ᠶᠠᠪᠤᠬᠤᠯᠠᠩ ᠤᠨ ᠬᠠᠶᠢᠷ᠎ᠠ ᠶᠢᠨ ᠰᠢᠯᠥᠭ
ᠨᠡᠶᠢᠲᠡᠯᠡᠭᠰᠡᠨ ᠴᠠᠭ᠄
2015-11-20
        ᠪᠢ ᠴᠢᠮ᠎ᠠ ᠳᠤ ᠬᠠᠶᠢᠷᠠᠳᠠᠢ     ᠬᠤᠯᠠ ᠠᠴᠠ ᠬᠦᠶᠦᠳᠡᠯ ᠲᠠᠢ ᠪᠤᠷᠣᠯᠠᠭ ᠮᠢᠨᠢ   ᠰᠣᠯᠠ ᠳᠠᠭᠠᠨ ᠭᠠᠩᠬᠤᠮ᠎ᠠ ᠵᠢᠷᠤᠭ᠎ᠠ ᠳ᠋ᠠ   ᠭᠤᠣᠯ ᠠᠴᠠ ᠬᠠᠶᠢᠷᠠᠳᠠᠢ ᠠᠮᠠᠷᠠᠭ ᠮᠢᠨᠢ   ᠰᠦᠨᠢ ᠳᠡᠭᠡᠨ ᠬᠡᠷᠡᠯᠳᠦᠮ᠎ᠡ ᠴᠢᠷᠠᠶᠢᠯᠢᠭ ᠳ᠋ᠠ ᠰᠡᠷᠢᠬᠦᠨ ᠪᠤᠯᠠᠭ ᠤᠨ ᠣᠰᠣᠨ ᠳᠤ   ᠴᠡᠯᠮᠡᠭ ᠲᠡᠭᠷᠢ ᠬᠡᠷᠡᠯᠳᠦᠬᠦ‍ ᠰᠢᠭ   ᠠᠷᠢᠭᠤᠨ ᠵᠢᠷᠦᠬᠡᠨ ᠤ ᠲᠣᠮᠳᠠ   ᠴᠡᠪᠡᠷᠬᠡᠨ ᠲᠦᠷᠢ ᠴᠢᠨᠢ   ᠲᠣᠳᠣᠷᠠᠨ᠎ᠠ   ᠠᠳᠠᠷ ᠬᠡᠬᠡᠷ᠎ᠡ ᠶᠢ ᠴᠢᠮᠡᠭᠯᠡᠭᠰᠡᠨ   ᠠᠯᠠᠭ ᠴᠡᠴᠡᠭ ᠲᠤ ᠪᠢ ᠲᠣᠷᠠᠳᠠᠢ   ᠠᠷᠢᠭᠤᠨ ᠬᠠᠶᠢᠷ᠎ᠠ ᠶᠢ ᠮᠢᠨᠢ ᠪᠤᠯᠢᠶᠠᠭᠰᠠᠨ   ᠠᠮᠠᠷᠠᠭ ᠴᠢᠮ᠎ᠠ ᠳᠠᠭᠠᠨ ᠪᠢ ᠬᠠᠶᠢᠷᠠᠳᠠᠢ   ᠵᠢᠷᠤᠭ᠎ᠠ ᠪᠤᠷᠣᠯᠠᠭ ᠢᠶᠠᠨ ᠲᠡᠰᠢᠬᠦᠯᠥᠭᠰᠡᠬᠡᠷ   ᠵᠢᠯᠣᠭᠤ ᠲᠠᠯᠪᠢᠰᠬᠢᠬᠡᠳ ᠣᠴᠢᠨ᠎ᠠ ᠳ᠋ᠠ ᠵᠢᠭᠠᠬᠠᠨ ᠴᠢ ᠮᠢᠨᠢ ᠢᠨᠢᠶᠡᠭᠰᠡᠬᠡᠷ   ᠪᠠᠭ᠋ᠠᠨ ᠬᠢᠷᠪᠢᠰᠬᠢᠬᠡᠳ ᠵᠣᠯᠭᠠᠨ᠎ᠠ ᠳ᠋ᠠ᠃             ᠲᠣᠣᠯᠠ ᠶᠢᠨ ᠰᠢᠭᠤᠢ   ᠲᠠᠣᠯᠠᠢ ᠶᠢᠨ ᠬᠦᠶᠦᠳᠡᠯ ᠰᠢᠭ ᠰᠠᠯᠬᠢᠨ ᠳᠤ   ᠲᠣᠣᠯᠠ ᠶᠢᠨ ᠰᠢᠭᠤᠢ ᠨᠠᠶᠢᠭᠤᠨ᠎ᠠ   ᠠᠭᠤᠯᠠ ᠶᠢᠨ ᠰᠣᠭᠤ ᠰᠢᠭ᠋ ᠬᠡᠣᠬᠡᠨ ᠳᠤ   ᠬᠠᠶᠢᠷ᠎ᠠ ᠶᠢᠨ ᠰᠠᠯᠬᠢᠨ ᠲᠠᠰᠣᠨ᠎ᠠ   ᠬᠡᠬᠡᠷ᠎ᠡ ᠶᠢᠨ ᠰᠠᠯᠬᠢᠨ ᠳᠤ ᠲᠣᠣᠯᠠ ᠮᠢᠨᠢ   ᠲᠠᠬᠢ ᠶᠢᠨ ᠵᠣ ᠰᠢᠭ᠋ ᠪᠢᠳᠠᠷᠳᠣᠨ᠎ᠠ ᠬᠠᠶᠢᠷ᠎ᠠ ᠶᠢᠨ ᠬᠦᠴᠦᠨ ᠳᠤ ᠰᠡᠳᠬᠢᠯ ᠮᠢᠨᠢ ᠲᠡᠭᠷᠢ ᠶᠢᠨ ᠵᠠᠭᠠᠳᠠᠰᠣ ᠰᠢᠭ᠋ ᠬᠡᠷᠡᠯᠳᠦᠨ᠎ᠡ   ᠬᠦᠨᠵᠡᠬᠡᠢ ᠠᠮᠢᠰᠬᠤᠭ᠎ᠠ ᠠᠪᠤᠮᠠᠷ ᠲᠠᠯ᠎ᠠ ᠰᠢᠭ᠋ ᠪᠦᠰᠡᠬᠦᠢ ᠴᠢ ᠶᠤᠮ   ᠬᠦᠨ ᠳᠤᠨᠢ ᠬᠠᠩᠬᠢᠨᠠᠬᠤ ᠲᠠᠭᠤᠣ ᠶᠢᠨ   ᠡᠭᠡᠰᠢᠭ ᠨᠢ ᠮᠢᠨᠦ ᠰᠡᠳᠬᠢᠯ ᠶᠤᠮ     ᠮᠥᠩᠬᠦᠨ ᠠᠶᠠᠭ᠎ᠠ ᠰᠢᠭ᠋ ᠭᠠᠷ ᠠᠴᠠ ᠴᠢᠨᠢ   ᠲᠣᠣᠯᠠ ᠶᠢᠨ ᠣᠰᠣᠨ ᠠᠴᠠ ᠠᠮᠰᠠᠬᠤ ᠰᠠᠨ   ᠮᠥᠩᠬᠡ ᠶᠢᠨ ᠷᠠᠰᠢᠶᠠᠨ ᠣᠣᠭᠤᠭᠰᠠᠨ ᠶᠤᠮ ᠰᠢᠭ᠋   ᠲᠠᠩᠬᠢᠯ ᠴᠢᠮ᠎ᠠ ᠲᠠᠢ ᠠᠮᠢᠳᠣᠷᠠᠬᠤ ᠰᠠᠨ︕    
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号