᠨ︕ ᠴᠤᠭ ᠪᠠᠶᠢᠬᠤ ᠨᠡᠩ ᠰᠠᠶᠢᠬᠠᠨ ᠭᠡᠳᠡᠭ ᠢ ᠮᠡᠳᠡᠯ᠎ᠡ᠃        ᠤᠳᠠᠯ ᠦᠭᠡᠢ ᠦᠳᠡ ᠶᠢᠨ ᠬᠤᠶᠢᠨᠠᠬᠢ ᠨᠠᠷᠠ ᠠᠭᠤᠯᠠᠨ ᠲᠤᠯᠤᠭᠠᠢ ᠳᠤ ᠬᠠᠯᠠᠬᠠᠯᠠᠭᠳᠠᠵᠥ᠂ ᠤᠷᠤᠢ ᠶᠢᠨ ᠬᠦᠢᠳᠡᠨ ᠵᠢᠬᠡᠭᠦᠨ ᠵᠢᠪᠡᠷ ᠮᠠᠨ ᠤ ᠬᠠᠴᠠᠷ ᠨᠢᠭᠤᠷ ᠢ ᠱᠦᠷᠭᠦᠭᠡᠨ ᠦᠩᠭᠡᠷᠡᠨ᠎ᠡ᠃ ᠡᠨᠡ ᠦᠶ᠎ᠡ ᠳᠤ ᠪᠢ ᠣᠳᠣ ᠭᠡᠷ ᠵᠦᠭ ᠢᠶᠠᠨ ᠪᠤᠴᠠᠬᠤ ᠪᠤᠯᠤᠯ᠎ᠠ ᠭᠡᠳᠡᠭ ᠢ ᠪᠠᠷᠤᠭᠯᠠᠪᠠ᠃ ᠶᠠᠭ ᠡᠨᠡ ᠦᠶ᠎ᠡ ᠳᠤ ᠪᠠᠭᠰᠢ ᠪᠢᠳᠡᠨ ᠢ ᠴᠣᠭᠯᠠᠭᠠᠨ᠂ ᠨᠦᠬᠦᠳ ᠡ᠂ ᠶᠠᠮᠠᠷ ᠵᠡᠷᠭᠡ ᠨᠠᠭᠠᠳᠪᠠ︖ ᠬᠠᠨᠤᠭᠰᠠᠠ ᠤᠤ︖ ᠭᠡᠵᠥ ᠠᠰᠠᠭᠤᠪᠠ᠃ ᠪᠢᠳᠡ ᠪᠦᠭᠦᠳᠡᠭᠡᠷ ᠲᠠᠭᠠᠳᠠᠢ ᠨᠠᠭᠠᠳᠣᠭᠰᠠᠠ ᠬᠠᠨᠤᠭᠰᠠᠠ ᠭᠡᠵᠥ ᠲᠠᠭᠤ ᠨᠢᠭᠡᠳᠠᠢ ᠬᠠᠷᠢᠭᠤᠯᠠᠵᠠᠭᠠᠪᠠ᠃ ᠠᠭᠤᠯᠠᠨ ᠠᠴᠠ ᠪᠠᠭᠤᠬᠤ ᠳᠤ ᠪᠢᠳᠡ ᠪᠠᠭᠰᠢ ᠪᠠᠨ ᠬᠤᠶᠠᠷ ᠭᠠᠷ ᠠᠴᠠ ᠨᠢ ᠴᠢᠩᠭᠠᠭᠠᠨ᠂ ᠬᠤᠶᠢᠨ᠎ᠠ ᠠᠴᠠ ᠨᠢ ᠬᠡᠳᠤᠨ ᠰᠣᠷᠣᠭᠴᠢ ᠲᠦᠯᠬᠢᠵᠥ ᠪᠠᠭᠤᠪᠠ᠃ ᠭᠡᠲᠡᠯ᠎ᠡ ᠨᠢᠭᠡ ᠨᠦᠬᠡ ᠲᠠᠭᠠᠷᠠᠵᠥ ᠪᠠᠭᠰᠢ ᠶᠢ ᠤᠶᠢᠴᠢᠭᠤᠯᠴᠢᠬᠠᠪᠠ᠃ ᠪᠠᠭᠰᠢ ᠮᠢᠨᠢ ᠬᠠᠮᠢᠶ᠎ᠠ ᠦᠭᠡᠢ ᠨᠦᠬᠦᠳ ᠡ ᠴᠠᠰᠣᠨ ᠲᠠᠭᠡᠷ᠎ᠡ ᠶᠠᠮᠠᠷ ᠶᠠᠭᠠᠬᠢᠳᠠᠭ ᠪᠤᠢ᠂ ᠵᠦᠭᠡᠷ ᠵᠦᠭᠡᠷ ᠭᠡᠵᠥ ᠬᠡᠯᠡᠭᠡᠳ ᠮᠠᠨ ᠲᠠᠢ ᠬᠠᠮᠳᠣ ᠡᠯᠢᠭᠡ  ᠪᠠᠨ ᠬᠦᠰᠢᠳᠡᠯ᠎ᠡ ᠢᠨᠢᠶᠡᠭᠰᠡᠡ ᠰᠢᠤ︕ ᠪᠠᠭᠰᠢ ᠮᠢᠨᠢ ᠦᠨᠦᠳᠦᠷ ᠮᠠᠨ ᠲᠠᠢ ᠴᠤᠭ ᠲᠤᠭᠯᠠᠵᠥ᠂ ᠡᠳᠦᠷ ᠡᠳᠦᠷ ᠤᠨ ᠶᠠᠭᠠᠷᠠᠯᠳᠠᠢ ᠠᠵᠢᠯᠯᠠᠳᠠᠭ ᠢᠶᠠᠨ ᠠᠯᠢ ᠡᠷᠳᠡ ᠮᠠᠷᠳᠠᠵᠥ ᠣᠷᠭᠢᠭᠰᠠᠠ ᠭᠡᠳᠡᠭ ᠨᠢ ᠨᠢᠭᠤᠷ ᠲᠡᠭᠡᠷ᠎ᠡ ᠨᠢ ᠲᠤᠪ ᠲᠤᠳᠤ ᠮᠡᠳᠡᠭᠳᠡᠨ᠎ᠡ᠃ ᠵᠠᠮ ᠳᠤ ᠪᠠᠨ ᠭᠤᠤᠯ ᠲᠠᠭᠡᠷ᠎ᠡ ᠢᠷᠡᠵᠥ ᠮᠦᠰᠦᠨ ᠲᠠᠭᠡᠷ᠎ᠡ ᠬᠠᠯᠭᠠᠷᠢᠨ ᠨᠠᠭᠠᠳᠤᠭᠰᠠᠠ ᠰᠢᠤ︕        ᠪᠠᠭᠰᠢ ᠶᠢᠨ ᠭᠡᠷ ᠲᠤ ᠢᠷᠡᠬᠦ ᠳᠤ ᠵᠠᠵᠢᠨ ᠪᠤᠭᠤᠷᠤᠯ ᠦᠰᠦ ᠨᠢ ᠴᠠᠶᠢᠭᠰᠠᠠ ᠨᠠᠰᠣᠳᠠᠢ ᠡᠮᠡᠭᠡ ᠬᠠᠨᠵᠣᠨ ᠲᠡᠭᠡᠷ᠎ᠠ ᠪᠠᠨ ᠤᠨᠳᠠᠵᠥ ᠪᠠᠶᠢᠬᠤ ᠶᠢ ᠪᠢ ᠤᠯᠵᠥ ᠬᠠᠷᠠᠪᠠ᠃ ᠡᠨᠡ ᠪᠤᠯ ᠪᠠᠭᠰᠢ ᠶᠢᠨ ᠡᠵᠢ ᠭᠡᠳᠡᠭ ᠢ ᠪᠢ ᠪᠠᠷᠣᠭᠯᠠᠪᠠ ᠃ ᠤᠴᠢᠷ ᠨᠢ ᠪᠠᠭᠰᠢ ᠣᠷᠴᠢᠮ ᠡᠵᠢ ᠲᠠᠢ ᠪᠠᠨ ᠬᠠᠮᠳᠣ ᠪᠠᠶᠢᠨ᠎ᠠ ᠭᠡᠵᠥ ᠮᠠᠨ ᠳᠤ ᠬᠡᠯᠡᠵᠥ ᠦᠩᠭᠡᠷᠡᠭᠰᠡᠡ ᠶᠤᠮ᠃ ᠨᠠᠰᠣᠳᠠᠢ ᠡᠮᠡᠭᠡ ᠬᠦᠭᠡᠷᠦᠬᠦᠢ ᠶᠠᠳᠠᠷᠠᠭᠰᠠᠠ ᠪᠤᠯᠤᠯᠳᠠᠢ ᠨᠦᠰᠡᠷ ᠣᠨᠳᠠᠴᠢᠬᠠᠭᠰᠠᠠ ᠪᠠᠶᠢᠵᠠᠢ᠃ ᠮᠠᠨ ᠤ ᠦᠢᠮᠡᠯᠳᠤᠨ ᠣᠷᠣᠬᠤ ᠴᠢᠮᠡᠭᠡ ᠪᠠᠷ ᠡᠮᠡᠭᠡ ᠮᠢᠨᠢ ᠰᠣᠴᠢᠨ ᠰᠡᠷᠢᠵᠥ᠂ ᠢᠯᠠᠢ ᠬᠠᠯᠠᠭ ᠠᠯᠳᠠᠨ ︽ᠠᠢ︕ ᠬᠦᠭᠡᠷᠦᠬᠦᠢ ᠭᠡᠤᠭᠡᠳ  ᠤᠳ ᠮᠢᠨᠢ᠂ ᠶᠢᠰᠥ ᠶᠢᠨ ᠬᠦᠢᠳᠡᠨ ᠳᠤ ᠲᠠᠭᠠᠷᠠᠭᠰᠠᠠ ᠪᠠᠶᠢᠯᠭᠦᠢ︕ ᠬᠤᠷᠳᠤᠨ ᠱᠠᠬᠠᠢ ᠭᠤᠳᠤᠯ ᠢᠶᠠᠨ ᠲᠠᠶᠢᠯᠣᠭᠠᠳ ᠬᠠᠯᠠᠭᠤᠨ ᠬᠠᠨᠵᠤᠨ ᠲᠠᠭᠡᠷ᠎ᠡ ᠭᠠᠷᠴᠥ ᠬᠦᠯ ᠭᠠᠷ ᠢᠶᠠᠨ ᠪᠡᠯᠡᠰ︾ ᠭᠡᠵᠥ ᠬᠡᠯᠡᠬᠦ ᠲᠠᠢ ᠵᠡᠷᠭᠡ ᠨᠠᠬᠢᠶ᠎ᠠ᠂ ᠵᠣᠨ᠎ᠠ᠂ ᠲᠤᠭᠳᠠᠮᠠᠯ᠂ ᠠᠯᠣᠰ ᠪᠢᠳᠡ ᠬᠡᠳᠦᠭᠦᠯᠡ ᠬᠠᠨᠵᠣᠨ ᠲᠡᠭᠡᠷ᠎ᠡ ᠰᠢᠬᠠᠯᠳᠤᠨ ᠭᠠᠷᠴᠤ ᠰᠠᠭᠤᠪᠠ᠃ ᠪᠢ ᠲᠡᠷᠡ ᠬᠠᠯᠠᠭᠤᠨ ᠬᠠᠨᠵᠣᠨ ᠲᠡᠭᠡᠷ᠎ᠡ ᠰᠠᠭᠤᠬᠤ ᠳᠤ ᠶᠠᠭ ᠦᠪᠡᠷ ᠤᠨ ᠭᠡᠷ ᠲᠤ ᠪᠠᠨ ᠬᠠᠨᠵᠤᠨ ᠲᠡᠭᠡᠷ᠎ᠡ ᠰᠠᠭᠤᠵᠥ ᠪᠠᠶᠢᠬᠤ ᠰᠢᠭ᠋ ᠪᠤᠳᠤᠭᠳᠠᠯ᠎ᠠ᠃ ᠲᠡᠭᠡᠭᠡᠳ ᠪᠢᠳᠡ ᠪᠡᠶ᠎ᠡ ᠪᠠᠨ ᠪᠡᠯᠡᠰᠴᠥ ᠪᠠᠷᠠᠭᠠᠳ ᠲᠤᠤᠷ᠎ᠠ ᠪᠠᠭᠤᠵᠥ ᠪᠠᠭ᠎ᠠ ᠰᠠᠭ᠎ᠠ ᠨᠠᠭᠠᠳᠴᠥ᠂ ᠲᠧᠯᠸᠢᠰ ᠦᠵᠡᠬᠦ ᠨᠢ ᠦᠵᠡᠨ᠂ ᠡᠮᠡᠭᠡ ᠲᠠᠢ ᠵᠤᠭᠤᠭᠳᠠᠵᠥ ᠶᠠᠷᠢᠯᠴᠠᠨ᠂ ᠡᠮᠡᠭᠡ ᠪᠠᠨ ᠪᠠᠶᠠᠰᠬᠠᠯ᠎ᠠ︕ ᠡᠮᠡᠭᠡ ᠭᠡᠵᠥ ᠶᠣᠰᠣᠳᠠᠢ ᠭᠡᠣᠭᠡᠳ ᠲᠤ ᠬᠠᠶᠢᠷᠠᠳᠠᠢ᠂ ᠦᠭᠡᠨ ᠳᠤ ᠲᠣᠷᠠᠳᠠᠢ ᠬᠦᠮᠦᠨ ᠪᠠᠶᠢᠯ᠎ᠠ᠃ ᠣᠣᠯ ᠨᠢ ᠡᠮᠡᠭᠡ ᠪᠠᠰᠠ ᠪᠠᠭᠰᠢᠯᠠᠵᠥ ᠪᠠᠶᠢᠭᠰᠠᠠ ᠮᠦᠷᠳᠡᠭᠡᠨ ᠣᠳᠣ ᠠᠵᠢᠯ ᠤᠨ ᠠᠮᠠᠷᠠᠯᠳᠠ ᠪᠠᠨ ᠠᠪᠤᠭᠠᠳ ᠭᠡᠷ ᠲᠤ ᠪᠠᠨ ᠰᠠᠭᠤᠵᠥ ᠪᠠᠶᠢᠭ᠎ᠠ  ᠨᠢ ᠡᠨᠡ ᠪᠠᠶᠢᠵᠠᠢ᠃        ᠮᠠᠨ ᠢ ᠡᠮᠡᠭᠡ ᠲᠠᠢ ᠶᠠᠷᠢᠯᠴᠠᠵᠥ ᠪᠠᠶᠢᠬᠤ ᠬᠤᠭᠤᠷᠤᠨᠳᠣ ᠠᠩᠬᠢ ᠶᠢᠨ ᠪᠠᠭᠰᠢ ᠮᠢᠨᠢ ᠰᠦ ᠲᠠᠢ ᠴᠠᠢ ᠪᠠᠵᠠᠭᠠᠵᠥ ᠪᠡᠯᠡᠳᠭᠡᠴᠢᠬᠡᠭᠡᠳ᠂ ᠰᠢᠷᠡᠭᠡ ᠲᠦᠭᠦᠷᠡᠩ ᠬᠤᠷᠤᠳ ᠰᠠᠭᠠᠯᠢ᠂ ᠪᠤᠳᠪᠤ ᠪᠤᠭᠤᠷᠰᠤᠭ᠂ ᠬᠠᠭᠤᠷᠤᠭᠰᠠᠨ ᠪᠤᠳᠠᠭ᠎ᠠ ᠵᠡᠷᠭᠡ ᠶᠢ ᠦᠷᠦᠵᠥ ᠠᠷᠪᠠᠨ ᠠᠶᠠᠭ᠎ᠠ ᠰᠠᠪᠬ᠎ᠠ ᠲᠠᠯᠪᠢᠴᠢᠬᠠᠭᠰᠠᠠ ᠪᠠᠶᠢᠪᠠ᠃ ᠰᠦ ᠶᠢᠨ ᠦᠨᠦᠷ ᠬᠠᠩᠬᠤᠯᠤᠭᠰᠠᠠ ᠠᠮᠳᠠᠳᠠᠢ ᠰᠠᠶᠢᠬᠠᠨ ᠴᠠᠢ ᠶᠢ ᠬᠦᠯᠦᠰᠦ ᠪᠠᠨ ᠭᠠᠷᠳᠠᠯ᠎ᠠ ᠣᠣᠭᠤᠵᠥ᠂ ᠶᠠᠳᠠᠷᠠᠭ᠎ᠠ ᠴᠢᠯᠡᠭᠡ ᠪᠠᠨ ᠲᠠᠶᠢᠯᠵᠥ᠂ ᠪᠠᠶᠢᠷᠢ ᠳᠤ ᠪᠠᠨ ᠶᠠᠪᠤᠬᠤ ᠪᠤᠯᠤᠯ᠎ᠠ᠃        ᠪᠢᠳᠡ ᠶᠠᠪᠤᠬᠤ ᠠᠴᠠ ᠪᠠᠨ ᠡᠮᠦᠨ᠎ᠡ ᠡᠮᠡᠭᠡ ᠲᠠᠢ ᠪᠠᠨ ᠬᠠᠮᠳᠣ ᠶᠢᠨ ᠰᠡᠭᠦᠳᠡᠷ ᠲᠠᠳᠠᠵᠥ ᠲᠤᠷᠠᠰᠬᠠᠯ ᠦᠯᠡᠳᠡᠭᠡᠪᠡ᠃ ᠴᠢᠩᠬᠢᠭᠡᠳ ᠡᠮᠡᠭᠡ ᠳᠤ ᠪᠠᠨ ︽ᠪᠠᠶᠠᠷᠳᠠᠢ︾ ᠭᠡᠵᠥ ᠬᠡᠯᠡᠭᠡᠳ ᠪᠠᠭᠰᠢ ᠲᠠᠢ ᠪᠠᠨ ᠴᠤᠭ ᠰᠣᠷᠭᠠᠭᠤᠯᠢ ᠵᠦᠭ ᠪᠠᠨ ᠶᠠᠪᠤᠪᠠ᠃ ᠪᠠᠭᠰᠢ ᠠᠮᠣᠷ ᠲᠦᠪᠰᠢᠨ ᠢ ᠪᠤᠳᠤᠯᠬᠢᠯᠠᠵᠥ᠂ ᠪᠠᠶᠢᠷᠢ ᠶᠢᠨ ᠰᠣᠷᠣᠭᠴᠢ ᠶᠢ ᠪᠠᠶᠢᠷᠢ ᠳᠤ ᠬᠦᠷᠭᠡᠨ᠂ ᠠᠶᠢᠯ ᠤᠨ ᠰᠣᠷᠣᠭᠴᠢ ᠶᠢ ᠭᠡᠷ ᠭᠡᠷ ᠲᠤ ᠨᠢ ᠬᠦᠷᠭᠡᠪᠡ᠃ ᠡᠨᠡ ᠭᠠᠷᠠᠭ ᠤᠨ ᠡᠳᠦᠷ ᠪᠤᠯ ᠮᠢᠨᠣ ᠬᠠᠮᠤᠭ  ᠤᠨ ᠢᠯᠡᠭᠦᠣ ᠪᠠᠶᠠᠷᠯᠠᠭᠰᠠᠠ ᠨᠢᠭᠡ ᠡᠳᠦᠷ ᠪᠤᠯᠤᠨ᠎ᠠ᠃ ᠪᠢ ᠬᠡᠵᠢᠶ᠎ᠡ ᠡᠭᠦᠷᠢᠳᠡ ᠪᠠᠭᠰᠢ ᠰᠣᠷᠣᠭᠴᠢ ᠲᠠᠢ ᠪᠠᠨ ᠬᠠᠮᠳᠣ ᠦᠩᠭᠡᠷᠡᠭᠡᠭᠰᠡᠨ ᠡᠨᠡᠬᠦ ᠡᠳᠦᠷ ᠢᠶᠠᠨ ᠮᠠᠷᠳᠠᠬᠤ ᠦᠭᠡᠢ ᠴᠡᠭᠡᠵᠢᠯᠡᠵᠥ ᠶᠠᠪᠤᠨ᠎ᠠ᠃        ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨ‌ᠵᠠᠭᠤᠨ ᠵᠢᠯ ᠤᠨ ᠤᠢ ᠶᠢ ᠳᠤᠷᠠᠰᠬᠠᠬᠤ ᠬᠡᠰᠢᠭᠲᠡᠨ ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠪᠠᠭ᠎ᠠ ᠰᠤᠷᠭᠠᠭᠤᠯᠢ ᠶᠢᠨ ᠳᠤᠭᠤᠶᠢᠯᠠᠩ ᠤᠨ ᠭᠤᠷᠪᠠᠳᠤᠭᠠᠷ ᠳᠡᠰ ᠲᠤ ᠰᠢᠯᠭᠠᠷᠠᠪᠠ︶                      
 
ᠢᠷᠡᠯᠲᠡ᠄ ᠬᠡᠰᠢᠭᠳᠡᠨ ᠬᠤᠰᠢᠭᠤᠨ ᠤ ︽ᠷᠤᠯᠭᠠᠷᠵᠠᠪ︾ ᠠᠷᠠᠳ ᠤᠨ ᠰᠤᠶᠤᠯ ᠤᠷᠠᠯᠢᠭ ᠤᠨ ᠨᠡᠶᠢᠬᠡᠮᠯᠢᠭ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号