ᠳᠦᠷᠪᠡᠨ ᠴᠠᠭ
ᠨᠡᠶᠢᠲᠡᠯᠡᠭᠰᠡᠨ ᠴᠠᠭ᠄
2015-12-24
ᠳ᠋᠊᠂   ᠨᠠᠴᠤᠭᠳᠤᠷᠵᠢ                 ᠬᠠᠪᠤᠷ ᠮᠦᠩᠭᠡ ᠲᠡᠭᠷᠢ ᠶᠢᠨ ᠳᠤᠤᠷ᠎ᠠ ᠮᠢᠩᠭᠠᠨ ᠮᠢᠩᠭᠠᠨ ᠬᠠᠪᠤᠷ ᠮᠤᠩᠭᠤᠯ ᠤᠨ ᠰᠠᠶᠢᠬᠠᠨ ᠤᠷᠤᠨ ᠳᠤ ᠵᠢᠯ ᠵᠢᠯ ᠳᠡᠯᠭᠡᠷ ᠡᠩᠬᠡ ᠤᠯᠠᠷᠢᠯ ᠬᠠᠩᠬᠤᠯᠬᠤ ᠳᠤ ᠬᠦᠮᠦᠨ ᠤ ᠰᠡᠳᠬᠢᠯ ᠲᠡᠨᠢᠭᠡᠷ ᠡᠪᠡᠰᠤᠨ ᠤ ᠰᠤᠶᠤᠭ᠎ᠠ   ᠨᠤᠭᠤᠭᠠᠷᠠᠬᠤ ᠳᠤ ᠮᠤᠷᠤᠢ ᠮᠠᠯ ᠬᠠᠨᠠᠭᠠᠷ         ᠬᠤᠯᠠᠬᠢ ᠨᠠᠷᠠ ᠤᠶᠢᠷᠠᠳᠤᠵᠤ ᠬᠠᠰ ᠤᠨ ᠴᠠᠰᠤ ᠬᠠᠶᠢᠯᠬᠤ ᠳᠤ         ᠬᠤᠷᠸ᠎ᠠ ᠳᠡᠯᠡᠬᠡᠢ ᠰᠢᠨᠡᠴᠢᠯᠡᠭᠳᠡᠨ ᠬᠠᠭᠤᠴᠢᠨ ᠶᠠᠭᠤᠮ᠎ᠠ ᠬᠠᠯᠠᠭᠳᠠᠨ᠎ᠠ         ᠬᠦᠬᠡᠷᠡᠭᠰᠡᠨ ᠮᠤᠳᠤ ᠴᠡᠴᠡᠭᠯᠡᠵᠦ ᠬᠡᠦᠬᠡᠳ ᠪᠠᠭᠠᠴᠤᠳ ᠨᠠᠭᠠᠳᠬᠤ ᠳᠤ         ᠬᠦᠭᠰᠢᠨ ᠬᠦᠮᠦᠨ ᠦᠪᠡᠷ ᠢ ᠪᠠᠨ ᠵᠠᠯᠠᠭᠤ ᠪᠤᠯᠤᠭᠰᠠᠨ ᠰᠢᠭ᠋ ᠰᠠᠨᠠᠨ᠎ᠠ ᠬᠡᠭᠡᠷ᠎ᠡ ᠶᠢᠨ ᠭᠠᠯᠠᠭᠤ ᠠᠶᠢᠯᠴᠢᠯᠠᠨ ᠢᠷᠡᠵᠦ ᠭᠠᠩᠭᠠᠷ ᠭᠤᠩᠭᠠᠷ ᠳᠤᠩᠭᠤᠳᠬᠤ ᠳᠤ ᠭᠡᠷ ᠲᠡᠭᠡᠨ ᠰᠠᠭᠤᠭᠰᠠᠨ ᠮᠠᠯᠴᠢᠨ ᠳᠠᠭᠤ ᠶᠢ ᠨᠢ ᠴᠢᠩᠨᠠᠭᠠᠳ ᠤᠶᠠᠷᠠᠨ᠎ᠠ ᠬᠠᠵᠠᠭᠤ ᠳᠠᠬᠢ ᠠᠭᠤᠯᠠᠨ ᠳᠤ ᠭᠤᠷᠤᠬ᠎ᠠ ᠪᠤᠯᠠᠭ ᠬᠤᠷᠴᠢᠭᠢᠨᠠᠨ ᠤᠷᠤᠰᠬᠤ ᠳᠤ ᠬᠠᠶᠠᠭᠠᠨ ᠳᠠᠬᠢ ᠢᠰᠢᠭᠡ ᠬᠤᠷᠠᠭ᠎ᠠ ᠬᠦᠭᠵᠢᠮ ᠨᠡᠶᠢᠯᠡᠭᠦᠯᠦᠨ ᠮᠠᠶᠢᠯᠠᠨ᠎ᠠ         ᠡᠶᠡᠯᠳᠡᠭ ᠤᠷᠢᠬᠠᠨ ᠠᠮᠢᠰᠬᠤᠯ ᠠᠷᠢᠭᠤᠬᠠᠨ ᠢᠶᠠᠷ ᠦᠨᠦᠷᠲᠦᠭᠡᠳ         ᠡᠷᠲᠡ ᠡᠳᠦᠭᠡ ᠶᠢ ᠪᠤᠳᠤᠭᠳᠠᠭᠤᠯᠤᠨ ᠨᠢᠭᠤᠭᠳᠠᠭᠰᠠᠨ ᠰᠡᠳᠬᠢᠯ ᠢ ᠰᠡᠷᠭᠦᠭᠡᠨ᠎ᠡ         ᠦᠨᠢᠷ ᠰᠠᠶᠢᠬᠠᠨ ᠲᠦᠦᠯ ᠪᠠᠶᠠᠨ ᠬᠤᠲᠠ ᠶᠢ ᠴᠢᠮᠡᠬᠦ ᠳᠤ         ᠦᠯᠦᠭᠡᠢ ᠲᠠᠢ ᠪᠢᠴᠢᠬᠠᠨ ᠬᠡᠦᠬᠡᠳ ᠡᠴᠢᠭᠡ ᠡᠬᠡ ᠪᠠᠨ ᠪᠠᠶᠠᠰᠬᠠᠨ᠎ᠠ                     ᠵᠤᠨ ᠴᠠᠭ ᠤᠨ ᠰᠠᠶᠢᠬᠠᠨ ᠵᠤᠨ ᠤ ᠡᠬᠢᠨ ᠳᠤ ᠭᠠᠵᠠᠷ ᠤᠨ ᠰᠠᠶᠢᠬᠠᠨ ᠬᠠᠩᠭᠠᠢ ᠶᠢᠨ ᠨᠢᠷᠤᠭᠤᠨ ᠳᠤ ᠬᠦᠬᠦᠬᠡ   ᠰᠢᠪᠠᠭᠤ ᠤᠷᠢᠬᠠᠨ ᠢᠶᠠᠷ ᠳᠤᠩᠭᠤᠳᠬᠤ ᠳᠤ ᠡᠨᠡ ᠳᠡᠯᠡᠬᠡᠢ ᠶᠠᠭᠤᠲᠠᠢ ᠲᠠᠭᠠᠯᠠᠮᠵᠢᠲᠠᠢ ᠪᠤᠢ︕     ᠨᠤᠭᠤᠭᠠᠨ ᠤ ᠤᠨᠢᠶᠠᠷ ᠤᠭᠲᠠᠷᠭᠤᠢ ᠲᠤᠯᠵᠤ ᠵᠡᠷᠭᠡᠯᠭᠡᠨ ᠮᠢᠷᠠᠯᠵᠠᠬᠤ ᠳᠤ     ᠬᠦᠯᠦᠭ   ᠮᠤᠷᠢ ᠤᠷᠲᠤ ᠢᠨᠴᠠᠭᠠᠵᠤ ᠲᠦᠷᠦᠭᠰᠡᠨ ᠨᠤᠲᠤᠭ ᠢ ᠵᠦᠭᠯᠡᠨ᠎ᠡ     ᠴᠡᠴᠡᠭ ᠤᠨ ᠬᠤᠷ᠎ᠠ ᠳᠡᠯᠡᠬᠡᠢ ᠶᠢᠨ ᠨᠢᠭᠤᠷ ᠢ ᠤᠭᠢᠶᠠᠬᠤ ᠳᠤ     ᠵᠠᠯᠠᠭᠤ ᠬᠦᠮᠦᠰ ᠤᠨ ᠰᠡᠳᠬᠢᠯ ᠰᠡᠷᠭᠦᠵᠦ ᠪᠡᠶ᠎ᠡ ᠪᠡᠶ᠎ᠡ ᠪᠠᠨ ᠪᠤᠳᠤᠨ᠎ᠠ ᠦᠵᠡᠰᠬᠦᠯᠡᠩᠲᠤ ᠠᠭᠤᠯᠠ ᠲᠤᠩᠭᠠᠯᠠᠭ ᠤᠰᠤ ᠵᠤᠨ ᠤ ᠴᠠᠭ ᠲᠤ   ᠳᠡᠭᠰᠢ ᠡᠷ᠎ᠡ ᠶᠢᠨ ᠭᠤᠷᠪᠠᠨ ᠨᠠᠭᠠᠳᠤᠮ ᠮᠤᠩᠭᠤᠯ ᠭᠠᠵᠠᠷ ᠤᠨ ᠪᠠᠶᠠᠰᠬᠤᠯᠠᠩ ᠬᠡᠦᠬᠡᠳ ᠪᠠᠭᠠᠴᠤᠳ ᠤᠨ ᠭᠡᠶᠢᠨ ᠭᠤᠤᠯᠠᠬᠤ ᠨᠢ ᠬᠦᠨᠳᠡᠢ ᠲᠠᠯ᠎ᠠ ᠳᠤ ᠢᠷᠠᠭᠤ ᠬᠤᠷᠳᠤᠨ ᠮᠤᠷᠢ ᠢᠷᠠᠯᠵᠠᠬᠤ ᠨᠢ ᠬᠦᠮᠦᠨ ᠪᠦᠬᠦᠨ ᠤ ᠪᠠᠭ᠋ᠠᠳᠤᠯ       ᠠᠭᠤᠳᠠᠮ ᠲᠠᠯ᠎ᠠ ᠳᠤ ᠨᠠᠭᠠᠳᠤᠮ ᠤᠨ ᠠᠶᠠᠯᠭᠤ ᠵᠦᠭᠡᠯᠡᠨ ᠢᠶᠠᠷ ᠴᠤᠤᠷᠢᠶᠠᠳᠤᠨ᠎ᠠ       ᠬᠡᠭᠡᠷ᠎ᠡ ᠬᠦᠳᠡᠭᠡ ᠳᠤ ᠮᠠᠯ ᠰᠦᠷᠦᠭ ᠳᠤᠷ᠎ᠠ ᠪᠠᠷ ᠢᠶᠠᠨ ᠪᠡᠯᠴᠢᠨ᠎ᠡ       ᠡᠷᠦᠬᠡ ᠪᠦᠷᠢ ᠶᠢᠨ ᠡᠭᠦᠳᠡᠨ ᠳᠤ ᠠᠶᠢᠷᠠᠭ ᠰᠠᠷᠬᠤᠳ ᠤᠨ ᠦᠨᠦᠷ ᠰᠡᠩᠭᠢᠨᠡᠨ᠎ᠡ       ᠡᠶᠢᠮᠦ ᠰᠠᠶᠢᠬᠠᠨ ᠪᠠᠶᠠᠰᠬᠤᠯᠠᠩ ᠲᠠᠢ   ᠲᠡᠶᠢᠮᠦ ᠰᠠᠶᠢᠬᠠᠨ ᠵᠢᠷᠭᠠᠯᠠᠩ ᠲᠠᠢ                   ᠨᠠᠮᠤᠷ ᠨᠠᠮᠤᠷ ᠤᠨ ᠰᠢᠷ᠎ᠠ ᠨᠠᠷᠠ ᠨᠠᠳᠠ ᠳᠡᠭᠡᠷ᠎ᠡ ᠴᠢᠮ᠎ᠠ ᠳᠡᠭᠡᠷ᠎ᠡ ᠳᠤᠰᠤᠨ᠎ᠠ ᠨᠠᠶᠢᠭᠤᠨ ᠨᠠᠶᠢᠭᠤᠬᠤ ᠤᠯᠠᠷᠢᠯ   ᠳᠤᠨᠢ   ᠪᠢᠳᠡ ᠪᠠᠰᠠ ᠨᠠᠶᠢᠭᠤᠨ᠎ᠠ ᠪᠤᠭᠤ ᠬᠠᠨᠳᠠᠭᠠᠢ ᠤᠷᠤᠮᠳᠠᠵᠤ ᠠᠭᠤᠯᠠ ᠤᠰᠤ ᠶᠢ ᠪᠠᠶᠠᠰᠬᠠᠬᠤ ᠳᠤ ᠦᠬᠡᠷ ᠱᠠᠷ ᠮᠦᠭᠡᠷᠡᠯᠳᠦᠨ ᠮᠠᠯᠴᠢᠨ ᠬᠦᠮᠦᠨ ᠢ ᠵᠤᠭᠠᠴᠠᠭᠤᠯᠤᠨ᠎ᠠ       ᠰᠠᠶᠢᠬᠠᠨ ᠤᠭᠲᠠᠷᠭᠤᠢ ᠶᠢᠨ ᠳᠤᠮᠳᠠ ᠨᠢᠮᠭᠡᠨ ᠴᠠᠭᠠᠨ ᠡᠭᠦᠯᠡ ᠨᠡᠭᠦᠬᠦ ᠳᠤ       ᠢᠳᠡᠷ   ᠵᠠᠯᠠᠭᠤᠰ ᠠᠯᠤᠰ ᠭᠠᠵᠠᠷ ᠰᠤᠷᠭᠠᠭᠤᠯᠢ ᠰᠤᠶᠤᠯ ᠳᠤ ᠤᠳᠤᠨ᠎ᠠ       ᠲᠤᠩᠭᠠᠯᠠᠭ ᠮᠦᠷᠡᠨ ᠵᠦᠭᠡᠯᠡᠨ ᠵᠦᠭᠡᠯᠡᠨ ᠢᠶᠠᠷ ᠳᠤᠪ ᠳᠤᠭᠤᠢ ᠤᠷᠤᠰᠬᠤ ᠳᠤ       ᠲᠡᠭᠦᠨ ᠤ ᠳᠤᠲᠤᠷ᠎ᠠ   ᠰᠠᠷᠠ ᠮᠦᠰᠢᠶᠡᠵᠦ ᠢᠨᠠᠭ ᠤᠨ ᠦᠯᠢᠭᠡᠷ ᠰᠢᠪᠡᠨᠡᠨ᠎ᠡ ᠦᠷᠯᠦᠭᠡᠨ ᠤ ᠬᠢᠷᠠᠭᠤ ᠰᠤᠪᠤᠳ ᠤᠨ ᠠᠳᠠᠯᠢ ᠭᠢᠯᠲᠦᠭᠡᠨᠡᠨ ᠪᠤᠭᠤᠷᠤᠯᠲᠤᠬᠤ ᠳᠤ ᠭᠠᠳᠠᠭ᠎ᠠ ᠰᠤᠶᠢᠭᠰᠠᠨ ᠮᠤᠷᠢ   ᠪᠦᠭ ᠪᠦᠭ ᠪᠦᠩ ᠪᠦᠩ ᠴᠡᠴᠡᠷᠡᠨ᠎ᠡ ᠭᠡᠷ ᠤᠨ ᠡᠵᠡᠨ ᠡᠷᠲᠡᠯᠡᠨ ᠦᠨᠡᠭᠡ ᠴᠢᠨ᠋ᠸ᠎ᠠ ᠶᠢ ᠭᠦᠷᠦᠭᠡᠯᠡᠷ᠎ᠡ ᠤᠳᠬᠤ ᠳᠤ ᠡᠬᠡᠨᠡᠷ ᠬᠡᠦᠬᠡᠳ ᠠᠭᠠᠷᠴᠠ ᠨᠡᠷᠡᠵᠦ ᠲᠡᠭᠦᠨ ᠢ ᠬᠦᠯᠢᠶᠡᠨ᠎ᠡ       ᠤᠷᠢᠬᠠᠨ ᠬᠤᠩᠭᠤᠷ ᠰᠠᠯᠬᠢ ᠡᠪᠡᠰᠦ ᠮᠤᠳᠤ ᠶᠢ ᠨᠠᠮᠢᠯᠵᠠᠭᠤᠯᠬᠤ ᠳᠤ       ᠬᠦᠭᠰᠢᠳ ᠵᠠᠯᠠᠭᠤᠰ ᠤᠨ ᠰᠡᠳᠬᠢᠯ ᠪᠦᠩ ᠪᠦᠩ ᠪᠦᠮᠪᠦᠷᠢᠨ᠎ᠡ       ᠰᠢᠷᠠᠯᠠᠭᠰᠠᠨ ᠮᠤᠳᠤᠨ ᠤ ᠨᠠᠪᠴᠢ ᠬᠤᠶᠠᠷ ᠨᠢᠭᠡ ᠪᠠᠷ ᠤᠨᠠᠬᠤ ᠳᠤ       ᠰᠡᠳᠬᠢᠯ ᠤᠨ ᠳᠤᠲᠤᠷᠠᠬᠢ ᠤᠶᠢᠳᠬᠠᠷᠲᠤ ᠶᠠᠪᠤᠳᠠᠯ ᠬᠠᠶᠠ ᠬᠠᠶᠠ ᠪᠤᠳᠤᠭᠳᠠᠨ᠎ᠠ                 ᠡᠪᠦᠯ ᠠᠯᠤᠰ ᠤᠨ ᠰᠠᠯᠬᠢ ᠵᠢᠬᠡᠭᠦᠨ ᠠᠮᠢᠰᠬᠤᠯ ᠢᠶᠠᠷ ᠳᠡᠰ ᠨᠢᠰ ᠭᠡᠬᠦ ᠳᠤ ᠠᠯᠲᠠᠨ ᠳᠡᠯᠡᠬᠡᠢ ᠶᠢᠨ ᠠᠭᠤᠯᠠ ᠲᠠᠯ᠎ᠠ ᠮᠦᠩᠭᠦᠨ ᠬᠤᠶᠠᠭ ᠡᠮᠦᠰᠦᠨ᠎ᠡ ᠡᠪᠦᠯ ᠤᠨ ᠰᠦᠨᠢ ᠲᠡᠭᠷᠢ ᠶᠢᠨ ᠤᠳᠤᠳ ᠤᠴᠢ ᠮᠡᠲᠦ ᠭᠢᠯᠠᠯᠵᠠᠬᠤ ᠳᠤ ᠠᠭᠤᠳᠠᠮ ᠲᠠᠯ᠎ᠠ ᠳᠤ ᠵᠢᠩᠴᠢᠨ ᠬᠦᠮᠦᠨ ᠤ ᠳᠠᠭᠤ ᠲᠤᠳᠤᠬᠠᠨ ᠰᠤᠨᠤᠰᠲᠠᠨ᠎ᠠ       ᠦᠨᠳᠦᠷ ᠠᠭᠤᠯᠠ ᠶᠢᠨ ᠤᠷᠤᠢ ᠳᠤ   ᠪᠤᠳᠠᠩ ᠬᠦᠳᠡᠩ ᠵᠤᠭᠠᠴᠠᠭᠠᠳ       ᠦᠷᠭᠡᠨ ᠲᠠᠯ᠎ᠠ ᠶᠢᠨ ᠬᠦᠨᠳᠡᠢ ᠨᠢᠳᠦ ᠭᠢᠯᠪᠠᠮ᠎ᠠ ᠮᠡᠯᠴᠡᠶᠢᠬᠦ ᠳᠤ       ᠪᠡᠯᠴᠢᠭᠡᠷ ᠤᠨ ᠮᠠᠯ ᠰᠤᠷᠭᠤᠭ ᠦᠰᠦ ᠪᠠᠨ ᠭᠢᠯᠠᠯᠵᠠᠭᠤᠯᠤᠨ ᠪᠤᠴᠠᠬᠤ ᠳᠤ       ᠢᠳᠡᠷ ᠵᠠᠯᠠᠭᠤ   ᠮᠠᠯᠴᠢᠨ ᠳᠡᠭᠦᠨ ᠢ ᠬᠤᠷᠢᠶᠠᠨ ᠢᠰᠬᠡᠷᠦᠨ᠎ᠡ ᠦᠨᠳᠦᠷ ᠭᠠᠵᠠᠷ ᠤᠨ ᠬᠦᠢᠲᠡᠨ ᠴᠢᠮᠦᠭᠡ ᠴᠠᠷᠴᠠᠮ᠎ᠠ ᠡᠷᠴᠢᠲᠠᠢ ᠮᠤᠩᠭᠤᠯ ᠤᠨ ᠵᠠᠯᠠᠭᠤᠰ ᠨᠢᠭᠤᠷ ᠲᠠᠭᠠᠨ ᠴᠤᠭ ᠲᠠᠢ ᠨᠢᠳᠦᠨ ᠳᠡᠭᠡᠨ ᠭᠠᠯ ᠲᠠᠢ ᠵᠢᠷᠭᠤᠭᠠᠨ ᠮᠡᠴᠢᠳ ᠤᠷᠤᠢ ᠳᠡᠭᠡᠷ᠎ᠡ ᠵᠤᠯᠠ ᠶᠢᠨ ᠭᠡᠷᠡᠯ ᠬᠠᠵᠠᠭᠤ ᠳᠤ ᠬᠦᠭᠰᠢᠳ ᠡᠪᠦᠭᠡᠳ ᠭᠠᠯ ᠢ ᠪᠠᠵᠠᠭᠠᠨ ᠬᠠᠭᠤᠴᠢᠨ ᠦᠭᠡᠰ ᠢ ᠶᠠᠷᠢᠯᠴᠠᠨ᠎ᠠ       ᠡᠪᠦᠯ ᠬᠠᠪᠤᠷ ᠵᠤᠨ ᠨᠠᠮᠤᠷ ᠳᠦᠷᠪᠡᠨ ᠤᠯᠠᠷᠢᠯ ᠡᠭᠡᠯᠵᠢᠯᠡᠵᠦ       ᠠᠭᠤᠯᠠ ᠤᠰᠤ ᠨᠠᠷᠠ ᠰᠠᠷᠠ ᠳᠦᠷᠪᠡ ᠲᠠᠢ ᠨᠦᠬᠦᠷᠯᠡᠨ᠎ᠡ       ᠬᠦᠮᠦᠨ ᠪᠦᠷᠢ ᠦᠲᠡᠭᠦᠰ ᠢ ᠦᠳᠡᠵᠦ ᠨᠢᠯᠬᠠᠰ ᠢ ᠤᠭᠲᠤᠨ ᠪᠠᠶᠠᠰᠴᠤ       ᠮᠢᠩᠭᠠᠨ ᠮᠢᠩᠭᠠᠨ ᠵᠢᠯ ᠦᠴᠦᠬᠡᠨ ᠴᠦ ᠴᠢᠯᠦᠭᠡ ᠵᠠᠪ ᠦᠭᠡᠢ᠃
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号