| | | ᠨᠣᠳᠤᠭ ᠤᠨ ᠮᠢᠨᠢ ᠲᠦᠷᠪᠡᠨ ᠤᠯᠠᠷᠢᠯ | | ᠪᠠᠶᠠᠨᠴᠠᠭᠠᠨ ᠪᠦᠷᠢᠨ ᠪᠠᠭ᠎ᠠ ᠰᠣᠷᠭᠠᠭᠤᠯᠢ ᠶᠢᠨ | ᠲᠠᠪᠤᠳᠤᠭᠠᠷ ᠤᠨ ᠤ ᠴᠡᠩᠭᠡᠭ | | | ᠮᠢᠨᠤ ᠨᠣᠳᠤᠭ ᠪᠤᠯ ᠬᠡᠰᠢᠭᠳᠡᠨ ᠬᠤᠰᠢᠭᠤᠨ ᠤ ᠪᠠᠶᠠᠨᠴᠠᠭᠠᠨ ᠰᠣᠮᠣᠨ ᠤ ᠬᠠᠳᠠᠨᠪᠣᠯᠠᠭ ᠭᠠᠴᠠᠭ᠎ᠠ ᠪᠤᠯᠤᠨ᠎ᠠ᠃ | ᠶᠠᠭᠠᠬᠢᠭᠠᠳ ᠬᠠᠳᠠᠨᠪᠣᠯᠠᠭ ᠭᠡᠰᠡᠨ ᠨᠡᠷ᠎ᠡ ᠲᠠᠢ ᠪᠤᠢ ᠭᠡᠵᠥ ᠡᠪᠦᠭᠡ ᠠᠴᠠ ᠠᠰᠠᠭᠤᠬᠤ ᠳᠤ ᠡᠪᠦᠭᠡ ᠮᠢᠨᠢ ᠨᠠᠳᠠ | ᠲᠡᠷᠳᠡᠭᠡ ᠬᠠᠷᠠᠭᠳᠠᠬᠤ ᠬᠠᠳᠠ ᠶᠢ ᠵᠢᠭᠠᠭᠠᠳ ︽ᠬᠠᠳᠠᠨ ᠤ ᠬᠢᠨᠢ ᠲᠤᠤᠷ᠎ᠠ ᠠᠴᠠ ᠪᠣᠯᠠᠭ ᠤᠨᠳᠤᠷᠤᠭᠰᠠᠠ︾ ᠠᠴᠠ | ᠢᠩᠬᠢᠵᠥ ᠨᠡᠷᠡᠯᠡᠭᠰᠡᠡ ᠭᠡᠵᠥ ᠬᠡᠯᠡᠵᠥ ᠦᠭᠭᠦᠭᠰᠡᠡ ᠶᠤᠮ᠃ | ᠮᠢᠨᠤ ᠨᠤᠳᠤᠭ ᠤᠨ ᠲᠦᠷᠪᠡᠨ ᠤᠯᠠᠷᠢᠯ ᠭᠡᠵᠥ ᠶᠣᠰᠣᠳᠠᠢ ᠬᠦᠮᠦᠰ ᠢ ᠰᠣᠭᠳᠣᠷᠣᠭᠤᠯᠣᠮᠠ ᠭᠤᠶᠢᠳᠠ | ᠰᠠᠶᠢᠬᠠᠨ ᠦᠵᠡᠮᠵᠢ ᠲᠠᠢ ᠮᠦᠷᠳᠡᠭᠡᠨ ᠣᠯᠠᠨ ᠠᠷᠪᠢᠨ ᠵᠢᠭᠤᠯᠴᠢᠯᠠᠯ ᠤᠨ ᠬᠦᠮᠦᠰ ᠢᠷᠡᠵᠥ ᠲᠤᠭᠤᠷᠢᠨ ᠵᠤᠭᠠᠴᠠᠵᠥ᠂ | ᠵᠢᠷᠤᠭ ᠰᠡᠭᠦᠳᠡᠷ ᠠᠪᠴᠥ ᠪᠠᠶᠢᠳᠠᠭ ᠶᠤᠮ᠃ ᠡᠨᠡᠬᠦ ᠪᠠᠶᠢᠳᠠᠯ ᠢ ᠦᠵᠡᠭᠡᠳ ᠪᠢ ᠲᠤᠩ ᠪᠠᠶᠠᠷᠯᠠᠨ ᠤᠮᠤᠭᠰᠢᠵᠥ | ᠶᠠᠪᠤᠳᠠᠭ ᠪᠢᠯᠡ᠃ | ᠬᠠᠪᠣᠷ ᠤᠨ ᠣᠯᠠᠷᠢᠯ ᠪᠤᠯᠪᠠᠯ ᠮᠠᠨ ᠤ ᠨᠣᠳᠤᠭ ᠨᠢ ᠴᠡᠯᠡᠭᠡᠷ ᠨᠤᠭᠤᠭᠠᠨ ᠦᠩᠭᠡ ᠪᠠᠷ ᠬᠤᠴᠢᠭᠳᠠᠨ ᠬᠤᠯᠠ | ᠠᠴᠠ ᠬᠠᠷᠠᠬᠤ ᠳᠤ ᠶᠠᠭ ᠯᠠ ᠨᠤᠭᠤᠭᠠᠨ ᠦᠩᠭᠡ ᠶᠢᠨ ᠲᠤᠷᠭ᠎ᠠ ᠲᠡᠪᠢᠰᠦᠭᠰᠡᠡ ᠰᠢᠭ ᠦᠵᠡᠭᠳᠡᠳᠡᠭ ᠶᠤᠮ᠃ | ᠠᠭᠤᠯᠠ ᠶᠢᠨ ᠮᠤᠳᠤᠳ ᠰᠣᠶᠣᠭᠠᠯᠠᠨ ᠨᠠᠬᠢᠶᠠᠯᠠᠵᠤ᠂ ᠰᠢᠨ᠎ᠡ ᠰᠣᠷᠭᠤᠭ ᠪᠣᠯᠳᠠᠶᠢᠨ ᠣᠷᠭᠤᠭᠰᠠᠠ ᠡᠪᠡᠰᠦᠨ ᠤ | ᠦᠨᠦᠷ ᠢᠶᠠᠷ ᠬᠤᠨᠢ ᠦᠬᠡᠷ ᠮᠢᠨᠢ ᠦᠨᠦᠷᠯᠡᠨ ᠭᠦᠶᠦᠳᠡᠭ ᠶᠤᠮ᠃ ᠲᠦᠯ ᠲᠣᠰᠬᠤ ᠠᠵᠢᠯ ᠪᠤᠯ ᠨᠣᠳᠤᠭ ᠤᠨ ᠮᠢᠨᠢ | ᠶᠠᠭᠠᠷᠠᠯᠳᠠᠢ ᠤᠯᠠᠷᠢᠯ ᠶᠤᠮ᠃ ᠠᠶᠢᠯ ᠪᠤᠯᠭᠠᠨ ᠤ ᠬᠤᠷᠣᠭᠠᠨ ᠳᠤ ᠬᠤᠷᠠᠭ᠎ᠠ ᠢᠰᠢᠭᠡ ᠶᠢᠨ ᠮᠠᠶᠢᠯᠠᠯᠳᠣᠭᠠᠨ ᠠᠶ᠎ᠠ | ᠬᠦᠭᠵᠢᠮ ᠮᠡᠳᠣ ᠴᠣᠣᠷᠢᠶᠠᠳᠣᠨ ᠰᠣᠨᠣᠰᠳᠠᠵᠥ᠂ ᠮᠠᠯᠴᠢᠨ ᠡᠵᠡᠨ ᠢᠶᠠᠨ ᠪᠠᠶᠠᠰᠬᠠᠵᠥ ᠪᠠᠶᠢᠳᠠᠭ ᠶᠤᠮ᠃ ᠨᠡᠭᠦᠳᠡᠯ ᠤᠨ | ᠰᠢᠪᠠᠭᠤ ᠡᠮᠦᠨ᠎ᠡ ᠣᠷᠤᠨ ᠠᠴᠠ ᠮᠠᠨ ᠤ ᠨᠤᠳᠤᠭ ᠲᠤ ᠨᠢᠰᠦᠨ ᠢᠷᠡᠵᠥ ᠰᠢᠪᠠᠷ ᠰᠢᠷᠣᠢ ᠵᠦᠭᠡᠭᠡᠨ ᠡᠭᠦᠷ | ᠤᠭᠤᠷᠠᠶᠢᠯᠠᠵᠤ ᠦᠷ᠎ᠡ ᠵᠣᠯᠵᠠᠭ᠎ᠠ ᠪᠠᠨ ᠪᠤᠶᠢᠵᠢᠭᠤᠯᠤᠨ ᠦᠰᠭᠡᠵᠥ᠂ ᠬᠦᠳᠡᠭᠡ ᠨᠣᠳᠤᠭ ᠤᠨ ᠴᠡᠪᠡᠷ ᠠᠭᠠᠷ ᠢᠶᠠᠷ | ᠨᠢᠰᠭᠡᠨ ᠪᠤᠯᠪᠠᠰᠣᠷᠠᠭᠤᠯᠵᠥ ᠪᠠᠶᠢᠭ᠎ᠠ ᠨᠢ ᠲᠤᠩ ᠭᠠᠶᠢᠬᠠᠮᠰᠢᠭᠳᠠᠢ ᠪᠠᠶᠢᠳᠠᠭ ᠪᠢᠯᠡ᠃ | ᠵᠤᠨ ᠤ ᠤᠯᠠᠷᠢᠯ ᠪᠤᠯᠪᠠᠯ ᠦᠩᠭᠡ ᠶᠢᠨ ᠴᠡᠴᠡᠭ ᠮᠢᠷᠠᠯᠵᠠᠨ ᠲᠡᠯᠭᠡᠷᠡᠵᠥ ᠠᠭᠤᠯᠠ ᠲᠠᠯ᠎ᠠ ᠪᠠᠨ ᠴᠢᠮᠡᠨ ᠨᠡᠩ | ᠦᠵᠡᠮᠵᠢ ᠲᠠᠢ ᠰᠠᠶᠢᠬᠠᠨ ᠪᠤᠯᠭᠠᠨ ᠠᠩᠬᠢᠯᠤᠮ᠎ᠠ ᠰᠠᠶᠢᠬᠠᠨ ᠦᠨᠦᠷ ᠬᠠᠩᠬᠤᠯᠤᠨ᠂ ᠬᠦᠮᠦᠨ ᠤ ᠲᠤᠷ᠎ᠠ ᠪᠠᠬ᠎ᠠ ᠶᠢ | ᠦᠪᠡᠷ ᠤᠨ ᠡᠷᠬᠡ ᠦᠭᠡᠢ ᠲᠠᠳᠠᠳᠠᠭ ᠪᠢᠯᠡ᠃ ᠵᠤᠨ ᠪᠤᠯᠪᠠᠯ ᠮᠠᠯᠴᠢᠳ ᠮᠤᠩᠭᠤᠯ ᠭᠡᠷ ᠢᠶᠠᠷ ᠢᠶᠠᠨ ᠵᠤᠰᠠᠯᠠᠩ ᠳᠤ | ᠪᠠᠨ ᠪᠠᠭᠤᠵᠥ ᠮᠠᠯ ᠢᠶᠠᠨ ᠮᠠᠯᠵᠢᠳᠠᠭ ᠶᠤᠮ᠃ ᠡᠨᠡ ᠨᠢ ᠬᠤᠨᠢ ᠮᠠᠯ ᠢᠶᠠᠨ ᠠᠷᠠᠴᠢᠯᠠᠵᠥ ᠮᠠᠯᠵᠢᠬᠤ ᠳᠤ ᠠᠮᠠᠷ | ᠮᠦᠷᠳᠡᠭᠡᠨ ᠰᠠᠭᠠᠯᠢ ᠰᠥ ᠪᠠᠨ ᠬᠢᠵᠥ ᠪᠤᠷᠤᠯᠠᠭᠤᠯᠬᠤ ᠳᠤ ᠲᠦᠭᠦᠮ ᠶᠤᠮ᠃ ᠮᠠᠨ ᠤ ᠨᠣᠳᠤᠭ ᠤᠨ ᠰᠠᠭᠠᠯᠢ ᠭᠡᠪᠡᠯ | ᠲᠤᠩ ᠨᠡᠷᠡᠳᠠᠢ ᠪᠠᠶᠢᠳᠠᠭ ᠪᠢᠯᠡ᠃ ᠠᠭᠤᠷ ᠠᠮᠢᠰᠬᠤᠯ ᠴᠦ ᠲᠤᠩ ᠰᠠᠶᠢᠬᠠᠨ ᠪᠠᠶᠢᠳᠠᠭ᠃ ᠬᠤᠨᠢᠨ ᠰᠦᠷᠦᠭ ᠮᠢᠨᠢ | ᠦᠷᠭᠡᠨ ᠠᠭᠤᠳᠠᠮ ᠲᠠᠯ᠎ᠠ ᠲᠡᠭᠡᠷ᠎ᠡ ᠶᠠᠭ ᠯᠡ ᠠᠰᠬᠠᠭᠰᠠᠠ ᠰᠣᠪᠣᠳ ᠰᠢᠭ᠋ ᠬᠠᠷᠠᠭᠳᠠᠳᠠᠭ᠃ ᠪᠤᠷᠤᠭᠠᠨ ᠤ ᠲᠠᠷᠠᠭ᠎ᠠ | ᠠᠯᠳᠠᠨ ᠨᠠᠷᠠᠨ ᠲᠤᠶᠠᠭᠠᠷᠠᠨ ᠭᠡᠷᠡᠯᠳᠦᠵᠥ᠂ ᠲᠤᠯᠤᠭᠠᠨ ᠦᠩᠭᠡ ᠶᠢᠨ ᠰᠣᠯᠤᠩᠭ᠎ᠠ ᠲᠠᠳᠠᠵᠥ ᠵᠤᠰᠠᠯᠠᠩ ᠤᠨ ᠦᠵᠡᠮᠵᠢ | ᠳᠤ ᠭᠡᠭᠡᠮᠰᠦᠭ ᠲᠦᠷᠢ ᠨᠡᠮᠡᠳᠡᠭ ᠨᠢ ᠪᠠᠶᠢᠭᠠᠯᠢ ᠶᠢᠨ ᠵᠢᠮ᠎ᠡ ᠪᠠᠶᠢᠵᠠᠢ᠃ | ᠨᠠᠮᠣᠷ ᠤᠨ ᠤᠯᠠᠷᠢᠯ ᠪᠤᠯᠪᠠᠯ ᠮᠠᠨ ᠤ ᠨᠤᠳᠤᠭ ᠤᠨ ᠥᠷᠢᠯ ᠮᠣᠶᠢᠯ᠂ ᠭᠦᠢᠯᠡᠰᠦ᠂ ᠲᠤᠯᠤᠭᠠᠨ᠎ᠠ ᠵᠡᠷᠭᠡ | ᠬᠡᠭᠡᠷ᠎ᠡ ᠶᠢᠨ ᠵᠢᠮᠢᠰ ᠪᠤᠯᠪᠠᠰᠣᠷᠠᠵᠥ᠂ ᠪᠢᠳᠡ ᠮᠣᠲ᠋ᠤᠷ ᠲᠠᠢ᠂ ᠲᠡᠷᠭᠡ ᠲᠠᠢ ᠭᠡᠷ ᠭᠡᠷ ᠢᠶᠠᠷ ᠢᠶᠠᠨ ᠲᠡᠭᠦᠬᠦ ᠪᠠᠷ | ᠶᠠᠪᠤᠳᠠᠭ᠃ ᠡᠭᠦᠨ ᠢ ᠪᠠᠨ ᠬᠤᠳᠠ ᠳᠤ ᠪᠠᠶᠢᠭ᠎ᠠ ᠰᠠᠳᠣᠨ ᠲᠦᠷᠦᠯ ᠳᠤ ᠪᠠᠨ ᠠᠪᠠᠴᠢᠵᠥ ᠦᠭᠬᠦ ᠳᠤ ᠲᠡᠳᠡ ᠲᠤᠩ | ᠪᠠᠶᠠᠷᠯᠠᠳᠠᠭ ᠪᠢᠯᠡ᠃ ᠮᠤᠳᠤᠨ ᠨᠠᠪᠴᠢ ᠰᠢᠷᠭᠠᠯ ᠦᠩᠭᠡ ᠪᠠᠷ ᠬᠤᠪᠢᠷᠠᠵᠥ ᠭᠠᠵᠠᠷ ᠲᠦᠭᠦᠷᠡᠩ ᠤᠨᠠᠵᠥ᠂ ᠰᠢᠷ᠎ᠠ | ᠦᠩᠭᠡ ᠶᠢᠨ ᠬᠡᠪᠢᠰ ᠰᠢᠭ ᠦᠵᠡᠭᠳᠡᠳᠡᠭ᠃ ᠮᠠᠯ ᠰᠦᠷᠦᠭ ᠲᠤᠰᠤᠨ ᠲᠠᠷᠭᠤ ᠠᠪᠴᠥ ᠮᠠᠯᠴᠢᠳ ᠬᠤᠨᠢ ᠦᠬᠡᠷ ᠢᠶᠠᠨ | ᠬᠤᠳᠠᠯᠳᠣᠵᠥ ᠡᠪᠦᠯ ᠤᠨ ᠠᠮᠣ ᠪᠤᠳᠠᠭ᠎ᠠ᠂ ᠮᠠᠯ ᠤᠨ ᠢᠶᠠᠨ ᠪᠤᠷᠳᠤᠭ᠎ᠠ ᠡᠪᠡᠰᠥ ᠪᠠᠨ ᠨᠦᠭᠡᠴᠡᠯᠡᠵᠥ ᠬᠤᠷᠢᠶᠠᠳᠠᠭ ᠶᠤᠮ | ᠃ ᠡᠪᠡᠰᠥ ᠬᠠᠳᠠᠵᠥ ᠬᠤᠷᠢᠶᠠᠬᠤ ᠨᠢ ᠨᠣᠳᠤᠭ ᠤᠨ ᠮᠢᠨᠢ ᠪᠠᠰᠠ ᠨᠢᠭᠡᠨ ᠶᠠᠭᠠᠷᠠᠯᠳᠠᠢ ᠴᠠᠭ ᠮᠦᠷᠳᠡᠭᠡᠨ ᠡᠪᠡᠰᠦᠨ | ᠲᠡᠷᠭᠡ ᠨᠠᠭᠠᠰᠢ ᠴᠠᠭᠠᠰᠢ ᠵᠦᠷᠢᠯᠳᠤᠨ ᠬᠦᠭᠵᠢᠶᠡᠨ ᠲᠠᠢ ᠪᠤᠯᠳᠠᠭ᠃ ᠭᠡᠤᠭᠡᠳ ᠪᠠᠭᠠᠴᠣᠳ ᠪᠢᠳᠡ ᠪᠢᠴᠢᠭ ᠤᠨ | ᠪᠤᠭᠴᠣ ᠪᠠᠨ ᠡᠭᠦᠷᠴᠥ ᠡᠪᠦᠭᠡ ᠡᠮᠡᠭᠡ ᠶᠢᠨ ᠢᠶᠠᠨ ᠢᠷᠦᠭᠡᠯ ᠵᠦᠩᠨᠡᠯ ᠤᠨ ᠲᠤᠮᠳᠠ ᠰᠣᠷᠭᠠᠭᠤᠯᠢ ᠳᠤ ᠪᠠᠨ ᠶᠠᠪᠤᠳᠠᠭ᠃ | | ᠡᠪᠦᠯ ᠤᠨ ᠤᠯᠠᠷᠢᠯ ᠪᠤᠯᠪᠠᠯ ᠴᠠᠰᠣᠨ ᠴᠡᠴᠡᠭ ᠠᠭᠠᠷ ᠠᠴᠠ ᠪᠤᠲᠠᠷᠠᠨ ᠪᠠᠭᠤᠵᠥ᠂ ᠲᠠᠯ᠎ᠠ ᠨᠤᠳᠤᠭ ᠮᠢᠨᠢ | ᠴᠭᠠᠨ ᠨᠦᠮᠦᠷᠭᠡ ᠨᠦᠮᠦᠷᠦᠭᠰᠡᠡ ᠰᠢᠭ ᠬᠠᠷᠠᠭᠳᠠᠨ᠂ ᠦᠨᠡᠭᠡᠷ ᠲᠡᠭᠷᠢ ᠠᠴᠠ ᠤᠶᠢᠷᠠᠬᠠᠨ ᠨᠣᠳᠤᠭ ᠭᠡᠵᠥ ᠬᠡᠯᠡᠬᠦ ᠳᠤ | ᠴᠦ ᠠᠬᠠᠲᠠᠬᠤ ᠦᠭᠡᠢ ᠪᠢᠯᠡ᠃ ᠭᠡᠤᠭᠡᠳ ᠪᠢᠳᠡ ᠬᠦᠪᠰᠦᠭᠡᠷ ᠴᠠᠭᠠᠨ ᠴᠠᠰᠣ ᠪᠠᠷ ᠴᠠᠰᠣᠨ ᠪᠠᠶᠢᠯᠳᠣᠭᠠᠨ ᠬᠢᠵᠥ | ᠨᠠᠭᠠᠳᠬᠤ ᠪᠤᠶᠤ ᠴᠠᠰᠣᠨ ᠬᠦᠮᠦᠨ ᠬᠢᠵᠥ᠂ ᠴᠠᠰᠣᠨ ᠪᠦᠮᠪᠦᠭᠡ ᠬᠢᠵᠥ ᠨᠠᠭᠠᠳᠣᠳᠠᠭ ᠪᠠ ᠭᠤᠯᠭᠤᠷᠢᠵᠥ ᠨᠠᠭᠠᠳᠣᠳᠠᠭ᠃ | ᠮᠠᠯᠴᠢᠳ ᠬᠤᠨᠢ ᠮᠠᠯ ᠢᠶᠠᠨ ᠬᠤᠷᠤᠭᠠᠨ ᠳᠤ ᠪᠠᠨ ᠬᠤᠷᠢᠵᠥ᠂ ᠨᠦᠭᠡᠴᠡᠯᠡᠭᠰᠡᠡ ᠡᠪᠡᠰᠥ ᠪᠤᠷᠳᠤᠭ᠎ᠠ ᠪᠠᠷ ᠢᠶᠠᠨ | ᠲᠡᠵᠢᠭᠡᠵᠥ ᠠᠷᠠᠴᠢᠯᠠᠨ ᠢᠷᠡᠬᠦ ᠬᠠᠪᠤᠷ ᠢᠶᠠᠨ ᠪᠠᠶᠠᠷᠳᠠᠢ ᠤᠭᠳᠤᠨ ᠠᠪᠳᠠᠭ᠃ | ᠪᠢ ᠨᠣᠳᠤᠭ ᠳᠤ ᠪᠠᠨ ᠲᠤᠩ ᠬᠠᠶᠢᠷᠠᠳᠠᠢ᠃ ᠬᠡᠳᠦᠢ ᠬᠤᠯᠠ ᠶᠠᠪᠤᠭᠰᠠᠠ ᠴᠦ ᠨᠤᠳᠤᠭ ᠮᠢᠨᠢ ᠬᠡᠵᠢᠶᠡᠳᠡ | ᠦᠷᠦ ᠵᠢᠷᠦᠬᠡᠨ ᠳᠤ ᠬᠠᠳᠠᠩᠰᠢᠵᠥ᠂ ᠵᠢᠷᠤᠭ ᠠᠳᠠᠯᠢ ᠲᠦᠷᠪᠡᠨ ᠤᠯᠠᠷᠢᠯ ᠢ ᠨᠢ ᠬᠡᠵᠢᠶᠡᠳᠡ ᠲᠤᠷᠠᠰᠣᠨ ᠰᠠᠨᠠᠭᠠᠯᠵᠠᠵᠥ | ᠶᠠᠪᠤᠨ᠎ᠠ᠃ ᠪᠢ ᠦᠰᠴᠥ ᠲᠦᠷᠦᠭᠰᠡᠡ ᠨᠤᠳᠤᠭ ᠤᠨ ᠢᠶᠠᠨ ᠬᠦᠷᠦᠰᠦᠨ ᠲᠡᠭᠡᠷ᠎ᠡ ᠪᠠᠨ ᠠᠯᠬᠤᠵᠥ ᠶᠠᠪᠤᠬᠤ ᠳᠤ ᠪᠠᠨ | ᠲᠤᠩ ᠶᠡᠭᠡ ᠣᠮᠤᠭᠰᠢᠨ ᠵᠤᠷᠢᠭᠵᠢᠳᠠᠭ᠃ | ᠨᠤᠳᠤᠭ ᠤᠨ ᠮᠢᠨᠢ ᠲᠦᠷᠪᠡᠨ ᠤᠯᠠᠷᠢᠯ ᠬᠡᠵᠢᠶᠡᠳᠡ ᠭᠤᠶᠤ ᠰᠠᠶᠢᠬᠠᠨ ᠢᠶᠠᠷ ᠢᠶᠠᠨ ᠪᠠᠶᠢᠭᠠᠰᠠᠢ︕ | ᠨᠤᠳᠤᠭ ᠢᠶᠠᠨ ᠪᠢ ᠬᠡᠵᠢᠶᠡᠳᠡ ᠬᠠᠶᠢᠷᠠᠯᠠᠵᠥ᠂ ᠪᠤᠳᠤᠵᠥ᠂ ᠰᠠᠨᠠᠵᠥ ᠶᠠᠪᠤᠨ᠎ᠠ᠃ | ᠨᠣᠳᠤᠭ ᠮᠢᠨᠢ ᠬᠦᠭᠵᠢᠨ ᠮᠠᠨᠳᠣᠬᠤ ᠪᠤᠯᠳᠤᠭᠠᠢ︕ | | | ︵ᠳᠤᠰ ᠵᠤᠬᠢᠶᠠᠯ ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠶᠢ ᠳᠤᠷᠠᠰᠬᠠᠬᠤ ᠬᠡᠰᠢᠭᠲᠡᠨ | ᠬᠤᠰᠢᠭᠤᠨ ᠤ ᠰᠤᠷᠤᠭᠴᠢᠳ ᠤᠨ ᠵᠤᠬᠢᠶᠠᠨ ᠪᠢᠴᠢᠯᠭᠡ ᠶᠢᠨ ᠤᠷᠤᠯᠳᠤᠭᠠᠨ ᠤ ᠪᠠᠭ᠎ᠠ ᠰᠤᠷᠭᠠᠭᠤᠯᠢ ᠶᠢᠨ | ᠳᠤᠭᠤᠶᠢᠯᠠᠩ ᠤᠨ ᠲᠡᠷᠢᠬᠦᠨ ᠳᠡᠰ ᠲᠤ ᠰᠢᠯᠭᠠᠷᠠᠪᠠ︶ | | |