| | | ᠮᠢᠨᠤ ᠠᠪᠠᠭ᠎ᠠ ᠶᠢᠨ ᠬᠢ | | | ᠬᠡᠰᠢᠭᠳᠡᠨ ᠬᠤᠰᠢᠭᠤᠨ ᠤ ᠪᠠᠷᠢᠭᠤ ᠳᠠᠬᠢ ᠮᠤᠩᠭᠤᠯ ᠪᠠᠭ᠎ᠠ | ᠰᠤᠷᠭᠠᠭᠤᠯᠢ ᠶᠢᠨ ᠲᠠᠪᠤ᠂ ᠭᠤᠷᠪᠠ ᠠᠩᠬᠢ ᠶᠢᠨ ᠴᠢᠨᠳᠠᠭᠠᠨ | | | | ᠪᠢᠷᠠᠭᠤ ᠠᠴᠠ ᠮᠤᠷᠳᠠᠵᠥ᠂ ᠮᠤᠵᠢ ᠠᠯᠤᠰᠯᠠᠭᠰᠠᠨ ᠶᠡᠭᠡ ᠵᠠᠮ ᠢᠶᠠᠷ ᠵᠡᠬᠦᠨᠰᠢ ᠶᠠᠪᠤᠭᠰᠠᠭᠠᠷ ᠳ᠋ᠠᠪᠠᠨ | ᠪᠠᠯᠭᠠᠰᠤ ᠶᠢ ᠦᠩᠭᠡᠷᠡᠵᠥ ᠠᠷᠪᠠᠭᠠᠳ ᠺᠢᠯᠦᠮᠧᠲᠷ ᠶᠠᠪᠤᠪᠠᠯ ︽ᠭᠤᠷᠪᠠᠨ ᠬᠠᠷ᠎ᠠ ᠠᠭᠤᠯᠠ︾ ᠶᠢ ᠲᠤᠰᠢᠵᠥ ︽ | ᠭᠤᠷᠭᠤᠤᠯᠳᠠᠢ ᠭᠤᠤᠯ︾ ᠢ ᠢᠰᠬᠦᠯᠤᠭ᠍ᠰᠡᠨ ᠲᠠᠩᠰᠤᠭ ᠰᠠᠶᠢᠬᠠᠨ ᠲᠠᠯ᠎ᠠ ᠳᠡᠭᠡᠷ᠎ᠡ ᠲᠠᠪᠤᠨ ᠬᠤᠰᠢᠭᠤ ᠮᠠᠯ ᠲᠠᠯ᠎ᠠ | ᠲᠦᠭᠦᠷᠳᠡᠯ᠎ᠡ ᠪᠡᠯᠴᠢᠵᠥ᠂ ᠬᠤᠸᠡᠷ ᠴᠡᠴᠡᠭ ᠦᠩᠭᠡ ᠪᠤᠯᠢᠶᠠᠯᠳᠤᠨ ᠲᠡᠯᠭᠡᠷᠡᠭᠡᠳ ᠬᠤᠷ᠎ᠠ ᠪᠤᠷᠤᠭᠠᠨ ᠴᠠᠭ ᠴᠠᠭ ᠲᠤ | ᠪᠠᠨ ᠰᠢᠪᠡᠷᠡᠭᠰᠡᠨ ᠵᠢᠷᠤᠭ ᠰᠢᠭ᠋ ᠰᠠᠶᠢᠬᠠᠨ ᠪᠠᠶᠢᠭᠠᠯᠢ ᠨᠢᠳᠤᠨ ᠳᠤ ᠮᠢᠨᠢ ᠬᠠᠷᠠᠭᠳᠠᠬᠤ ᠪᠤᠯᠤᠨ᠎ᠠ᠃ ᠡᠨᠡ ᠪᠤᠯ ᠮᠢᠨᠤ | ᠠᠪᠤ ᠶᠢᠨ ᠲᠦᠷᠤᠭ᠍ᠰᠡᠨ ᠨᠤᠳᠤᠭ ︽ᠶᠢᠰᠤᠨᠮᠤᠳᠤ ᠭᠠᠴᠠᠭ᠎ᠠ︾ ᠶᠤᠮ᠃ ᠪᠢ ᠠᠮᠠᠷᠠᠯᠳᠠ ᠶᠢᠨ ᠬᠤᠭᠤᠴᠠᠭᠠᠨ ᠳᠤ ᠪᠠᠨ | ︽ᠶᠢᠰᠤᠨᠮᠤᠳᠤ︾ ᠳᠤ ᠪᠠᠶᠢᠭ᠎ᠠ ᠠᠪᠠᠭ᠎ᠠ ᠶᠢᠨ ᠳᠤ ᠪᠠᠨ ᠤᠴᠢᠵᠥ ᠦᠷᠭᠡᠨ ᠠᠭᠤᠳᠠᠮ ᠲᠠᠯ᠎ᠠ ᠨᠤᠳᠤᠭ ᠲᠡᠭᠡᠷ᠎ᠡ ᠡᠷᠭᠡ | ᠲᠤᠷ᠎ᠠ ᠪᠠᠷ ᠢᠶᠠᠨ ᠲᠤᠭᠯᠠᠳᠠᠭ᠃ ᠮᠢᠨᠤ ᠬᠠᠮᠤᠭ ᠲᠤᠭᠯᠠᠬᠤ ᠲᠤᠷᠠᠳᠠᠢ ᠨᠢ ᠮᠤᠩᠭᠤᠯ ᠭᠡᠷ ᠤᠨ ᠴᠢᠨᠡᠭᠡ ᠦᠨᠳᠤᠷ | ᠦᠨᠳᠤᠷ ᠱᠤᠪᠤᠭᠤᠷ ᠡᠷᠭᠢ ᠲᠠᠢ ᠨᠢᠭᠡᠨ ᠬᠡᠰᠡᠭ ᠮᠠᠩᠬᠠᠨ ᠭᠠᠵᠠᠷ ᠪᠤᠯᠤᠨ᠎ᠠ᠃ ᠡᠯᠤᠨᠴᠡ ᠡᠪᠦᠭᠡ ᠶᠢᠨ ᠦᠶ᠎ᠡ ᠳᠤ | ᠶᠢᠰᠤᠨᠮᠤᠳᠤ ᠭᠠᠴᠠᠭ᠎ᠠ ᠨᠢ ᠪᠠᠭᠠᠷᠢᠨ ᠤ ᠬᠠᠮᠤᠭ ᠤᠨ ᠰᠠᠶᠢᠬᠠᠨ ᠪᠠᠶᠢᠭᠠᠯᠢ ᠶᠢᠨ ᠦᠩᠭᠡ ᠦᠵᠡᠮᠵᠢ ᠪᠦᠷᠢᠳᠤᠭ᠍ᠰᠡᠨ | ᠪᠠᠶᠠᠨ ᠭᠠᠴᠠᠭ᠎ᠠ ᠶᠢᠨ ᠨᠢᠭᠡ ᠪᠠᠶᠢᠵᠥ ᠰᠡᠬᠦᠯ ᠳᠤ ᠪᠠᠨ ᠤᠯᠠᠨ ᠮᠠᠯ ᠤᠨ ᠬᠦᠯ ᠢᠶᠠᠷ ᠢᠳᠡᠭᠳᠡᠵᠥ ᠡᠶᠢᠮᠤᠷᠬᠦ ᠡᠷᠬᠢ | ᠪᠤᠢ ᠪᠤᠯᠪᠠ ᠬᠡᠵᠥ ᠠᠪᠤ ᠮᠢᠨᠢ ᠨᠠᠳᠠ ᠬᠡᠯᠡᠵᠥ ᠦᠭᠬᠦᠭᠰᠡᠨ ᠶᠤᠮ᠃ ᠡᠨᠡ ᠡᠷᠬᠢ ᠤᠳ ᠨᠢ ᠠᠰᠬᠠᠳᠤ ᠶᠢᠨ ᠴᠢᠯᠠᠭᠤ | ᠲᠠᠢ ᠨᠠᠯᠢᠶᠡᠳ ᠠᠳᠠᠯᠢ ᠪᠤᠯᠬᠤᠷ ᠪᠢ ︽ᠰᠢᠷᠤᠢ ᠶᠢᠨ ᠣᠢ︾ ᠬᠡᠵᠥ ᠨᠡᠷᠡᠯᠡᠪᠠ᠃ ᠠᠪᠠᠭ᠎ᠠ ᠶᠢᠨ ᠬᠦᠤ ᠠᠨᠢᠷ ᠪᠢᠳᠡ | ᠬᠤᠶᠠᠭᠤᠯᠠ ︽ᠰᠢᠷᠤᠢ ᠶᠢᠨ ᠤᠢ︾ ᠲᠤᠮᠳᠠᠭᠤᠷ ᠨᠢᠭᠤᠯᠴᠠᠭᠠᠵᠥ᠂ ᠲᠠᠭᠤᠯᠴᠠᠭᠠᠵᠥ ᠪᠠᠰᠠ ᠺᠠᠯᠠ ︵ᠪᠠᠭᠠᠷᠢᠨᠴᠣᠳ | ᠬᠡᠰᠡᠭ ᠲᠠᠢ ᠰᠢᠷᠤᠢ ᠶᠢ ᠺᠠᠯᠠ ᠭᠡᠳᠡᠭ︶ ᠪᠠᠷ ᠨᠢ ᠴᠤᠬᠢᠯᠴᠠᠭᠠᠵᠥ ᠨᠠᠭᠠᠳᠬᠤ ᠪᠠ ᠡᠯᠳᠡᠪ ᠡᠰᠡᠨ ᠠᠮᠢᠳᠠᠨ᠂ ᠫᠤᠤ᠂ | ᠲᠡᠷᠭᠡ ᠵᠡᠷᠭᠡ ᠶᠢ ᠰᠡᠶᠢᠯᠵᠥ ᠨᠠᠭᠠᠳᠳᠠᠭ᠃ ᠵᠠᠷᠢᠮ ᠳᠤ ᠪᠠᠨ ᠬᠤᠷᠠᠭ᠎ᠠ ᠢᠰᠢᠭᠡ ᠪᠠᠰᠠ ᠭᠦᠶᠦᠯᠳᠦᠨ ᠢᠷᠡᠵᠥ ᠡᠨᠡ | ᠡᠷᠬᠢᠨ ᠳᠡᠭᠡᠷ᠎ᠡ ᠲᠤᠭᠯᠠᠬᠤ ᠳᠤ ᠪᠢ ᠪᠠᠭ᠎ᠠ ᠠᠴᠠ ᠪᠠᠨ ᠠᠶᠤᠮᠠᠲᠠᠭᠠᠢ ᠪᠤᠯᠬᠤᠷ ᠬᠤᠷᠠᠭ᠎ᠠ ᠢᠰᠢᠭᠡ ᠠᠴᠠ ᠨᠢ ᠴᠦ | ᠠᠶᠤᠳᠠᠭ᠃ ᠭᠡᠳᠡᠯ᠎ᠠ ᠠᠨᠢᠷ ᠨᠠᠳᠠ ᠠᠴᠠ ᠬᠤᠶᠠᠷ ᠨᠠᠰᠤ ᠲᠠᠬᠦᠤ ᠪᠠᠶᠢᠳᠠᠯ᠎ᠠ ᠪᠠᠨ ᠶᠠᠭᠤᠨ ᠠᠴᠠ ᠴᠦ ᠠᠶᠤᠬᠤ | ᠦᠭᠡᠢ ᠪᠢᠴᠢᠬᠠᠨ ᠲᠠᠰᠢᠭᠤᠷ ᠢᠶᠠᠨ ᠪᠠᠷᠢᠵᠥ ᠬᠤᠷᠠᠭ᠎ᠠ ᠢᠰᠢᠭᠡ ᠶᠢ ᠭᠤᠳᠤᠶᠢᠳᠠᠯᠠ ᠬᠦᠭᠡᠭᠡᠵᠥ ᠶᠠᠪᠤᠭᠤᠯᠤᠭᠠᠳ | ᠨᠠᠮ᠎ᠠ ᠶᠢ ᠬᠠᠷᠠᠭᠠᠳ ᠢᠨᠢᠶᠡᠬᠦ ᠨᠢ ᠶᠠᠭ ᠯᠠ ︽ᠮᠠᠯ ᠠᠴᠠ ᠪᠠᠨ ᠠᠶᠤᠭᠰᠠᠨ ᠮᠤᠩᠭᠤᠯ︾ ᠬᠡᠵᠥ ᠡᠯᠡᠭᠯᠡᠵᠥ | ᠲᠤᠭᠤᠬᠢᠯᠠᠵᠥ ᠪᠠᠶᠢᠬᠤ ᠰᠢᠭ᠋ ᠰᠠᠨᠠᠭᠳᠠᠳᠠᠭ ᠶᠤᠮ᠃ | ᠬᠦᠳᠡᠭᠡ ᠨᠤᠳᠤᠭ ᠤᠨ ᠰᠠᠶᠢᠬᠠᠨ ᠪᠦᠭᠦᠳᠡ ᠳᠤ ᠪᠦᠪᠠᠶᠢᠯᠡᠭᠳᠡᠨ ᠲᠤᠭᠯᠠᠬᠤ ᠨᠢ ᠬᠡᠤᠭᠡᠳ ᠨᠠᠰᠤᠨ ᠤ ᠮᠢᠨᠢ | ᠬᠠᠮᠤᠭ ᠤᠨ ᠶᠡᠭᠡ ᠵᠢᠷᠭᠠᠯ ᠰᠢᠭ᠋ ᠨᠠᠳᠠ ᠪᠤᠳᠤᠭᠳᠠᠵᠥ ᠬᠢᠴᠢᠶᠡᠯ ᠰᠤᠷᠤᠯᠭ᠎ᠠ ᠲᠠᠰᠬᠠᠯ ᠲᠠᠭᠠᠭᠠᠯᠭᠠᠪᠤᠷᠢ ᠬᠡᠵᠥ ᠤᠶᠢᠯᠡ | ᠪᠠᠨ ᠦᠵᠡᠬᠦ ᠦᠭᠡᠢ ᠪᠠᠷ ᠬᠦᠳᠡᠭᠡ ᠨᠤᠳᠤᠭ ᠲᠤ ᠪᠠᠨ ᠨᠠᠭᠠᠳᠴᠥ ᠲᠤᠭᠯᠠᠭᠠᠳ ᠪᠠᠶᠢᠪᠠᠯ ᠶᠠᠮᠠᠷ ᠭᠤᠶᠤ ᠪᠤᠢ ᠬᠡᠵᠥ | ᠪᠢ ᠦᠷᠬᠦᠯᠵᠢ ᠪᠤᠳᠤᠳᠠᠭ ᠪᠠᠶᠢᠪᠠ᠃ | ᠡᠨᠡ ᠵᠤᠨ ᠤ ᠠᠮᠠᠷᠠᠯᠳᠠ ᠳᠤ ᠪᠢ ᠠᠪᠠᠭ᠎ᠠ ᠶᠢᠨ ᠳᠤ ᠪᠠᠨ ᠤᠴᠢᠬᠤ ᠳᠤ ᠠᠪᠠᠭ᠎ᠠ ᠶᠢᠨ ᠬᠢ ᠮᠠᠰᠢ ᠶᠡᠭᠡ | ᠬᠤᠪᠢᠷᠠᠯᠳᠠ ᠭᠠᠷᠤᠭᠰᠠᠨ ᠪᠠᠶᠢᠯ᠎ᠠ᠃ ᠠᠨᠢᠷ ᠨᠠᠢᠮᠠᠨ ᠨᠠᠰᠤ ᠲᠠᠢ ᠪᠤᠯᠤᠭᠰᠠᠨ ᠠᠴᠠ ᠰᠤᠷᠭᠠᠭᠤᠯᠢ ᠳᠤ ᠰᠠᠭᠤᠯᠭᠠᠬᠤ | ᠶᠢᠨ ᠲᠦᠯᠤᠬᠡ ᠲᠡᠳᠡ ᠳ᠋ᠠᠪᠠᠨ ᠪᠠᠯᠭᠠᠰᠤᠨ ᠳᠤ ᠨᠠᠬᠦᠵᠥ ᠢᠷᠡᠭᠡᠳ ᠨᠢᠭᠡ ᠨᠤᠷᠠᠮᠠᠷ ᠪᠤᠯᠤᠭᠰᠠᠨ ᠮᠠᠭᠤ ᠪᠠᠶᠢᠰᠢᠩ ᠭᠡᠷ | ᠲᠦᠷᠢᠶᠡᠰᠤᠯᠠᠵᠥ ᠰᠠᠭᠤᠭᠰᠠᠨ ᠪᠠᠶᠢᠯ᠎ᠠ᠃ ᠮᠢᠨᠤ ᠠᠪᠠᠭ᠎ᠠ ᠡᠵᠢ ᠶᠢᠰᠤᠨᠮᠤᠳᠤ ᠳᠤ ᠮᠠᠯ ᠢ ᠬᠠᠰᠢᠶᠠᠯᠠᠵᠥ ᠲᠠᠵᠢᠭᠡᠬᠦ | ᠪᠤᠯᠤᠭᠰᠠᠨ ᠠᠴᠠ ᠠᠮᠢᠳᠤᠷᠠᠯ ᠤᠨ ᠬᠦᠴᠢᠷ ᠢ ᠲᠠᠭᠠᠭᠠᠯ ᠦᠭᠡᠢ ᠬᠢᠳᠠᠳ ᠲᠠᠢ ᠲᠠᠷᠢᠶ᠎ᠠ ᠲᠠᠷᠢᠵᠥ ᠠᠮᠢᠳᠤᠷᠠᠬᠤ ᠪᠠᠷ | ᠠᠨᠢᠷ᠂ ᠠᠪᠠᠭ᠎ᠠ ᠪᠠ ᠡᠮᠡᠭᠡ ᠭᠤᠷᠪᠠᠭᠤᠯᠠ ᠶᠢ ᠬᠠᠶᠠᠭᠠᠳ ᠶᠠᠪᠤᠴᠢᠬᠠᠵᠠᠢ ᠬᠡᠨ᠎ᠡ᠃ ᠠᠪᠠᠭ᠎ᠠ ᠮᠢᠨᠢ ᠤᠳᠤ ᠰᠢᠪᠠᠷ | ᠪᠠᠷᠢᠯᠭ᠎ᠠ ᠶᠢᠨ ᠠᠵᠢᠯ ᠬᠢᠵᠥ ᠠᠮᠢᠳᠤᠷᠠᠯ ᠢᠶᠠᠨ ᠠᠷᠭᠠᠴᠠᠭᠠᠨ᠎ᠠ᠃ ᠪᠢ ᠠᠪᠠᠭ᠎ᠠ ᠠᠴᠠ ︽ᠶᠢᠰᠤᠨᠮᠤᠳᠤ ᠳᠤ ᠪᠠᠨ | ᠰᠠᠭᠤᠭᠰᠠᠨ ᠪᠤᠯ ᠶᠠᠮᠠᠷ ᠭᠤᠶᠤ ᠪᠤᠢ︖︾ ᠬᠡᠬᠦ ᠳᠤ᠄ ︽ᠠᠢ︕ ᠶᠢᠰᠤᠨᠮᠤᠳᠤ ᠤᠤᠯ ᠤᠨ ᠬᠢ ᠲᠠᠢ ᠪᠠᠨ ᠠᠳᠠᠯᠢ | ᠦᠭᠡᠢ ᠪᠤᠯᠤᠭᠰᠠᠨ᠂ ᠤᠴᠢᠷ ᠨᠢ ᠪᠠᠶᠢᠭᠠᠯᠢ ᠶᠢᠨ ᠭᠠᠩ ᠭᠠᠮᠰᠢᠭ ᠬᠦᠮᠤᠰ ᠤᠨ ᠵᠦᠢ ᠵᠤᠬᠢᠰ ᠦᠭᠡᠢ ᠠᠰᠢᠭᠯᠠᠭᠰᠠᠨ | ᠠᠴᠠ ᠡᠪᠡᠰᠤᠨ ᠤ ᠤᠷᠭᠤᠯᠳᠠ ᠮᠠᠭᠤᠳᠠᠵᠥ᠂ ᠮᠠᠯ ᠢ ᠪᠦᠬᠦᠯᠢ ᠵᠢᠯ ᠢᠶᠠᠷ ᠬᠠᠰᠢᠶᠠᠯᠠᠵᠥ ᠵᠠᠷᠤᠯᠭ᠎ᠠ ᠨᠠᠮᠡᠭᠳᠡᠭᠰᠡᠨ ᠠᠴᠠ | ᠮᠠᠯᠴᠢᠳ ᠠᠮᠢᠳᠤᠷᠠᠬᠤ ᠠᠷᠭ᠎ᠠ ᠦᠭᠡᠢ ᠪᠤᠯᠵᠥ ᠭᠠᠳᠠᠭᠰᠢ ᠬᠦᠯᠤᠰᠤᠨ ᠠᠵᠢᠯ ᠬᠢᠬᠦ ᠪᠠᠷ ᠭᠠᠷᠤᠭᠰᠠᠨ ᠪᠠ ᠵᠠᠷᠢᠮ ᠨᠢ | ᠬᠡᠤᠬᠡᠳ ᠢᠶᠠᠨ ᠪᠢᠴᠢᠭ ᠦᠵᠡᠬᠦᠯᠬᠦ ᠪᠠᠷ ᠬᠤᠳᠠ ᠳᠤ ᠤᠷᠤᠭᠰᠠᠨ ᠠᠴᠠ ᠶᠢᠰᠤᠨᠮᠤᠳᠤ ᠳᠤ ᠬᠦᠮᠤᠨ ᠠᠮᠢᠳᠠᠨ ᠤ | ᠪᠠᠷ᠎ᠠ ᠴᠦᠭᠡᠷᠡᠵᠥ ᠵᠠᠷᠢᠮ ᠠᠶᠢᠯ ᠤᠨ ᠡᠬᠦᠳᠡ ᠴᠤᠩᠬᠤ ᠨᠢ ᠰᠠᠯᠬᠢᠨ ᠳᠤ ᠰᠠᠪᠠᠯᠠᠬᠤ ᠨᠢ ᠶᠠᠭ ᠯᠠ ᠲᠧᠯᠸᠢᠰ ᠳᠡᠭᠡᠷ᠎ᠡ | ᠭᠠᠷᠳᠠᠭ ︿ᠴᠢᠳᠬᠦᠷ ᠤᠨ ᠲᠤᠰᠬᠤᠨ﹀ ᠰᠢᠭ᠋ ᠵᠢᠬᠡᠬᠦᠦ ᠬᠦᠷᠦᠭᠦᠯᠳᠡᠭ ᠭᠡᠵᠥ ᠠᠪᠠᠭ᠎ᠠ ᠮᠢᠨᠢ ᠰᠠᠨᠠᠭ᠎ᠠ ᠠᠯᠳᠠᠨ | ᠶᠠᠷᠢᠵᠥ ᠪᠢᠯᠡ᠃ | ᠪᠢ ᠡᠨᠡ ᠵᠤᠨ ᠤ ᠠᠮᠠᠷᠠᠯᠳᠠ ᠳᠤ ᠠᠪᠠᠭ᠎ᠠ ᠶᠢᠨ ᠳᠤ ᠪᠠᠨ ᠤᠴᠢᠭᠠᠳ ᠲᠠᠮᠡᠢ ᠪᠠᠶᠠᠷ ᠬᠦᠷ ᠲᠠᠢ ᠨᠠᠭᠠᠳᠴᠥ | ᠴᠢᠳᠠᠭᠰᠠᠨ ᠦᠭᠡᠢ᠃ | | | ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨᠵᠠᠭᠤᠨ ᠵᠢᠯ ᠤᠨ ᠤᠢ ᠶᠢ ᠳᠤᠷᠠᠰᠬᠠᠬᠤ ᠬᠡᠰᠢᠭᠲᠡᠨ | ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠪᠠᠭ᠎ᠠ ᠰᠤᠷᠭᠠᠭᠤᠯᠢ ᠶᠢᠨ | ᠳᠤᠭᠤᠶᠢᠯᠠᠩ ᠤᠨ ᠳᠡᠳ᠋ ᠪᠠᠶᠢᠷᠢᠨ ᠳᠤ ᠰᠢᠯᠭᠠᠷᠠᠪᠠ︶ | | | | | | | | | |