| ᠷ᠊᠂ ᠴᠤᠶᠢᠨᠤᠮ | | | | ᠬᠦᠷᠦᠰᠦᠲᠦ ᠶᠢᠨ ᠠᠮᠢᠳᠤᠷᠠᠯ ᠳᠤ ᠬᠦᠯ ᠠᠯᠳᠠᠭᠰᠠᠨ | ᠬᠦᠯᠴᠦᠭᠦᠭᠡᠨ ᠵᠢᠷᠦᠬᠡᠨ ᠤ ᠮᠢᠨᠢ ᠲᠤᠯᠲᠤᠨ ᠳᠡᠭᠡᠭᠦᠷ | ᠰᠢᠪᠠᠭᠤᠨ ᠤ ᠰᠡᠭᠦᠳᠡᠷ ᠰᠢᠭ ᠳᠠᠭᠠᠷᠢᠭᠠᠳ ᠦᠩᠭᠡᠷᠡᠭᠰᠡᠨ | ᠰᠢᠩᠬᠤᠨ ᠤᠯᠠᠭᠠᠨ ᠵᠠᠯᠠᠭᠤ ᠨᠠᠰᠤ ᠮᠢᠨᠦ︕ | ᠠᠮᠳᠠᠲᠠᠨ ᠪᠦᠬᠦᠨ ᠤ ᠠᠮᠲᠠ ᠶᠢ ᠮᠡᠳᠡᠯ ᠦᠭᠡᠢ | ᠠᠰᠬᠠᠵᠤ ᠶᠠᠪᠤᠭᠰᠠᠨ ᠵᠠᠯᠠᠭᠤ ᠨᠠᠰᠤ ᠮᠢᠨᠢ | ᠦᠩᠭᠡᠲᠡᠨ ᠪᠦᠬᠦᠨ ᠤ ᠦᠩᠭᠡ ᠶᠢ ᠪᠤᠳᠤᠯ ᠦᠭᠡᠢ | ᠦᠷᠡᠵᠦ ᠶᠠᠪᠤᠭᠰᠠᠨ ᠵᠠᠯᠠᠭᠤ ᠨᠠᠰᠤ ᠮᠢᠨᠢ | ᠵᠤᠨ ᠤ ᠰᠦᠨᠢ ᠶᠢᠨ ᠨᠤᠶᠢᠷ ᠢ ᠲᠤᠭᠤᠯ ᠦᠭᠡᠢ | ᠵᠠᠭᠤᠨ ᠭᠤᠷᠪᠠᠨ ᠤᠴᠠᠷᠠᠯ ᠮᠦᠷᠦᠭᠡᠰᠴᠦ | ᠵᠢᠷᠤᠭ ᠰᠢᠭ᠋ ᠦᠬᠢᠳ ᠢ ᠲᠡᠷᠭᠡ ᠰᠢᠭ ᠳᠠᠭᠠᠷᠢᠵᠤ | ᠵᠠᠭᠤᠷᠠᠳᠤᠬᠠᠨ ᠮᠠᠨᠳᠤᠭᠰᠠᠨ ᠵᠠᠯᠠᠭᠤ ᠨᠠᠰᠤ ᠮᠢᠨᠢ | ᠡᠪᠦᠯ ᠤᠨ ᠶᠢᠰᠦ ᠶᠢᠨ ᠵᠢᠪᠠᠷ ᠢ ᠲᠤᠭᠤᠯ ᠦᠭᠡᠢ | ᠦᠭᠡᠷ᠎ᠡ ᠬᠦᠮᠦᠨ ᠤ ᠠᠪᠠᠭᠠᠢ ᠳᠤ ᠰᠡᠳᠬᠢᠯ ᠬᠠᠶᠠᠵᠤ | ᠡᠷᠦᠬᠡᠨ ᠤ ᠦᠵᠦᠭᠦᠷ ᠰᠢᠭ ᠳᠡᠷᠪᠡᠵᠦ ᠶᠠᠪᠤᠭᠰᠠᠨ | ᠦᠯᠴᠢᠷᠬᠡᠨ ᠲᠡᠨᠡᠭ ᠵᠠᠯᠠᠭᠤ ᠨᠠᠰᠤ ᠮᠢᠨᠢ | ᠳᠠᠩᠴᠤ ᠴᠢ ᠮᠢᠨᠢ ᠤᠳᠠᠭᠰᠠᠨ ᠦᠭᠡᠢ᠂᠂᠂᠂᠂᠂ | ᠳᠠᠪᠤᠤ ᠬᠦᠷᠮ᠎ᠡ᠂ ᠰᠡᠪᠢᠬᠢᠨ ᠪᠡᠭᠡᠯᠡᠢ ᠬᠤᠶᠠᠷ ᠰᠢᠭ᠋ ᠢᠶᠠᠨ | ᠲᠠᠰᠤᠭᠰᠠᠨ ᠰᠠᠯᠤᠭᠰᠠᠨ ᠭᠤᠳᠤᠩ ᠭᠡᠵᠢᠭᠡᠲᠦ ᠨᠦᠭᠦᠳ ᠰᠢᠭ ᠢᠶᠠᠨ | ᠳᠡᠷᠳᠡᠩ ᠵᠠᠮ ᠳᠡᠭᠡᠷ᠎ᠡ ᠦᠯᠡᠳᠡᠵᠡᠢ — ᠵᠠᠯᠠᠭᠤ ᠨᠠᠰᠤ ᠮᠢᠨᠢ︕ | ᠤᠯᠠᠭᠠᠨᠪᠠᠭᠠᠲᠤᠷ ᠤᠨ ᠴᠢᠯᠠᠭᠤᠨ ᠵᠠᠰᠠᠮᠠᠯ ᠢᠶᠠᠷ | ᠤᠷᠤᠭᠰᠢ ᠪᠠᠨ᠂ ᠬᠤᠶᠢᠰᠢ ᠪᠠᠨ᠂ ᠪᠠᠷᠠᠭᠤᠨ ᠳᠡᠶᠢᠰᠢ ᠪᠠᠨ᠂ ᠵᠡᠭᠦᠨ ᠳᠡᠶᠢᠰᠢ ᠪᠠᠨ | ᠲᠤᠲᠤᠭᠠᠲᠤ ᠦᠢᠯᠡᠳᠪᠦᠷᠢ ᠶᠢᠨ ᠬᠦᠨᠳᠦ ᠱᠠᠬᠠᠢ ᠶᠢ | ᠲᠤᠯᠤᠭᠠᠬᠠᠨ ᠬᠤᠨᠤᠭ ᠲᠤ ᠲᠤᠴᠢᠭᠤᠯᠳᠠᠵᠤ ᠶᠠᠪᠤᠬᠤ ᠳᠠᠭᠠᠨ | ᠬᠦᠮᠦᠨ ᠤ ᠰᠠᠶᠢᠨ ᠮᠠᠭᠤ ᠶᠢ ᠵᠡᠭᠦᠳᠦᠯᠡᠭᠡ ᠴᠦ ᠦᠭᠡᠢ | ᠬᠡᠦᠬᠡᠳ ᠰᠢᠭ ᠦᠰᠦᠭᠰᠡᠨ ᠵᠠᠯᠠᠭᠤ ᠨᠠᠰᠤ ᠮᠢᠨᠢ | ᠬᠡᠦᠬᠡᠨ ᠤ ᠰᠠᠶᠢᠬᠠᠨ ᠢ ᠲᠠᠨᠢᠭ᠎ᠠ ᠨᠢ ᠦᠭᠡᠢ | ᠬᠡᠭᠦᠷᠵᠡᠭᠡᠨ᠎ᠡ ᠰᠢᠭ ᠨᠢᠰᠦᠭᠰᠡᠨ ᠵᠠᠯᠠᠭᠤ ᠨᠠᠰᠤ ᠮᠢᠨᠢ | ᠠᠩᠭᠠᠷᠠᠶᠢᠳᠠᠭᠰᠠᠨ ᠨᠦᠬᠦᠳ ᠲᠠᠢ ᠦᠳᠡᠰᠢ ᠶᠢᠨ ᠴᠠᠭ ᠢᠶᠠᠷ | ᠠᠳᠤᠭᠤ ᠰᠢᠭ᠋ ᠫᠢᠵᠢᠭᠢᠨᠡᠭᠰᠡᠨ ᠵᠠᠯᠠᠭᠤ ᠨᠠᠰᠤ ᠮᠢᠨᠢ | ᠠᠶᠢᠯ ᠤᠨ ᠴᠢᠳᠧᠩ ᠬᠠᠭ᠎ᠠ ᠴᠢᠯᠠᠭᠤᠳᠠᠭᠠᠳ | ᠠᠪᠤᠷᠢᠯᠠᠵᠤ ᠶᠠᠪᠤᠭᠰᠠᠨ ᠵᠠᠯᠠᠭᠤ ᠨᠠᠰᠤ ᠮᠢᠨᠢ | ᠠᠪᠤ ᠶᠢᠨ ᠬᠦᠦ ᠶᠢᠨ ᠱᠢᠷᠤ ᠰᠢᠭ ᠬᠠᠴᠠᠷ ᠢ | ᠠᠯᠠᠭᠠᠳᠠᠵᠤ ᠶᠠᠪᠤᠭᠰᠠᠨ ᠵᠠᠯᠠᠭᠤ ᠨᠠᠰᠤ ᠮᠢᠨᠢ | ᠠᠳᠠᠯᠢᠬᠠᠨ ᠨᠦᠬᠦᠳ ᠤᠨ ᠢᠶᠠᠨ ᠬᠠᠮᠠᠷ ᠤᠨ ᠴᠢᠰᠤ ᠶᠢ | ᠠᠰᠬᠠᠷᠠᠭᠤᠯᠵᠤ ᠶᠠᠪᠤᠭᠰᠠᠨ ᠵᠠᠯᠠᠭᠤ ᠨᠠᠰᠤ ᠮᠢᠨᠢ | ᠦᠵᠡᠭᠰᠡᠨ ᠢᠶᠠᠨ ᠮᠠᠷᠲᠠᠵᠤ᠂ ᠲᠤᠭᠤᠯᠤᠭᠰᠠᠨ ᠢᠶᠠᠨ ᠲᠤᠭᠲᠠᠭᠠᠬᠤ ᠦᠭᠡᠢ | ᠡᠭᠦᠷᠢᠳᠡ ᠶᠢᠨ ᠶᠤᠮ ᠰᠢᠭ ᠳᠤᠷᠭᠢᠵᠤ ᠶᠠᠪᠤᠬᠤ ᠳᠠᠭᠠᠨ | ᠦᠢᠮᠡᠭᠡᠨᠲᠦ ᠬᠤᠷᠸ᠎ᠠ ᠠᠴᠠ ᠲᠠᠬᠢᠭᠠᠳ ᠤᠯᠳᠠᠰᠢ ᠦᠭᠡᠢ | ᠦᠨᠡᠨᠴᠢ ᠬᠠᠨᠢ ᠶᠢᠨ ᠢᠶᠠᠨ ᠳᠡᠷᠭᠡᠳᠡᠭᠦᠷ ᠦᠩᠭᠡᠷᠡᠵᠦ | ᠬᠤᠨᠤᠭ ᠲᠡᠳᠦᠢ ᠵᠠᠭᠤᠷᠠᠳᠤᠬᠠᠨ ᠬᠠᠨᠢᠯᠠᠬᠤ | ᠬᠤᠲᠠ ᠶᠢᠨ ᠬᠡᠦᠬᠡᠨ ᠤ ᠦᠩᠭᠡᠨ ᠳᠤ ᠬᠠᠭᠤᠷᠲᠠᠵᠤ | ᠠᠷᠢᠭᠤᠬᠠᠨ ᠴᠢᠰᠤ ᠪᠠᠨ ᠲᠡᠭᠦᠨ ᠤ ᠲᠦᠯᠦᠭᠡ | ᠠᠰᠬᠠᠵᠤ ᠶᠠᠪᠤᠭᠰᠠᠨ ᠵᠠᠯᠠᠭᠤ ᠨᠠᠰᠤ ᠮᠢᠨᠢ | ᠤᠶᠤᠲᠠᠨ ᠠᠬᠤᠢ ᠶᠢᠨ ᠳᠡᠪᠡᠷᠡᠭᠦᠨ ᠰᠢᠯᠦᠭ ᠤᠨ | ᠤᠩᠭᠤᠳ ᠴᠠᠳᠢᠭ ᠢᠶᠠᠷ ᠪᠢᠯᠬᠠᠵᠤ ᠶᠠᠪᠤᠬᠤ ᠳᠠᠭᠠᠨ | ᠤᠷᠴᠢᠯᠠᠩ ᠬᠤᠷᠸ᠎ᠠ ᠶᠢᠨ ᠨᠠᠷᠢᠨ ᠤᠴᠢᠷ ᠢ | ᠤᠯᠴᠢᠬᠠᠯ᠎ᠠ ᠭᠡᠮᠡᠨ ᠲᠦᠭᠡᠷᠢᠵᠦ ᠶᠠᠪᠤᠭᠰᠠᠨ | ᠠᠷᠢᠭᠤᠨ ᠠᠴᠠ ᠠᠷᠢᠭᠤᠨ ᠵᠠᠯᠠᠭᠤ ᠨᠠᠰᠤ ᠮᠢᠨᠢ | ᠠᠷᠪᠠᠭᠠᠳᠬᠠᠨ ᠵᠢᠯ ᠤᠨ ᠬᠠᠨᠢᠯᠠᠭᠠ ᠲᠠᠢ ᠪᠠᠶᠢᠵᠠᠢ | ᠬᠠᠯᠠᠭᠤᠨ ᠠᠴᠠ ᠬᠠᠯᠠᠭᠤᠨ ᠵᠠᠯᠠᠭᠤᠬᠠᠨ ᠴᠠᠭ ᠮᠢᠨᠢ | ᠬᠠᠪᠤᠷ ᠤᠨ ᠦᠶᠡᠷ ᠰᠢᠭ ᠬᠤᠭᠤᠴᠠᠭ᠎ᠠ ᠲᠠᠢ ᠶᠤᠮᠰᠠᠨᠵᠠᠢ | ᠠᠶ᠎ᠠ ᠬᠦᠭᠡᠷᠦᠬᠦᠢ᠂ ᠬᠦᠮᠦᠨ ᠤ ᠵᠠᠯᠠᠭᠤ ᠨᠠᠰᠤ ᠭᠡᠵᠦ | ᠠᠪᠴᠤ ᠴᠦ ᠪᠤᠯᠳᠠᠭ ᠦᠭᠡᠢ᠂ ᠦᠭᠴᠦ ᠴᠦ ᠪᠤᠯᠳᠠᠭ ᠦᠭᠡᠢ | ᠬᠡᠯᠡ ᠦᠭᠡᠢ ᠪᠠᠶᠢᠭᠠᠯᠢ ᠶᠢᠨ ᠳᠠᠭᠤ ᠦᠭᠡᠢ ᠵᠠᠷᠯᠢᠭ ᠢᠶᠠᠷ | ᠬᠡᠰᠡᠭᠬᠡᠨ ᠤᠯᠳᠠᠳᠠᠭ ᠱᠠᠩᠨᠠᠯ ᠶᠤᠮ ᠦᠦ ᠳ᠋ᠠ | ᠪᠤᠰᠤᠳ ᠤᠨ ᠯᠠᠩᠭᠤᠢ ᠳᠤ ᠡᠨᠡ ᠬᠦ ᠱᠠᠩᠨᠠᠯ ᠢᠶᠠᠨ | ᠪᠤᠲᠠᠷᠬᠠᠢ ᠮᠦᠩᠭᠦ ᠰᠢᠭ ᠲᠠᠷᠠᠭᠠᠵᠤ ᠬᠠᠶᠠᠭᠰᠠᠭᠠᠷ | ᠬᠦᠢᠲᠡᠨ ᠬᠤᠷᠸ᠎ᠠ ᠳᠤ ᠨᠢᠭᠡ ᠮᠡᠳᠡᠬᠦᠨ᠎ᠡ | ᠬᠦᠮᠦᠨ ᠤ ᠦᠷ᠎ᠡ ᠨᠢᠴᠦᠭᠦᠷᠡᠳᠡᠭ ᠪᠠᠶᠢᠨ᠎ᠠ | ᠰᠠᠶᠢᠨ ᠬᠠᠨᠢ ᠠᠴᠠ ᠬᠠᠭᠠᠴᠠᠭᠰᠠᠨ ᠬᠤᠶᠢᠨ᠎ᠠ ᠪᠠᠨ | ᠰᠠᠨᠠᠨ ᠰᠠᠨᠠᠨ ᠭᠤᠨᠢᠬᠠᠷᠠᠳᠠᠭ ᠰᠢᠭ᠋ | ᠪᠤᠯᠤᠭᠠᠳ ᠦᠩᠭᠡᠷᠡᠭᠰᠡᠨ ᠬᠤᠶᠢᠨ᠎ᠠ᠂ ᠵᠠᠯᠠᠭᠤ ᠨᠠᠰᠤ ᠪᠠᠨ | ᠪᠤᠳᠤᠨ ᠪᠤᠳᠤᠨ ᠬᠠᠷᠠᠭᠤᠰᠠᠳᠠᠭ ᠪᠠᠶᠢᠨ᠎ᠠ | ᠪᠠᠶᠠᠷᠲᠠᠢ᠂ ᠵᠠᠯᠠᠭᠤ ᠨᠠᠰᠤ ᠮᠢᠨᠢ | ᠪᠠᠷᠢᠯᠳᠤᠭᠰᠠᠨ ᠭᠡᠵᠦ ᠪᠤᠳᠤᠪᠠᠯ ᠪᠢ ᠤᠶᠢᠴᠢᠵᠠᠢ | ᠤᠷᠤᠯᠳᠤᠭᠰᠠᠨ ᠭᠡᠵᠦ ᠦᠵᠡᠪᠡᠯ ᠪᠢ ᠬᠤᠴᠤᠷᠴᠠᠢ | ᠠᠷᠠᠯᠵᠢᠶ᠎ᠠ ᠮᠠᠶᠢᠮᠠᠢ ᠬᠢᠭᠰᠡᠨ ᠶᠤᠮᠰᠠᠨᠵᠠᠢ ᠭᠡᠪᠡᠯ ᠬᠠᠷᠢᠨ | ᠠᠲᠠᠷᠬᠠᠨ ᠪᠡᠶ᠎ᠡ ᠶᠢᠨ ᠢᠶᠠᠨ ᠡᠷᠡᠭᠦᠯ ᠮᠡᠨᠳᠦ ᠶᠢ ᠦᠭᠴᠦ | ᠠᠯᠳᠠᠷ᠂ ᠰᠢᠯᠦᠭ ᠬᠤᠶᠠᠷ ᠢ ᠴᠢᠨᠢ ᠠᠪᠴᠠᠢ︕ | ᠬᠦᠷᠦᠰᠦᠲᠦ ᠶᠢᠨ ᠠᠮᠢᠳᠤᠷᠠᠯ ᠳᠤ ᠬᠦᠯ ᠠᠯᠳᠠᠭᠰᠠᠨ | ᠬᠦᠯᠴᠦᠭᠦᠬᠡᠨ ᠵᠢᠷᠦᠬᠡᠨ ᠤ ᠮᠢᠨᠢ ᠲᠤᠯᠲᠤᠨ ᠳᠡᠭᠡᠭᠦᠷ | ᠰᠢᠪᠠᠭᠤᠨ ᠤ ᠰᠡᠭᠦᠳᠡᠷ ᠰᠢᠭ ᠳᠠᠭᠠᠷᠢᠭᠠᠳ ᠦᠩᠭᠡᠷᠡᠭᠰᠡᠨ | ᠰᠢᠩᠬᠤᠨ ᠤᠯᠠᠭᠠᠨ ᠵᠠᠯᠠᠭᠤ ᠨᠠᠰᠤ ᠮᠢᠨᠦ᠂ ᠪᠠᠶᠠᠷᠲᠠᠢ︕ | |