| ᠨᠠᠨᠳᠢᠨ ᠪᠠᠯᠡᠭ | ᠪᠢᠷᠠᠭᠤ ᠳᠠᠬᠢ ᠮᠤᠩᠭᠤᠯ ᠦᠨᠳᠤᠰᠤᠳᠡᠨ ᠤ ᠪᠠᠭ᠎ᠠ ᠰᠤᠷᠭᠠᠭᠤᠯᠢ ᠶᠢᠨ | | ᠭᠤᠷᠪᠠᠨ ᠤᠨ ᠤ ᠭᠤᠷᠪᠠᠳᠤᠭᠠᠷ ᠠᠩᠬᠢ ᠶᠢᠨ ᠬᠦᠬᠡᠬᠠᠩᠭᠠᠢ | | | | ᠲᠠᠪᠤᠨ ᠲᠠᠪᠳᠡᠷ ᠨᠤᠮ ᠢᠶᠠᠨ ᠦᠵᠡᠬᠦ ᠪᠦᠷᠢ ᠨᠠᠨᠳᠢᠨ ᠪᠡᠯᠡᠭ ᠲᠤᠰᠤᠭᠰᠠᠨ ᠤᠴᠢᠷ ᠮᠢᠨᠢ ᠪᠤᠳᠤᠭᠳᠠᠳᠠᠭ᠃ | ᠵᠤᠨ ᠤ ᠲᠤᠩᠭᠠᠯᠠᠭ ᠨᠢᠬᠡᠨ ᠡᠳᠤᠷ ᠪᠢᠯᠡ᠃ ᠡᠵᠢ ᠮᠢᠨᠢ ᠶᠠᠭᠠᠷᠠᠤ ᠰᠡᠨᠳᠤᠷᠤᠤ ᠬᠡᠷ ᠲᠤ ᠪᠠᠨ ᠤᠷᠤᠵᠤ | ᠢᠷᠠᠨ᠂ ᠵᠠᠰᠠᠯ ᠴᠢᠮᠡᠭ ᠤᠨ ᠪᠤᠭᠴᠤ ᠪᠡ ᠬᠤᠪᠴᠠᠰᠤᠨ ᠪᠤᠭᠴᠤ ᠪᠠᠨ ᠠᠪᠴᠤ ᠤᠯᠠᠭᠠᠨᠬᠠᠳᠠ ᠳᠤ ᠰᠤᠷᠤᠯᠴᠠᠬᠤ ᠪᠠᠷ | ᠶᠠᠪᠤᠯ᠎ᠠ᠃ ᠡᠵᠢ᠂ ᠠᠪᠤ ᠳᠤ ᠬᠡᠳᠤᠨ ᠦᠬᠡ ᠬᠡᠯᠡᠭᠰᠡᠨ ᠢᠶᠠᠨ ︽ᠬᠦᠤ ᠶᠢ ᠰᠠᠶᠢᠨ ᠬᠠᠷᠠᠵᠤ ᠬᠠᠷᠠᠭᠠᠯᠵᠡᠨ᠂ ᠲᠠᠰᠬᠠᠯ | ᠪᠤᠯᠪᠠᠰᠤᠷᠠᠯ ᠢ ᠨᠢ ᠬᠦᠢᠴᠡᠳ ᠬᠢᠯᠬᠡᠵᠤ ᠪᠡᠶᠢᠭᠠᠷᠠᠢ︕︾ ᠬᠡᠵᠤ ᠵᠡᠬᠢᠭᠠᠳ ᠭᠠᠷᠤᠯ᠎ᠠ᠃ ᠪᠢ ᠬᠠᠷᠢᠨ ᠶᠠᠮᠠᠷ ᠴᠤ | ᠦᠬᠡ ᠲᠤᠤᠭᠠᠷᠴᠤ ᠠᠮᠵᠢᠯ ᠦᠬᠡᠢ ᠬᠤᠴᠤᠷᠤᠯ᠎ᠠ᠃ | ᠪᠢ᠄ ︽ᠡᠵᠢ ᠬᠡᠳᠤᠨ ᠡᠳᠤᠷ ᠤᠨ ᠲᠠᠷᠠᠭ᠎ᠠ ᠢᠷᠡᠬᠦ ᠪᠤᠢ︖︾ ᠬᠡᠵᠤ ᠠᠪᠤ ᠠᠴᠠ ᠠᠰᠭᠤᠬᠤ ᠳᠤ ᠠᠪᠤ᠄ | ︽ᠬᠤᠶᠠᠷ ᠭᠤᠷᠪᠡᠨ ᠬᠤᠨᠤᠭ ᠠᠴᠠ ᠢᠷᠡᠴᠢᠬᠡᠬᠦ ᠪᠠᠶᠢᠯᠬᠦᠢ︾ ᠬᠡᠵᠤ ᠶᠠᠷᠢᠯ᠎ᠠ᠃ ᠪᠢ ᠠᠪᠤ ᠲᠠᠢ ᠪᠠᠨ ᠬᠤᠶᠠᠷ | ᠬᠤᠨᠤᠯ᠎ᠠ᠃ | ᠬᠤᠶᠠᠳᠤᠭᠠᠷ ᠡᠳᠤᠷ ᠤᠨ ᠬᠢᠨᠢ ᠤᠷᠤᠢ ᠨᠢ ᠡᠵᠢ ᠤᠳᠠᠰᠤ ᠢᠷᠠᠯ᠎ᠠ᠃ ᠪᠢ ᠤᠲᠠᠰᠤ ᠪᠠᠷ ᠡᠵᠢ ᠲᠠᠢ ᠪᠠᠨ | ᠶᠠᠷᠢᠯᠴᠠᠯ᠎ᠠ᠃ ᠡᠵᠢ ᠬᠤᠶᠠᠷ ᠡᠳᠤᠷ ᠤᠨ ᠲᠠᠷᠠᠭ᠎ᠠ ᠢᠷᠠᠨ᠎ᠠ ᠬᠡᠵᠤ ᠨᠠᠳᠠ ᠬᠡᠯᠡᠭᠰᠡᠨ ᠢᠶᠠᠨ ᠨᠠᠳᠠ ᠠᠴᠠ ᠶᠠᠭᠤ ᠠᠪᠬᠤ | ᠶᠢ ᠠᠰᠠᠭᠤᠵᠤ ᠪᠠᠶᠢᠯ᠎ᠠ᠃ ᠪᠢ ᠴᠤ ᠤᠲᠠᠰᠤ ᠪᠠᠷ ᠶᠠᠭᠤ ᠠᠪᠤᠨ᠎ᠠ ᠬᠡᠵᠤ ᠬᠡᠯᠡᠭᠰᠡᠨ ᠦᠬᠡᠢ ᠬᠠᠷᠢᠨ ᠡᠵᠢ ᠪᠠᠨ ᠶᠡᠭᠡ | ᠰᠠᠨᠠᠵᠤ ᠪᠠᠶᠢᠨ᠎ᠠ ᠬᠡᠵᠤ ᠡᠬᠡᠷ ᠲᠠᠳᠠᠨ ᠤᠬᠢᠯᠡᠯᠡ᠃ ᠡᠵᠢ ᠨᠠᠮ᠎ᠠ ᠶᠢ᠄ ︽ᠮᠢᠨᠤ ᠬᠥᠥ ᠪᠤᠤ ᠤᠬᠢᠯᠠ︕ ᠡᠵᠢ ᠨᠢ | ᠴᠢᠮ᠎ᠠ ᠳᠤ ᠨᠠᠭᠠᠳᠤᠮ ᠠᠪᠠᠴᠢᠵᠤ ᠦᠭᠬᠦᠶ᠎ᠠ︕︾ ᠬᠡᠵᠤ ᠬᠡᠯᠡᠯ᠎ᠡ᠃ ᠲᠡᠭᠡᠭᠡᠳ ᠪᠢ ᠬᠤᠶᠠᠷ ᠡᠳᠤᠷ ᠤᠨ ᠲᠤᠷᠰᠢ | ᠡᠵᠢ ᠨᠠᠳᠠ ᠶᠠᠮᠠᠷ ᠨᠠᠭᠠᠳᠤᠮ ᠠᠪᠴᠢᠷᠠᠵᠤ ᠦᠭᠳᠡᠭ ᠪᠤᠯ ᠡ︖ ᠬᠡᠵᠤ ᠪᠤᠳᠤᠭᠰᠠᠭᠠᠷ ᠰᠤᠷᠭᠠᠭᠤᠯᠢ ᠳᠤ ᠪᠠᠨ | ᠶᠠᠪᠤᠭᠰᠠᠨ ᠶᠤᠮ᠃ | ᠲᠥᠷᠪᠡᠳᠥᠬᠡᠷ ᠤᠷᠤᠢ ᠨᠢ ᠨᠠᠮ᠎ᠠ ᠶᠢ ᠰᠤᠷᠭᠠᠭᠤᠯᠢ ᠠᠴᠠ ᠪᠠᠨ ᠬᠠᠷᠢᠵᠤ ᠢᠷᠠᠬᠦ ᠳᠤ ᠡᠵᠢ ᠮᠢᠨᠢ ᠬᠡᠷ ᠲᠤ | ᠪᠠᠨ ᠬᠠᠷᠢᠭᠠᠳ ᠢᠷᠡᠴᠢᠬᠡᠭᠰᠡᠨ ᠪᠠᠶᠢᠯ᠎ᠠ᠃ ᠪᠢ ᠡᠵᠢ ᠪᠠᠨ ᠰᠠᠨᠠᠨ ᠬᠦᠵᠤᠬᠦᠳᠡᠨ ᠲᠠᠪᠡᠷᠢᠵᠤ᠄ ︽ᠨᠠᠳᠠ ᠳᠤ ᠶᠠᠭᠤ | ᠠᠪᠴᠢᠷᠠᠭᠰᠠᠨ ᠪᠤᠢ︖︾ ᠬᠡᠵᠤ ᠠᠰᠠᠭᠤᠬᠤ ᠳᠤ ᠡᠵᠢ ᠪᠤᠭᠴᠤ ᠪᠠᠨ ᠠᠭᠤᠳᠠᠯᠠᠨ ᠲᠠᠪᠤᠨ ᠲᠠᠪᠳᠠᠷ ᠨᠤᠮ | ᠭᠠᠷᠭᠠᠵᠤ ᠦᠭᠬᠦᠯ᠎ᠡ᠃ ᠪᠢ ᠤᠷᠤᠭᠤ ᠴᠢᠷᠠᠶᠢᠯᠠᠨ ᠤᠰᠤᠨ ᠨᠢᠳᠤᠯᠠᠵᠤ᠄ ︽ᠲᠠ ᠨᠠᠳᠠ ᠨᠠᠭᠠᠳᠤᠮ ᠠᠪᠴᠢᠷᠠᠵᠤ | ᠦᠭᠬᠦ ᠬᠡᠵᠤ ᠭᠠᠷ ᠤᠲᠠᠰᠤ ᠪᠠᠷ ᠬᠡᠯᠡᠭᠰᠡᠨ ᠪᠠᠶᠢᠭᠠᠳ ᠤᠳᠤ ᠶᠠᠭᠠᠬᠢᠭᠠᠳ ᠨᠤᠮ ᠠᠪᠴᠢᠷᠠᠵᠤ ᠦᠭᠬᠦᠭᠰᠡᠨ ᠪᠤᠢ︖ | ︾ ᠬᠡᠵᠤ ᠤᠷᠮ᠎ᠠ ᠮᠠᠭᠤᠳᠠᠢ ᠠᠰᠠᠭᠤᠯ᠎ᠠ᠃ ︽ᠡᠵᠢ ᠨᠢ ᠰᠤᠷᠤᠯᠴᠠᠬᠤ ᠪᠠᠷ ᠶᠠᠪᠤᠭᠰᠠᠨ ᠰᠢᠤ᠂ ᠬᠠᠷᠢᠨ ᠵᠠᠬᠡᠯᠢ | ᠲᠤᠭᠤᠷᠢᠬᠤ ᠪᠠᠷ ᠶᠠᠪᠤᠭᠰᠠᠨ ᠪᠢᠰᠢ᠃ ᠮᠠᠰᠢᠨ ᠲᠡᠷᠬᠡᠨ ᠳᠤ ᠰᠠᠭᠤᠭᠠᠳ ᠬᠤᠷᠢᠭᠠᠳ ᠭᠠᠵᠠᠷ ᠶᠠᠪᠤᠪᠠᠯ ᠰᠠᠶ᠋ᠢ ᠵᠡᠬᠡᠯᠢ | ᠳᠤ ᠤᠷᠤᠵᠤ ᠨᠠᠭᠠᠳᠤᠮ ᠠᠪᠴᠤ ᠲᠠᠶᠢᠯᠤᠨ᠎ᠠ᠃ ᠨᠤᠮ ᠤᠨ ᠲᠡᠯᠬᠡᠬᠦᠷ ᠤᠶᠢᠷᠠᠯᠴᠠᠭ᠎ᠠ ᠪᠠᠶᠢᠭᠰᠠᠨ ᠪᠤᠯᠬᠤᠷ ᠡᠵᠢ ᠨᠢ | ᠴᠢᠮ᠎ᠡ ᠳᠤ ᠨᠤᠮᠠᠪᠴᠢᠷᠠᠯᠠ︾ ᠭᠡᠰᠡᠨ ᠢᠶᠠᠨ ᠡᠵᠢ᠄ ︽ᠬᠦᠤ ᠮᠢᠨᠢ᠂ ︿ᠨᠠᠷᠠ ᠭᠠᠷᠬᠤ ᠪᠠᠷ ᠪᠠᠶᠢᠭᠠᠯᠢ ᠰᠡᠷᠬᠦᠵᠤ᠂ | ᠨᠤᠮ ᠤᠩᠰᠢᠬᠤ ᠪᠠᠷ ᠪᠢᠯᠢᠭ ᠨᠡᠬᠡᠬᠡᠭᠳᠡᠨᠡ﹀ ᠬᠡᠳᠡᠭ ᠢᠶᠠᠷ ᠢᠯᠡᠬᠦᠬᠡᠨ ᠰᠢᠭ ᠨᠤᠮ ᠤᠩᠰᠢᠵᠤ ᠪᠠᠶᠢᠭᠠᠷᠠᠢ︕︾ | ᠬᠡᠵᠤ ᠠᠪᠴᠢᠷᠠᠭᠰᠠᠨ ᠨᠤᠮ ᠢᠶᠠᠨ ᠭᠠᠷᠳᠠᠭᠤᠯᠤᠯ᠎ᠠ᠃ | ᠪᠢ ᠶᠠᠭᠤ ᠴᠤ ᠬᠡᠯᠡᠯ ᠦᠬᠡᠢ ᠡᠵᠢ ᠶᠢᠨ ᠦᠭᠬᠦᠭᠰᠡᠨ ᠨᠤᠮ ᠢ ᠲᠤᠰᠤᠨ ᠠᠪᠴᠤ ᠤᠩᠰᠢᠬᠤ ᠪᠠᠷ | ᠵᠦᠪᠰᠢᠶᠠᠷᠠᠯᠠ᠃ ᠡᠨᠡᠬᠦ ᠨᠠᠨᠳᠢᠨ ᠪᠡᠯᠡᠭ ᠨᠢ ᠮᠢᠨᠤ ᠰᠤᠷᠤᠯᠴᠠᠯᠭ᠎ᠠ ᠶᠢᠨ ᠵᠠᠮ ᠳᠤ ᠬᠦᠳᠤᠯᠤᠮᠵᠢ ᠪᠤᠯᠵᠡᠢ᠃ | | | ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨᠵᠠᠭᠤᠨ ᠵᠢᠯ ᠤᠨ ᠤᠢ ᠶᠢ ᠳᠤᠷᠠᠰᠬᠠᠬᠤ ᠬᠡᠰᠢᠭᠲᠡᠨ | ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠪᠠᠭ᠎ᠠ ᠰᠤᠷᠭᠠᠭᠤᠯᠢ ᠶᠢᠨ | ᠳᠤᠭᠤᠶᠢᠯᠠᠩ ᠤᠨ ᠳᠡᠳ᠋ ᠪᠠᠶᠢᠷᠢᠨ ᠳᠤ ᠰᠢᠯᠭᠠᠷᠠᠪᠠ︶ | | |