ᠠᠯᠤᠰ ᠭᠠᠵᠠᠷ ᠰᠤᠷᠬᠤ ᠪᠠᠷ ᠶᠠᠪᠤᠭᠴᠢ
ᠨᠡᠶᠢᠲᠡᠯᠡᠭᠰᠡᠨ ᠴᠠᠭ᠄
2015-11-20
ᠳ᠋᠊᠂   ᠨᠠᠴᠤᠭᠳᠤᠷᠵᠢ ᠠᠯᠤᠰ ᠭᠠᠵᠠᠷ ᠰᠤᠷᠬᠤ ᠪᠠᠷ ᠤᠳᠬᠤ ᠵᠠᠮ ᠳᠤ ᠨᠠᠮᠤᠷ ᠤᠨ ᠰᠠᠯᠬᠢ ᠡᠮᠦᠨ᠎ᠡ ᠠᠴᠠ ᠰᠡᠷᠴᠢᠭᠢᠨᠡᠨ᠎ᠡ᠃ ᠡᠪᠡᠰᠤᠨ ᠲᠤᠯᠤᠭᠠᠢ ᠬᠠᠯᠢᠭᠤᠷᠠᠬᠤ ᠬᠦᠨᠳᠡᠢ ᠳᠤ ᠭᠡᠷ ᠤᠨ ᠤᠲᠤᠭ᠎ᠠ ᠴᠡᠩᠬᠡᠷᠯᠡᠨ ᠬᠤᠯᠠᠳᠤᠨ᠎ᠠ᠃ ᠵᠠᠭᠤᠨ ᠠᠭᠤᠯᠠ ᠮᠢᠩᠭᠠᠨ ᠭᠤᠤᠯ ᠢ ᠳᠠᠪᠠᠨ ᠭᠠᠷᠬᠤ ᠳᠤ ᠦᠳᠡᠨ ᠦᠩᠭᠡᠷᠡᠬᠦ ᠭᠠᠴᠠᠭ᠎ᠠ ᠬᠤᠲᠠ ᠴᠤᠭᠠᠷ ᠬᠦᠮᠦᠨ ᠤ᠃ ᠵᠤᠴᠢᠨ ᠪᠠᠭᠤᠳᠠᠯ ᠤᠨ ᠴᠤᠩᠬᠤ ᠪᠠᠷ ᠰᠤᠨᠢᠷᠬᠠᠨ ᠱᠠᠭᠠᠶᠢᠬᠤ ᠳᠤ ᠭᠠᠶᠢᠬᠠᠮ᠎ᠠ ᠵᠦᠢᠯ   ᠪᠠᠰᠠ ᠯᠠ ᠤᠯᠠᠨ ᠢᠶᠠᠷ ᠬᠠᠷᠠᠭᠳᠠᠨ᠎ᠠ᠃ ᠠᠯᠵᠢᠶᠠᠯ ᠢ ᠦᠪᠡᠷ ᠤᠨ ᠰᠡᠳᠬᠢᠯ ᠳᠤ ᠪᠢᠰᠢᠯᠭᠠᠵᠤ ᠪᠠᠶᠠᠰᠤᠯ ᠢ ᠬᠠᠷᠢ ᠶᠢᠨ ᠬᠡᠯᠡ ᠪᠠᠷ   ᠤᠯᠠᠮᠵᠢᠯᠠᠨ᠎ᠠ᠃ ᠰᠢᠨ᠎ᠡ ᠦᠵᠡᠭᠳᠡᠯ   ᠦᠭᠡᠷ᠎ᠡ ᠠᠮᠢᠳᠤᠷᠠᠯ ᠳᠤ ᠤᠮᠪᠠᠵᠤ ᠲᠡᠷᠡ ᠲᠠᠯᠠᠢ ᠠᠴᠠ ᠰᠤᠪᠤᠳ ᠲᠠᠨ᠎ᠠ ᠱᠦᠭᠦᠷᠳᠡᠨ᠎ᠡ᠃ ᠦᠩᠭᠡᠷᠡᠭᠰᠡᠨ ᠢᠷᠡᠭᠡᠳᠦᠢ ᠡᠭᠡᠯᠵᠢᠯᠡᠨ ᠪᠤᠳᠤᠭᠳᠠᠨ᠎ᠠ᠃ ᠳᠡᠭᠷᠢ ᠶᠢᠨ ᠤᠳᠤ ᠵᠢᠷᠦᠪ ᠵᠠᠷᠤᠪ ᠭᠢᠯᠠᠯᠵᠠᠨ᠎ᠠ᠃ ᠬᠡᠭᠡᠷ᠎ᠡ ᠶᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠᠴᠠ ᠬᠦᠮᠦᠨ ᠤ ᠬᠦᠦ ᠡᠷᠳᠡᠨᠢ ᠡᠪᠦᠷᠳᠦᠯᠡᠵᠦ ᠬᠠᠷᠢᠨ᠎ᠠ᠃
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号