ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠳᠤ ᠵᠤᠷᠢᠭᠤᠯᠤᠭᠰᠠᠨ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠪᠠᠭ᠎ᠠ ᠰᠤᠷᠭᠠᠭᠤᠯᠢ ᠶᠢᠨ ᠳᠤᠭᠤᠶᠢᠯᠠᠩ ᠤᠨ ᠱᠠᠩᠨᠠᠯ ᠬᠦᠷᠳᠡᠭᠰᠡᠨ ᠪᠦᠳᠦᠬᠡᠯ ︵ᠭᠤᠷᠪᠠ︶
ᠨᠡᠶᠢᠲᠡᠯᠡᠭᠰᠡᠨ ᠴᠠᠭ᠄
2016-12-08
ᠡᠬᠡ ᠬᠡᠯᠡ ᠪᠠᠨ ᠲᠡᠭᠡᠲᠦᠯᠡᠵᠦ ᠶᠠᠪᠥᠶ᠎ᠠ                        ᠬᠡᠰᠢᠭᠳᠡᠨ ᠬᠤᠰᠢᠭᠤᠨ ᠤ ᠪᠢᠷᠠᠭᠤ ᠳᠠᠬᠢ ᠮᠣᠩᠭᠤᠯ ᠪᠠᠭ᠎ᠠ ᠰᠣᠷᠭᠠᠭᠤᠯᠢ   ᠶᠢᠨ                        ᠳᠠᠪᠤᠳᠤᠭᠠᠷ ᠤᠨ ᠤ ᠭᠤᠷᠪᠠᠳᠤᠭᠠᠷ ᠠᠩᠬᠢ ᠶᠢᠨ   ᠮᠦᠰᠢᠶᠡᠯ        ᠦᠢ ᠲᠦᠮᠡᠨ ᠮᠤᠩᠭᠤᠯ ᠤᠨ ᠦᠷᠡᠰ ᠪᠢᠳᠡ ᠪᠦᠭᠦᠳᠡᠭᠡᠷ ᠢᠶᠠᠨ ᠡᠬᠡ ᠬᠡᠯᠡ ᠪᠠᠨ ᠰᠢᠮᠡᠵᠦ ᠦᠰᠦᠭᠰᠡᠨ ᠡᠩᠬᠦᠷᠠᠢ ᠬᠡᠦᠬᠡᠳ ᠪᠠᠶᠢᠭ᠎ᠠ ᠰᠢᠥ︕ ᠡᠬᠡ ᠬᠡᠯᠡᠨ ᠤ ᠪᠠᠨ ᠨᠣᠭᠤᠭᠠᠨ ᠲᠡᠨᠵᠢᠨ ᠲᠡᠭᠡᠷ᠎ᠡ ᠲᠣᠭᠯᠠᠨ ᠲᠣᠷᠨᠢᠵᠥ ᠪᠠᠶᠢᠭ᠎ᠠ ᠨᠢ ᠨᠠᠳᠠ ᠬᠡᠴᠢᠨᠡᠨ ᠵᠢᠷᠭᠠᠯᠲᠠᠢ ᠰᠠᠨᠠᠭᠳᠠᠳᠠᠭ ᠢ ᠪᠣᠣ ᠮᠡᠳᠡ᠃ ᠪᠢ ᠦᠪᠡᠷ ᠤᠨ ᠦᠨᠳᠦᠰᠦᠳᠡᠨ ᠢᠶᠠᠨ ᠶᠣᠰᠣᠲᠠᠢ ᠬᠠᠮᠤᠭ ᠤᠨ ᠦᠨᠢ ᠣᠳᠠᠭᠠᠨ ᠲᠡᠣᠬᠡ ᠲᠠᠢ ᠬᠠᠮᠤᠭ ᠤᠨ ᠡᠷᠡᠯᠬᠡᠭ ᠪᠠᠭᠠᠳᠣᠷᠯᠢᠭ ᠦᠨᠳᠦᠰᠦᠳᠡᠨ ᠭᠡᠵᠦ ᠪᠣᠳᠣᠵᠣ ᠪᠢᠰᠢᠷᠡᠵᠣ ᠶᠠᠪᠥᠳᠠᠭ᠃                ᠦᠨᠦᠳᠦᠷ ᠲᠤ ᠲᠣᠯᠳᠠᠯ᠎ᠠ ᠣᠷᠣᠰᠣᠮ᠎ᠠ ᠰᠠᠶᠢᠬᠠᠨ ᠬᠡᠯᠡ ᠠᠪᠢᠶ᠎ᠠ᠂ ᠠᠭᠤᠳᠠᠮ ᠴᠠᠶᠢᠯᠭᠠᠨ ᠣᠢ ᠣᠬᠠᠭᠠᠨ  ᠢᠶᠠᠨ ᠬᠠᠷᠠᠮ ᠦᠬᠡᠢ ᠢᠪᠢᠯᠦᠭᠦᠯᠵᠦ ᠬᠦᠮᠦᠨ ᠠᠴᠠ ᠳᠡᠭᠡᠭᠦᠷ ᠶᠠᠪᠣᠭᠤᠯᠣᠭᠰᠠᠨ ᠡᠬᠡ ᠬᠡᠯᠡ ᠪᠠᠨ ᠪᠢᠳᠡ ᠶᠠᠮᠠᠷ ᠰᠢᠣᠬᠠᠨ ᠠᠪᠴᠥ ᠶᠠᠪᠣᠭ᠎ᠠ ᠪᠢᠯᠡ︖ ᠶᠠᠭᠠᠬᠢᠬᠤ ᠳᠠᠭᠠᠨ ᠡᠬᠡ ᠬᠡᠯᠡ ᠮᠠᠨᠢ ᠶᠠᠪᠣᠬᠤ ᠲᠣᠰᠣᠮ ᠢᠶᠠᠨ ᠲᠠᠴᠢᠷ ᠪᠣᠯᠣᠭᠰᠠᠨ ᠪᠣᠢ︖        ᠣᠶᠢᠷ᠎ᠠ ᠶᠢᠨ ᠵᠢᠯ ᠠᠴᠠ ᠮᠣᠩᠭᠤᠯ ᠰᠣᠷᠭᠠᠭᠤᠯᠢ ᠨᠤᠭᠤᠳ ᠢᠶᠠᠷ ᠠᠩᠭ᠍ᠯᠢ ᠬᠡᠯᠡ ᠶᠢ ᠬᠦᠨᠳᠦᠳᠬᠡᠨ ᠰᠣᠷᠣᠭᠰᠠᠨ ᠠᠴᠠ ᠪᠢᠳᠡ ᠴᠣ᠋ ᠠᠩᠭ᠍ᠯᠢ ᠬᠡᠯᠡ ᠨᠢ ᠳᠡᠯᠡᠬᠡᠢ ᠨᠡᠶᠢᠳᠡ ᠶᠢᠨ ᠬᠡᠯᠡ ᠪᠣᠯᠬᠤ ᠶᠢ ᠳᠠᠨᠢᠵᠦ ᠣᠯᠠᠩᠬᠢ ᠨᠦᠬᠦᠳ ᠮᠢᠨᠢ᠄ ︽ᠠᠩᠭ᠍ᠯᠢ ᠬᠡᠯᠡ ᠪᠠᠨ ᠰᠠᠶᠢᠨ ᠰᠣᠷᠴᠣ ᠲᠣᠮᠣ ᠪᠣᠯᠣᠭᠠᠳ ᠭᠠᠳᠠᠭᠠᠳᠤ ᠳᠤ ᠭᠠᠷᠴᠤ ᠠᠮᠢᠳᠤᠷᠠᠪᠠᠯ ᠶᠠᠭᠠᠬᠢᠬᠰᠠᠨ ᠭᠤᠶᠤ ᠪᠤᠢ︖︾ ᠭᠡᠰᠡᠨ ᠠᠯᠣᠰ ᠭᠡᠳᠤ ᠶᠢᠨ ᠬᠦᠰᠠᠯ ᠲᠠᠢ ᠪᠠᠶᠢᠯ᠎ᠠ᠃ ᠨᠡᠩ ᠴᠦ ᠲᠦᠷᠤᠮᠡᠭᠴᠠ ᠯᠠ ᠬᠢᠳᠠᠤᠨ ᠬᠡᠯᠡᠨ ᠤ ᠨᠦᠯᠤᠬᠡᠯᠡᠯ ᠢ ᠬᠦᠷᠳᠡᠭᠰᠠᠨ ᠤᠯᠡᠩᠬᠢ ᠨᠦᠬᠦᠤᠨ ᠮᠢᠨᠢ᠄ ︽ᠬᠢᠳᠠᠤᠨ ᠬᠡᠯᠡ ᠢᠶᠠᠨ ᠰᠤᠷᠴᠢᠬᠠᠪᠠᠯ ᠬᠤᠵᠢᠮ ᠠᠵᠢᠯ ᠤᠯᠬᠤ ᠳᠤ ᠠᠮᠠᠷ ᠭᠡᠵᠤ ᠡᠵᠢ ᠮᠢᠨᠢ ᠭᠡᠯᠡᠳᠡᠭ︾ ᠭᠡᠬᠦᠴᠢᠯᠡᠨ ᠮᠤᠩᠭᠤᠯ ᠢᠶᠠᠷ ᠪᠢᠴᠢᠭ ᠦᠵᠡᠪᠡᠯ ᠦᠪᠤᠷ ᠮᠤᠩᠭᠤᠯ ᠳᠤ ᠪᠠᠨ ᠬᠡᠷᠡᠭᠯᠡᠵᠤ ᠪᠤᠯᠬᠤ ᠠᠴᠠ ᠪᠢᠰᠢ ᠪᠤᠰᠤᠤᠨ ᠮᠤᠵᠢ ᠬᠤᠳᠠ ᠳᠤ ᠣᠴᠢᠪᠠᠯ ᠬᠡᠷᠡᠭ ᠥᠬᠡᠢ ᠪᠤᠯᠤᠨ᠎ᠠ ᠰᠢᠦ ᠭᠡᠵᠤ ᠬᠠᠷᠢᠯᠴᠠᠨ ᠢᠤᠨᠬᠠᠯᠴᠠᠬᠤ ᠨᠢ ᠵᠦᠡᠭᠳᠡᠬᠡᠨ ᠪᠤᠯᠤᠯ᠎ᠠ᠃        ᠲᠡᠬᠡᠪᠡᠯ ᠮᠠᠨ ᠤ ᠮᠤᠩᠭᠤᠯᠴᠤᠤᠨ ᠪᠤᠰᠤᠤᠨ ᠤᠨ ᠬᠡᠯᠨ ᠶᠢ ᠪᠠᠭ᠋ᠠᠷᠬᠠᠵᠤ᠂ ᠨᠢᠳᠤᠨ ᠡᠮᠤᠨᠡᠬᠢ ᠠᠰᠢᠭ ᠲᠤᠰᠠ ᠪᠠᠨ ᠪᠤᠳᠤᠯᠬᠢᠯᠠᠵᠤ᠂ ᠦᠪᠡᠷ ᠤᠨ ᠦᠬᠡ ᠬᠡᠯᠨ᠂ ᠦᠰᠤᠭ᠌ ᠪᠢᠴᠢᠭ ᠢᠶᠠᠨ ᠲᠠᠶᠠᠬᠳᠠᠬᠳᠠᠭ ᠪᠣᠯ ᠦᠪᠡᠷ ᠤᠨ ᠭᠠᠷ ᠲᠠᠬᠢ ᠢᠷᠳᠥ ᠵᠡᠪᠰᠡᠭ ᠢᠶᠠᠨ ᠵᠢᠪᠡᠷᠡᠬᠡᠵᠤ ᠬᠤᠭᠤᠰᠤᠨ ᠬᠤᠳᠠ ᠰᠠᠬᠢᠬᠰᠠᠨ ᠵᠠᠩᠵᠤᠨ ᠪᠤᠯᠬᠤ ᠳᠤ ᠤᠶᠢᠷᠠᠳᠤᠬᠰᠠᠨ ᠭᠡᠵᠤ  ᠮᠡᠳᠡ︕        ᠮᠠᠨ ᠤ ᠤᠯᠤᠰ ᠤᠨ ᠲᠠᠪᠢᠨ ᠵᠢᠷᠭᠤᠭᠠᠨ ᠦᠨᠳᠣᠰᠤᠳᠠᠨ ᠤ ᠲᠤᠳᠤᠷ᠎ᠠ ᠦᠪᠡᠷ ᠤᠨ ᠦᠬᠡ ᠬᠡᠯᠨ ᠦᠰᠤᠭ᠌ ᠪᠢᠴᠢᠭ ᠢᠶᠠᠨ ᠴᠦ ᠮᠠᠷᠳᠠᠬᠰᠠᠨ ᠪᠤᠳᠠᠳᠤ ᠲᠡᠤᠬᠡ ᠪᠤᠢ᠃ ᠵᠠᠭᠤ ᠢᠯᠡᠬᠦᠤ ᠵᠢᠯ ᠤᠨ ᠴᠠᠴᠡᠭᠯᠡᠨ ᠪᠠᠳᠠᠷᠠᠬᠰᠠᠨ ᠮᠠᠨᠵᠤ ᠦᠨᠳᠤᠰᠤᠳᠠᠨ ᠦᠪᠡᠷ ᠤᠨ ᠦᠬᠡ ᠬᠡᠯᠨ ᠦᠰᠤᠭ᠌  ᠪᠢᠴᠢᠭ ᠢᠶᠠᠨ ᠤᠷᠬᠢᠵᠤ ᠬᠠᠶᠠᠬᠰᠠᠨ ᠠᠴᠠ ᠲᠦᠷᠤ ᠨᠢ ᠮᠦᠬᠦᠭᠰᠠᠨ᠃        ᠡᠨᠡ ᠶᠡᠭᠡ ᠦᠷᠢᠰᠤᠯᠳᠤᠬᠡᠨᠳᠤ ᠨᠠᠶᠢᠬᠡᠮ ᠳᠤ ᠪᠢᠳᠠ ᠲᠡᠬᠡᠪᠡᠯ ᠵᠢᠯᠤᠭᠤ ᠪᠠᠨ ᠬᠠᠮᠢᠭᠠᠰᠢ ᠬᠠᠨᠳᠤᠭᠤᠯᠪᠠᠯ ᠵᠤᠬᠢᠬᠤ ᠪᠤᠢ︖        ᠨᠠᠶᠢᠵᠠ ᠨᠠᠷ ᠡ︕ ᠪᠢᠳᠠ ᠮᠤᠩᠭᠤᠯ ᠪᠢᠴᠢᠭ ᠢᠶᠠᠨ ᠰᠤᠷᠤᠶ᠎ᠠ︕        ᠮᠤᠩᠭᠤᠯ ᠢᠶᠠᠷ ᠰᠤᠷᠤᠭᠠᠤᠨ ᠦᠬᠡᠳᠠᠯᠠᠬᠦ ᠦᠬᠡᠢ ᠭᠡᠰᠠᠨ        ᠮᠤᠩᠬᠠᠭ ᠶᠡᠷᠢᠶᠡᠨ ᠤ ᠪᠤᠷᠤᠭᠤ ᠶᠢ ᠭᠡᠷᠡᠴᠢᠯᠠᠨ ᠰᠤᠷᠤᠶ᠎ᠠ        ᠮᠤᠷᠢ ᠪᠠᠨ ᠭᠡᠭᠡᠪᠡᠴᠤ ᠬᠡᠯᠨ ᠪᠠᠨ ᠭᠡᠭᠡᠬᠦ ᠦᠭᠡᠢ ᠭᠡᠰᠠᠨ        ᠮᠦᠡᠭᠬᠡ ᠰᠠᠨᠠᠭᠠᠨ ᠤ ᠵᠤᠷᠢᠭ ᠲᠤ ᠰᠢᠳᠤᠨ ᠰᠤᠷᠤᠶ᠎ᠠ        ᠭᠡᠯᠨ ᠪᠠᠨ ᠭᠤᠯᠤᠬᠰᠠᠨ ᠭᠡᠴᠡᠬᠦᠤ ᠬᠦᠮᠤᠰ ᠤᠨ        ᠠᠷᠭ᠎ᠠ ᠶᠢ  ᠪᠠᠷᠠᠭᠳᠠᠭᠤᠯᠤᠨ ᠰᠤᠷᠤᠶ᠎ᠠ        ᠬᠡᠯᠨ ᠦᠭᠡᠢ ᠬᠤᠴᠤᠷᠤᠭᠰᠠᠨ ᠲᠠᠷᠠ ᠲᠠᠤᠬᠡ ᠶᠢ ᠰᠠᠨᠠᠵᠤ        ︽ᠪᠢ ᠮᠤᠩᠭᠤᠯ ᠬᠡᠯᠨ ᠲᠠᠢ᠂ ᠮᠠᠨᠳᠤᠬᠰᠠᠨ ᠲᠠᠤᠬᠡ ᠲᠠᠢ ᠰᠢᠤ︕︾ ᠭᠡᠵᠤ ᠲᠠᠯᠠᠬᠡᠢ  ᠶᠢ ᠲᠤᠭᠤᠷᠢᠨ ᠲᠡᠯᠬᠡᠷ ᠪᠡᠶᠡᠨ ᠬᠡᠯᠨ ᠪᠠᠨ ᠮᠠᠨᠳᠤᠭᠤᠯᠵᠤ ᠪᠠᠶᠠᠯᠢᠬᠵᠢᠭᠤᠯᠵᠤ ᠶᠠᠪᠤᠶ᠎ᠠ︕                 ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨ‌ᠵᠠᠭᠤᠨ ᠵᠢᠯ ᠤᠨ ᠤᠢ ᠶᠢ ᠳᠤᠷᠠᠰᠬᠠᠬᠤ ᠵᠤᠷᠢᠭᠤᠯᠤᠭᠰᠠᠨ ᠬᠡᠰᠢᠭᠲᠡᠨ ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠪᠠᠭ᠎ᠠ ᠰᠤᠷᠭᠠᠭᠤᠯᠢ ᠶᠢᠨ ᠳᠤᠭᠤᠶᠢᠯᠠᠩ ᠤᠨ ᠭᠤᠷᠪᠠᠳᠤᠭᠠᠷ ᠳᠡᠰ ᠲᠤ ᠰᠢᠯᠭᠠᠷᠠᠪᠠ︶                  
 
ᠢᠷᠡᠯᠲᠡ᠄ ᠬᠡᠰᠢᠭᠳᠡᠨ ᠬᠤᠰᠢᠭᠤᠨ ᠤ ︽ᠷᠤᠯᠭᠠᠷᠵᠠᠪ︾ ᠠᠷᠠᠳ ᠤᠨ ᠰᠤᠶᠤᠯ ᠤᠷᠠᠯᠢᠭ ᠤᠨ ᠨᠡᠶᠢᠬᠡᠮᠯᠢᠭ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号