| | | ᠵᠠᠬᠢᠳᠠᠯ | ᠬᠡᠰᠢᠭᠳᠡᠨ ᠬᠤᠰᠢᠭᠤᠨ ᠤ ᠳᠠᠯᠠᠶᠢᠨᠠᠭᠤᠷ ᠦᠨᠳᠤᠰᠤᠳᠡᠨ ᠤ ᠳᠤᠷᠰᠢᠯᠳᠠ ᠶᠢᠨ | ᠪᠠᠭ᠎ᠠ ᠰᠣᠷᠭᠠᠭᠤᠯᠢ ᠶᠢᠨ ᠵᠢᠷᠭᠤᠳᠤᠭᠠᠷ ᠤᠨ ᠤ ᠠᠨᠨᠠ | | | | ᠬᠦᠨᠳᠤᠳᠤ ᠬᠠᠶᠢᠷᠠᠳᠤ ᠠᠪᠤ ᠡᠵᠢ ᠳᠠᠨ᠎ᠠ᠄ | ᠠᠵᠢᠯ ᠴᠢᠨᠢ ᠶᠠᠭᠠᠷᠠᠤ ᠤᠤ︖ ᠡᠪᠦᠭᠡ ᠶᠢᠨ ᠡᠪᠡᠳᠴᠢᠨ ᠤᠳᠤ ᠨᠡᠯᠢᠶᠡᠳ ᠵᠦᠬᠡᠷ ᠪᠤᠯᠤᠭᠰᠠᠨ ᠪᠠᠶᠢᠬ᠎ᠠ︖ | ᠠᠪᠤ ᠡᠵᠢ ᠮᠢᠨᠢ ᠳᠤᠩ ᠵᠦᠳᠡᠷᠡᠵᠤ ᠪᠠᠶᠢᠨ᠎ᠠ ᠪᠠ︖ | ᠬᠡᠳᠤᠶᠢᠪᠡᠷ ᠠᠪᠤ ᠡᠵᠢ ᠲᠠᠢ ᠪᠠᠨ ᠭᠠᠷᠠᠭ ᠲᠤ ᠪᠠᠨ ᠨᠢᠬᠡ ᠤᠳᠠᠭ᠎ᠠ ᠠᠭᠤᠯᠵᠠᠳᠠᠭ ᠪᠤᠯᠪᠠᠴᠤ ᠠᠪᠤ ᠡᠵᠢ | ᠮᠢᠨᠢ ᠳᠤᠶᠢᠯ ᠤᠨ ᠶᠠᠭᠠᠷᠠᠤ ᠤᠴᠢᠷ ᠠᠴᠠ ᠶᠠᠷᠤ ᠨᠢ ᠠᠪᠤ ᠡᠵᠢ ᠲᠠᠢ ᠪᠠᠨ ᠰᠡᠳᠬᠢᠯ ᠤᠨ ᠦᠬᠡ ᠪᠠᠨ ᠶᠠᠷᠢᠬᠤ | ᠵᠠᠪᠰᠢᠶᠠᠨ ᠤᠯᠬᠤ ᠦᠬᠡᠢ᠃ ᠠᠪᠤ ᠡᠵᠢ ᠮᠢᠨᠢ ᠡᠳᠤᠷᠵᠢᠨ ᠬᠤᠭᠤᠯᠠᠨ ᠬᠡᠷ ᠲᠤ ᠪᠠᠨ ᠶᠠᠭᠠᠷᠠᠵᠤ ᠮᠤᠩᠭᠠᠨᠢᠵᠤ᠂ | ᠦᠳᠡᠰᠢ ᠬᠡᠷ ᠲᠤ ᠪᠠᠨ ᠬᠠᠷᠢᠪᠠᠯ ᠪᠠᠰᠠ ᠮᠠᠯ ᠤᠨᠤᠭ᠎ᠠ ᠬᠡᠵᠤ ᠦᠰᠤᠨ ᠠᠴᠠ ᠪᠠᠨ ᠤᠯᠠᠨ ᠠᠵᠢᠯ ᠢ ᠭᠠᠷᠳᠠᠵᠤ | ᠬᠢᠳᠡᠭ᠃᠃ ᠡᠳᠡᠭᠡᠷ ᠪᠠᠶᠢᠳᠠᠯ ᠢ ᠦᠵᠡᠭᠡᠳ ᠪᠢ ᠨᠡᠭᠡᠷᠡᠨ ᠬᠡᠷ ᠲᠤ ᠪᠠᠨ ᠤᠴᠢᠵᠤ ᠠᠪᠤ ᠡᠵᠢ ᠪᠠᠨ ᠬᠠᠪᠰᠤᠷᠤᠶ᠎ᠠ᠂ | ᠦᠴᠤᠬᠡᠨ ᠴᠤ ᠭᠡᠰᠡᠨ ᠳᠤᠰᠠ ᠪᠤᠯᠤᠶ᠎ᠠ ᠬᠡᠵᠤ ᠪᠤᠳᠤᠳᠠᠭ᠃ ᠤᠳᠠᠭ᠎ᠠ ᠪᠤᠯᠭᠠᠨ ᠢᠡᠭᠬᠢᠵᠤ ᠬᠡᠯᠡᠬᠦ ᠶᠢ | ᠰᠤᠨᠤᠰᠤᠭᠰᠠᠨ ᠡᠵᠢ ᠮᠢᠨᠢ᠄ ︽ᠦᠬᠢᠨ ᠮᠢᠨᠢ᠂ ᠨᠤᠮ ᠪᠢᠴᠢᠭ ᠢᠶᠠᠨ ᠰᠠᠶᠢᠨ ᠰᠤᠷᠴᠤ᠂ ᠤᠬᠠᠭᠠᠨ ᠳᠤᠮᠤᠭ᠎ᠠ ᠲᠠᠢ | ᠪᠤᠯ ᠠᠪᠤ ᠡᠵᠢ ᠨᠢ ᠬᠡᠴᠢᠨᠡᠨ ᠶᠠᠳᠠᠷᠠᠭᠰᠠᠨ ᠴᠤ ᠵᠤᠯ ᠵᠢᠷᠭᠠᠯ ᠲᠠᠢ ᠰᠢᠤ︕︾ ᠬᠡᠵᠤ ᠬᠡᠯᠡᠳᠡᠭ ᠪᠠᠶᠢᠯ᠎ᠠ᠃ | ᠡᠵᠢ ᠮᠢᠨᠢ᠂ ᠲᠠ ᠪᠤᠯ ᠨᠢᠬᠡᠨ ᠡᠶᠡᠯᠳᠡᠭ ᠰᠠᠶᠢᠬᠠᠨ ᠵᠠᠩ ᠲᠠᠢ᠂ ᠠᠵᠢᠯᠴᠢ ᠪᠤᠷᠤᠭᠵᠢᠭᠤᠨ ᠡᠭᠡᠯ ᠵᠢᠷ ᠤᠨ | ᠮᠠᠯᠴᠢᠨ ᠪᠦᠰᠡᠭᠦᠢ ᠶᠤᠮ᠃ ᠪᠢ ᠤᠳᠠᠭ᠎ᠠ ᠪᠤᠯᠭᠠᠨ ᠲᠠᠨ ᠳᠤ ᠦᠪᠡᠷ ᠤᠨ ᠡᠬᠡ ᠬᠡᠯᠡ ᠪᠠᠷ ᠤᠡᠭᠰᠢᠵᠤ ᠤᠶᠠᠩᠭᠠᠯᠠᠵᠤ | ᠦᠭᠭᠦ ᠳᠤ ᠲᠠᠨ ᠤ ᠴᠢᠷᠠᠢ ᠳᠤ ᠪᠠᠶᠠᠷ ᠤᠨ ᠮᠦᠰᠢᠶᠠᠳᠤ ᠳᠤᠳᠤᠷᠠᠵᠤ᠂ ᠦᠷ᠎ᠡ ᠶᠢᠨ ᠭᠠᠭᠴᠠ ᠦᠬᠢᠨ ᠨᠢ ᠦᠪᠡᠷ | ᠤᠨ ᠡᠬᠡ ᠬᠡᠯᠡ ᠪᠠᠷ ᠢᠶᠠᠨ ᠤᠷᠤᠰᠤᠮ᠎ᠠ ᠰᠠᠶᠢᠬᠠᠨ ᠶᠠᠷᠢᠵᠤ ᠪᠠᠶᠢᠭ᠎ᠠ ᠳᠤ ᠳᠤᠶᠢᠯ ᠤᠨ ᠤᠮᠤᠭᠰᠢᠵᠤ ᠪᠠᠶᠢᠭ᠎ᠠ ᠨᠢ | ᠢᠯᠡᠬᠡᠨ ᠪᠠᠶᠢᠯ᠎ᠠ᠃ ᠡᠵᠢ ᠡ᠂ ᠲᠠᠨ ᠤ ᠪᠠᠶᠡᠷ ᠤᠨ ᠮᠦᠰᠢᠶᠡᠳᠤ ᠠᠴᠠ ᠪᠢ ᠬᠦᠮᠤᠨ ᠪᠤᠯᠬᠤ ᠶᠤᠰᠤ ᠤᠴᠢᠷ ᠢ | ᠤᠯᠵᠤ ᠲᠠᠨᠢᠭᠰᠠᠨ ᠶᠤᠮ᠃ | ᠠᠪᠤ ᠶᠢᠨ ᠢᠶᠠᠨ ᠰᠢᠷᠦᠬᠦᠨ ᠬᠠᠷᠠᠴᠠ ᠠᠴᠠ ᠪᠢ ᠳᠤᠩ ᠠᠶᠤᠳᠠᠭ ᠪᠤᠯᠪᠠᠴᠤ ︽ᠬᠠᠯᠠ ᠨᠢ ᠭᠠᠳᠠᠨ᠎ᠠ᠂ | ᠬᠠᠶᠢᠷ᠎ᠠ ᠨᠢ ᠳᠤᠳᠤᠨ᠎ᠠ︾ ᠭᠡᠳᠡᠭᠴᠢᠯᠡᠨ ᠬᠠᠶᠢᠷᠠᠳᠤ ᠠᠪᠤ ᠮᠢᠨᠢ ᠮᠢᠨᠤ ᠳᠦᠯᠦᠬᠡ ᠡᠳᠤᠷᠵᠢᠨ ᠪᠤᠷᠪᠢ ᠪᠤᠬᠢᠰᠬᠢᠯ | ᠦᠬᠡᠢ ᠠᠵᠢᠯᠯᠠᠵᠤ᠂ ᠦᠷ᠎ᠡ ᠶᠢᠨ ᠢᠶᠠᠨ ᠳᠦᠯᠦᠬᠡ ᠵᠢᠳᠬᠦᠳᠡᠭ ᠡᠴᠢᠬᠡ ᠬᠦᠮᠤᠨ ᠤ ᠬᠠᠶᠢᠷ᠎ᠠ ᠶᠢ ᠦᠪᠡᠷ ᠤᠨ ᠡᠷᠬᠡ | ᠦᠬᠡᠢ ᠤᠬᠠᠮᠰᠠᠷᠯᠠᠵᠤ ᠳᠠᠨᠢᠭᠤᠯᠤᠭᠰᠠᠨ ᠶᠤᠮ᠃ | ᠡᠶᠢᠮᠤ ᠠᠭᠤᠤ ᠶᠡᠭᠡ ᠠᠪᠤ ᠡᠵᠢ ᠲᠠᠢ ᠳᠤ ᠪᠠᠨ ᠪᠢ ᠳᠤᠩ ᠤᠮᠤᠭᠰᠢᠳᠠᠭ᠃ ᠠᠪᠤ ᠡᠵᠢ ᠶᠢᠨ ᠢᠶᠠᠨ | ᠬᠦᠮᠤᠵᠢᠯ ᠳᠤᠤᠷ᠎ᠠ ᠪᠢ ᠨᠢᠬᠡᠨ ᠶᠤᠰᠤ ᠮᠤᠷᠠᠯ ᠲᠠᠢ ᠰᠢᠯᠢᠳᠡᠭ ᠰᠤᠷᠤᠭᠴᠢ ᠪᠤᠯᠵᠤ ᠬᠦᠮᠦᠵᠢᠭᠳᠡᠯᠡ᠃ ᠠᠪᠤ ᠡᠵᠢ | ᠮᠢᠨᠢ︕ ᠦᠷ᠎ᠡ ᠴᠢᠨᠢ ᠲᠠᠨ ᠳᠠᠭᠠᠨ ᠳᠠᠯᠠᠷᠬᠠᠵᠤ ᠪᠠᠶᠢᠨ᠎ᠠ᠃ ᠲᠠ ᠨᠠᠷ ᠢ ᠪᠠᠨ ᠳᠠᠬᠢᠵᠤ ᠰᠡᠳᠬᠢᠯ ᠠᠯᠭᠠᠰᠠᠭᠤᠯᠬᠤ | ᠦᠬᠡᠢ ᠶᠢᠨ ᠳᠤᠰᠠᠳᠠ ᠪᠢ ᠰᠤᠷᠤᠭᠴᠢ ᠠᠮᠢᠳᠤᠷᠠᠯ ᠤᠨ ᠪᠠᠶᠢᠳᠠᠯ ᠢᠶᠠᠨ ᠬᠠᠷᠢᠭᠤ ᠮᠡᠳᠡᠭᠦᠯᠵᠤ᠂ ᠡᠨᠡᠬᠦ ᠬᠤᠪᠢ | ᠵᠠᠬᠢᠳᠠᠯ ᠢᠶᠠᠨ ᠪᠢᠴᠢᠯ᠎ᠡ …… | ᠮᠢᠨᠤ ᠨᠠᠶᠢᠵᠠ ᠨᠦᠬᠦᠳ ᠬᠡᠵᠤ ᠴᠤᠪᠤᠭᠤ ᠳᠡᠭᠵᠢᠨ ᠬᠦᠬᠡᠷᠤᠬᠦᠨ ᠵᠠᠩ ᠠᠭᠠᠯᠢ ᠲᠠᠢ ᠬᠡᠤᠬᠡᠳ ᠤᠳ ᠶᠤᠮ | ᠃ ᠪᠢ ᠵᠢᠷᠭᠤᠭᠠᠨ ᠵᠢᠯ ᠡᠳᠡᠭᠡᠷ ᠨᠠᠶᠢᠵᠠ ᠲᠠᠢ ᠪᠠᠨ ᠰᠠᠶᠢᠬᠠᠨ ᠦᠶᠡᠷᠭᠡᠵᠤ ᠨᠠᠶᠢᠵᠠᠯᠠᠵᠤ ᠶᠠᠪᠤᠯ᠎ᠠ᠂ ᠬᠠᠮᠳᠤ | ᠰᠤᠷᠤᠯᠴᠠᠵᠤ ᠶᠠᠪᠤᠯ᠎ᠠ᠃ ᠮᠢᠨᠤ ᠤᠨᠠᠭᠠᠨ ᠪᠠᠭ᠎ᠠ ᠶᠢᠨ ᠳᠤᠷᠠᠰᠤᠮᠵᠢ ᠳᠤ ᠮᠦᠡᠭᠭᠡ ᠶᠢᠨ ᠰᠠᠶᠢᠬᠠᠨ ᠳᠤᠷᠠᠳᠬᠠᠯ | ᠪᠤᠯᠵᠤ ᠬᠤᠴᠤᠷᠤᠭᠰᠠᠨ ᠶᠤᠮ᠃ ᠡᠨᠡᠬᠦ ᠰᠤᠷᠤᠭᠴᠢ ᠠᠮᠢᠳᠤᠷᠠᠯ ᠳᠤᠮᠳᠠ ᠪᠢ ᠳᠤᠩ ᠤᠯᠠᠨ ᠶᠤᠰᠤ ᠤᠴᠢᠷ ᠢ | ᠤᠯᠵᠤ ᠮᠡᠳᠡᠭᠰᠡᠨ ᠶᠤᠮ᠃ | ᠰᠤᠷᠤᠭᠴᠢ ᠬᠦᠮᠤᠨ ᠤ ᠭᠤᠤᠯ ᠡᠭᠦᠷᠭᠡ ᠪᠤᠯ ᠰᠤᠷᠤᠯᠭ᠎ᠠ ᠶᠤᠮ᠃ ᠤᠳᠤ ᠪᠢ ᠳᠠᠨ ᠳᠤ ᠪᠠᠨ ᠳᠤᠰ | ᠬᠤᠭᠤᠴᠠᠭᠠᠨ ᠤ ᠰᠤᠷᠤᠯᠭ᠎ᠠ ᠶᠢᠨ ᠪᠠᠶᠢᠳᠠᠯ ᠢᠶᠠᠨ ᠳᠦᠬᠦᠮ ᠬᠠᠷᠢᠭᠤ ᠮᠡᠳᠡᠭᠦᠯᠦᠯᠳᠡ ᠬᠢᠶ᠎ᠡ᠃ ᠳᠤᠰ ᠬᠤᠭᠤᠴᠠᠭ᠎ᠠ | ᠮᠢᠨᠤ ᠮᠤᠩᠭᠤᠯ ᠬᠡᠯᠡ ᠶᠡᠭᠡ ᠳᠠᠪᠰᠢᠯᠳᠠ ᠲᠠᠢ ᠪᠤᠯᠵᠠᠢ᠃ ᠳᠤᠰ ᠬᠤᠭᠤᠴᠠᠭ᠎ᠠ ᠰᠤᠷᠭᠠᠭᠤᠯᠢ ᠠᠴᠠ ᠡᠷᠬᠢᠯᠡᠭᠰᠡᠨ | ᠬᠠᠮᠳᠤ ᠶᠢᠨ ᠰᠢᠯᠦᠭ ᠤᠨ ᠤᠷᠤᠯᠳᠤᠭᠠᠨ ᠳᠤ ᠨᠠᠶᠢᠵᠠ ᠲᠠᠢ ᠪᠠᠨ ᠤᠷᠤᠯᠴᠠᠭᠠᠳ ᠳᠡᠷᠢᠬᠦᠨ ᠨᠡᠷ᠎ᠡ ᠶᠢ ᠴᠢᠷᠮᠠᠶᠢᠨ | ᠤᠯᠤᠭᠰᠠᠨ ᠶᠤᠮ᠃ ᠪᠤᠰᠤᠳ ᠳᠦᠷᠤᠯ ᠳᠤ ᠪᠠᠨ ᠴᠤ ᠳᠤᠩ ᠶᠡᠭᠡ ᠳᠠᠪᠰᠢᠯᠳᠠ ᠲᠠᠢ ᠪᠤᠯᠤᠭᠰᠠᠨ ᠰᠢᠤ᠃ ᠳᠤᠰ | ᠬᠤᠭᠤᠴᠠᠭ᠎ᠠ ᠪᠢ ᠨᠠᠶᠢᠵᠠ ᠨᠠᠨᠳᠢᠨ ᠲᠠᠢ ᠪᠠᠨ ᠰᠤᠷᠭᠠᠭᠤᠯᠢ ᠪᠠᠨ ᠳᠦᠯᠦᠬᠡᠯᠡᠵᠤ᠂ ᠬᠤᠰᠢᠭᠤᠨ ᠳᠤ ᠤᠴᠢᠵᠤ᠂ | ᠭᠤᠷᠪᠠᠨ ᠬᠡᠯᠡᠨ ᠤ ᠶᠠᠷᠢᠶ᠎ᠠ ᠢᠯᠡᠳᠬᠡᠯ ᠤᠨ ᠤᠷᠤᠯᠳᠤᠭᠠᠨ ᠳᠤ ᠤᠷᠤᠯᠴᠠᠭᠰᠠᠨ ᠰᠢᠣ︕ ᠮᠠᠨ ᠤ ᠬᠤᠶᠠᠭᠤᠯᠠ ᠪᠠᠨ | ᠪᠦᠷ ᠦᠨᠳᠤᠷ ᠬᠢᠷᠢ ᠪᠦᠳᠤᠮᠵᠢ ᠤᠯᠵᠤ᠂ ᠡᠬᠡ ᠰᠤᠷᠭᠠᠭᠤᠯᠢ ᠳᠠᠭᠠᠨ ᠦᠴᠤᠬᠡᠨ ᠴᠤ ᠭᠡᠰᠡᠨ ᠦᠡᠭᠭᠡ ᠭᠡᠷᠡᠯ | ᠨᠡᠮᠡᠷᠢᠯᠡᠭᠰᠡᠨ ᠶᠤᠮ᠃ | ᠠᠪᠤ ᠡᠵᠢ ᠡ᠂ ᠵᠠᠬᠢᠳᠠᠯ ᠤᠨ ᠡᠴᠤᠰ ᠲᠠ ᠨᠠᠷ ᠲᠤ ᠪᠠᠨ ᠳᠠᠬᠢᠵᠤ ᠨᠢᠬᠡ ᠤᠴᠢᠷ ᠢ ᠨᠠᠶᠢᠳᠠᠶ᠎ᠠ︕ ᠠᠪᠤ | ᠡᠵᠢ ᠮᠢᠨᠢ᠂ ᠪᠡᠶ᠎ᠡ ᠪᠠᠨ ᠭᠠᠮᠨᠠᠵᠤ ᠶᠠᠪᠤᠭᠠᠷᠠᠢ︕ | ᠵᠠᠬᠢᠳᠠᠯ ᠤᠨ ᠡᠴᠤᠰ ᠠᠴᠢᠯᠠᠯ ᠤᠨ ᠳᠡᠭᠷᠢ ᠠᠪᠤ ᠡᠵᠢ ᠮᠢᠨᠢ ᠤᠷᠳᠤ ᠨᠠᠰᠤᠯᠠᠵᠤ᠂ ᠤᠳᠠᠭᠠᠨ ᠵᠢᠷᠭᠠᠭᠠᠷᠠᠢ︕ | | | | ᠡᠬᠦᠨᠡ ᠦᠬᠢᠨ ᠴᠢᠨᠢ ᠠᠨᠠᠨ ᠠᠴᠠ ᠶᠤᠰᠤᠯᠠᠪᠠ᠃ | 2015 ᠤᠨ ᠤ 9 ᠰᠠᠷ᠎ᠠ ᠶᠢᠨ16 ᠤ ᠡᠳᠤᠷ | | | | ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨᠵᠠᠭᠤᠨ ᠵᠢᠯ ᠤᠨ ᠤᠢ ᠶᠢ ᠳᠤᠷᠠᠰᠬᠠᠬᠤ | ᠬᠡᠰᠢᠭᠲᠡᠨᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠪᠠᠭ᠎ᠠ ᠰᠤᠷᠭᠠᠭᠤᠯᠢ ᠶᠢᠨ | ᠳᠤᠭᠤᠶᠢᠯᠠᠩ ᠤᠨ ᠭᠤᠷᠪᠠᠳᠤᠭᠠᠷ ᠳᠡᠰ ᠲᠤ ᠰᠢᠯᠭᠠᠷᠠᠪᠠ︶ | | |