ᠶᠠᠭᠠᠬᠢᠳᠠᠭ ᠶᠤᠮ
ᠨᠡᠶᠢᠲᠡᠯᠡᠭᠰᠡᠨ ᠴᠠᠭ᠄
2019-06-21
ᠡᠨᠡ ᠦᠭᠡ ᠠᠴᠠ ᠪᠠᠨ ᠪᠤᠯᠵᠤᠡᠵᠢ ᠳᠡᠭᠡᠨ ᠪᠢᠰᠢᠭᠦᠢ ᠯᠡ ᠵᠢᠮᠡᠯᠡᠭᠦᠯᠵᠦ ᠦᠰᠦᠯ᠎ᠠᠡᠯᠵᠢᠭᠡ ᠰᠢᠭ ᠵᠦᠷᠢᠭᠦᠳ ᠢᠶᠠᠷ ᠢᠶᠠᠨ ᠬᠤᠨᠢ ᠰᠢᠭ᠋ ᠨᠤᠮᠤᠬᠠᠨ ᠠᠮᠢᠲᠠᠳ ᠲᠤ ᠳᠠᠭᠤᠳᠠᠭᠤᠯᠵᠤ ᠲᠢᠭ ᠲᠠᠢ ᠲᠢᠭ ᠦᠭᠡᠢ ᠠᠯᠳᠠᠭᠠᠨ ᠤ ᠪᠠᠨ ᠡᠮᠦᠨ᠎ᠡ ᠠᠴᠠᠲᠡᠷ ᠬᠢᠲᠡᠯ᠎ᠡ᠂ ᠴᠡᠷᠢᠭ ᠰᠢᠭ ᠪᠤᠰᠬᠠᠳᠠᠭᠭᠠᠭᠴᠠ ᠵᠠᠩᠵᠤᠨ ᠦᠭᠡ ᠪᠠᠨᠭᠠᠷᠴᠠᠭ᠎ᠠ ᠦᠭᠡᠢ ᠣᠳᠣ ᠴᠦ ᠬᠡᠯᠡᠨ᠎ᠡ ᠪᠢ ᠶᠠᠭᠠᠬᠢᠳᠠᠭ ᠶᠤᠮ︕ᠵᠠᠭᠤ ᠲᠠᠲᠠᠵᠤ᠂ ᠳᠠᠭᠤᠤ ᠳᠠᠭᠤᠯᠠᠬᠤ ᠶᠢᠨ ᠡᠮᠦᠨ᠎ᠡ ᠵᠠᠭᠤ ᠵᠠᠭᠤᠨ ᠨᠢᠳᠦᠨ ᠤ ᠡᠮᠦᠨ᠎ᠡ ᠰᠢᠯᠦᠭ ᠢᠶᠠᠨ ᠤᠩᠰᠢᠬᠤ ᠶᠢᠨ ᠡᠮᠦᠨ᠎ᠡᠳᠠᠷᠠᠰᠤ ᠰᠢᠭ᠋ ᠬᠥᠭᠡᠰᠦᠷᠡᠭᠰᠡᠨ ᠳᠤᠷᠠᠯᠠᠯ ᠳᠤ ᠵᠢᠷᠦᠬᠡ ᠪᠠᠨ ᠵᠢᠪᠦᠭᠦᠯᠵᠦᠳᠠᠷᠠᠭ᠎ᠠ ᠨᠢ ᠬᠡᠷᠡᠭ ᠦᠭᠡᠢ ᠶᠤᠮ ᠰᠢᠭ ᠤᠷᠠᠵᠤ ᠵᠤᠷᠠᠵᠤ ᠶᠠᠪᠤᠬᠤ ᠳᠠᠭᠠᠨᠳᠠᠩᠳᠠ ᠢᠯᠠᠬᠤ ᠦᠭᠡᠢ ᠠᠮᠢᠳᠤᠷᠠᠯ ᠤᠨ ᠶᠡᠭᠡ ᠲᠤᠯᠤᠭᠠᠨ ᠳᠤᠳᠠᠶᠢᠰᠤᠨ ᠢᠶᠠᠨ ᠦᠷᠦ ᠡᠪᠡᠳᠦᠭᠡᠳ ᠬᠠᠯᠠᠭᠠᠯᠠᠵᠤ ᠰᠠᠭᠤᠬᠤ ᠳᠠᠭᠠᠨ ᠴᠦᠶᠠᠭᠠᠬᠢᠳᠠᠭ ᠶᠤᠮ︕ ᠭᠡᠳᠡᠭ ᠡᠨᠡ ᠯᠡ ᠦᠭᠡ ᠪᠠᠷ ᠢᠶᠠᠨᠢᠯᠠᠵᠤ ᠶᠠᠪᠤᠭ᠎ᠠ ᠶᠤᠮ ᠪᠢᠶᠠᠭᠠᠬᠢᠳᠠᠭ ᠶᠤᠮ︕ᠡᠨᠡ ᠦᠭᠡ ᠨᠠᠮ᠎ᠠ ᠶᠢᠡᠮᠨᠡᠯᠭᠡ ᠶᠢᠨ ᠬᠥᠰᠢᠩᠭᠢ ᠤᠷᠤᠨ ᠳᠡᠭᠡᠷ᠎ᠡ ᠠᠴᠠᠭᠠᠶᠢᠬᠠᠭᠰᠠᠨ ᠡᠮᠴᠢ ᠨᠠᠷ ᠤᠨ ᠨᠢᠳᠦᠨ ᠳᠡᠭᠡᠷ᠎ᠡᠭᠠᠷ ᠠᠴᠠ ᠮᠢᠨᠢ ᠰᠤᠭᠤ ᠲᠠᠲᠠᠵᠤ ᠪᠤᠰᠬᠠᠭᠰᠠᠨ ᠶᠤᠮᠵᠥᠭᠡᠯᠡᠨ ᠵᠥᠭᠡᠯᠡᠨ ᠶᠠᠪᠤᠭᠰᠠᠭᠠᠷ ᠠᠲᠠᠯ᠎ᠠ ᠵᠥᠷᠢᠭᠦᠯᠡᠭᠡᠳ ᠡᠯᠡᠭᠳᠡᠭᠰᠡᠨ ᠬᠤᠷᠸ᠎ᠠ ᠤᠷᠤᠭᠤᠵᠥᠷᠢᠭᠦᠳ ᠳᠡᠷᠰᠬᠡᠨ ᠠᠭᠠᠰᠢ ᠪᠠᠷ ᠢᠶᠠᠨᠶᠠᠭᠠᠬᠢᠳᠠᠭ ᠶᠤᠮ︕ ᠭᠡᠵᠦ ᠪᠢ ᠬᠠᠰᠬᠢᠷᠤᠭᠰᠠᠨ ᠶᠤᠮᠳᠡᠯᠡᠬᠡᠢ ᠳᠠᠶᠢᠪᠠᠯᠵᠠᠨ᠂ ᠭᠠᠵᠠᠷ ᠡᠷᠢᠶᠡᠯᠵᠡᠵᠦᠳᠡᠨᠵᠢᠭᠡᠨᠡᠨ ᠨᠤᠮᠤᠷᠴᠤ᠂ ᠬᠥᠯ ᠳᠡᠭᠡᠷ᠎ᠡ ᠪᠠᠨ ᠪᠤᠰᠬᠤ ᠳᠤ ᠮᠢᠨᠢᠳᠡᠷᠭᠡᠳᠡ ᠡᠨᠡ ᠦᠭᠡ ᠬᠠᠮᠤᠭ ᠤᠨ ᠲᠦᠷᠦᠭᠦᠨ ᠳᠤ ᠭᠦᠶᠦᠵᠦ ᠢᠷᠡᠭᠡᠳᠳᠠᠮᠨᠠᠨ ᠲᠦᠰᠢᠵᠦ᠂ ᠲᠠᠶᠠᠭ ᠮᠡᠲᠦ ᠲᠤᠯᠤᠭᠰᠠᠨ ᠶᠤᠮ︕ᠭᠠᠩᠭᠠᠩ ᠢᠷᠠᠭᠤ ᠨᠠᠶᠢᠷᠠᠭ ᠲᠤᠨᠢ ᠰᠡᠩᠬᠡᠷᠡᠳᠡᠭ ᠪᠠᠶᠢᠲᠤᠭᠠᠢ ᠭᠠᠭᠴᠠ ᠶᠠᠷᠢᠳᠠᠭ ᠦᠭᠡᠨ ᠳᠤᠨᠢ ᠲᠡᠩᠬᠡᠷᠡᠳᠡᠭ ᠡᠬᠡ ᠬᠡᠯᠡ ᠮᠢᠨᠢ︕ ᠢᠩᠭᠡᠨ ᠢᠷᠠᠭᠤ ᠡᠭᠡᠰᠢᠭ ᠠᠴᠠ ᠨᠢ ᠪᠣᠲᠤᠭᠤ ᠰᠢᠭ᠋ ᠮᠢᠨᠦ ᠤᠶᠠᠭ᠎ᠠ ᠲᠠᠢᠢᠵᠢᠢ ᠡᠬᠡ ᠬᠡᠯᠡ ᠲᠠᠢ ᠪᠠᠨ ᠪᠠᠶᠢᠬᠤ ᠳᠤ ᠪᠢ᠂ ᠶᠠᠭᠠᠬᠢᠵᠤ ᠴᠦ  ᠶᠠᠪᠤᠭᠰᠠᠨᠶᠠᠭᠠᠬᠢᠳᠠᠭ ᠶᠤᠮ︕
 
ᠢᠷᠡᠯᠲᠡ᠄ ︽ᠠᠯᠲᠠᠨ ᠵᠡᠭᠡᠰᠦᠨ ᠤ ᠠᠩᠭᠢᠷ︾ ᠭᠡᠬᠦ ᠨᠤᠮ ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号