[ ᠮᠤᠩᠭᠤᠯ ] ᠪ᠊᠂ ᠦᠯᠵᠡᠶᠢᠰᠦ᠋ᠷᠦᠩ | | | | ᠬᠦᠮᠦᠨ ᠤ ᠨᠠᠰᠤ ᠪᠤᠭᠤᠨᠢ | ᠬᠦᠨᠳᠦᠲᠡᠢ ᠨᠡᠷ᠎ᠡ ᠤᠷᠲᠤ | ᠤᠷᠲᠤ ᠨᠡᠷ᠎ᠡ ᠶᠢ ᠤᠯᠪᠠᠰᠤ | ᠤᠯᠠᠮ ᠤᠯᠠᠮ ᠰᠤᠨᠤᠨ᠎ᠠ | ᠡᠷᠲᠡ ᠤᠷᠢᠳᠤ ᠶᠢᠨ ᠴᠠᠭ ᠲᠤ ᠮᠤᠬᠤᠯᠠᠢ ᠨᠡᠷᠡᠲᠦ ᠬᠦᠪᠡᠭᠦᠨ ᠤᠨᠤᠨ ᠮᠦᠷᠡᠨ ᠤ ᠰᠠᠪᠠ ᠭᠠᠵᠠᠷ | ᠮᠡᠨᠳᠦᠯᠡᠵᠦ ᠬᠡᠷᠦᠯᠦᠨ ᠮᠦᠷᠡᠨ ᠤ ᠲᠤᠬᠤᠢ ᠬᠦᠳᠡᠭᠡ ᠠᠷᠠᠯ ᠳᠤ ᠪᠤᠶᠢᠵᠢᠬᠤ ᠳᠠᠭᠠᠨ ᠭᠠᠷ ᠭᠠᠨᠵᠤᠭᠠᠨ ᠳᠤ᠂ ᠬᠦᠯ | ᠳᠦᠷᠦᠭᠡᠨ ᠳᠤ ᠬᠦᠷᠬᠦ ᠠᠷᠪᠠᠨ ᠬᠡᠳᠦᠬᠡᠨ ᠨᠠᠰᠤᠨ ᠠᠴᠠ ᠪᠠᠨ ᠵᠠᠯᠠᠶᠢᠷ᠂ ᠵᠦᠷᠬᠢᠨ ᠠᠶᠢᠮᠠᠭ ᠢᠶᠠᠷ ᠳᠠᠮᠵᠢᠨ ᠳᠠᠶᠢᠨ ᠤ | ᠲᠤᠭᠤᠰᠤᠨ ᠳᠤ ᠤᠷᠤᠵᠤ ᠢᠷᠲᠦ ᠮᠡᠰᠡᠨ ᠤ ᠬᠠᠩᠭᠢᠨᠠᠬᠤ ᠡᠷ᠎ᠡ ᠴᠡᠷᠢᠭ ᠤᠨ ᠤᠤᠬᠠᠶᠢᠯᠠᠨ ᠬᠠᠰᠬᠢᠷᠤᠯᠳᠤᠬᠤ ᠳᠠᠭᠤᠨ | ᠳᠤᠮᠳᠠ ᠢᠳᠡ ᠬᠠᠪᠤ ᠶᠢ ᠤᠯᠵᠤ᠂ ᠡᠷ᠎ᠡ ᠪᠡᠶ᠎ᠡ ᠶᠢᠨ ᠡᠷᠴᠢ ᠴᠢᠩᠭᠠᠷᠠᠭᠰᠠᠨ ᠬᠤᠷᠢᠨ ᠳᠤᠯᠤᠭᠠᠨ ᠨᠠᠰᠤᠨ ᠳᠠᠭᠠᠨ | ᠬᠠᠮᠤᠭ ᠮᠤᠩᠭᠤᠯ ᠤᠨ ᠬᠠᠭᠠᠨ ᠴᠢᠩᠭᠢᠰ ᠤᠨ ᠴᠡᠷᠢᠭ ᠤᠨ ᠵᠢᠭᠰᠠᠭᠠᠯ ᠳᠤ ᠤᠷᠤᠵᠠᠢ᠃ | ᠶᠡᠭᠡ ᠡᠵᠡᠨ ᠴᠢᠩᠭᠢᠰ ᠤᠨ ᠨᠢᠭᠡᠲᠦᠭᠰᠡᠨ ᠶᠡᠭᠡ ᠮᠤᠩᠭᠤᠯ ᠤᠯᠤᠰ ᠪᠠᠶᠢᠭᠤᠯᠬᠤ ᠶᠢᠨ ᠲᠦᠯᠦᠭᠡ | ᠰᠢᠭᠤᠳᠡᠢ ᠳᠤ ᠬᠢᠭᠰᠡᠨ ᠡᠪᠡᠷ ᠰᠢᠭ ᠡᠰᠡ ᠡᠪᠯᠡᠷᠡᠨ ᠳᠡᠷᠰᠯᠡᠳᠡᠭᠰᠡᠨ ᠤᠯᠠᠨ ᠤᠪᠤᠭ ᠠᠶᠢᠮᠠᠭ ᠤᠨ | ᠲᠦᠷᠦᠭᠦᠴᠦᠳ ᠤᠨ ᠡᠰᠡᠷᠭᠦ ᠬᠢᠭᠰᠡᠨ ᠤᠯᠠᠨ ᠤᠳᠠᠭᠠᠨ ᠤ ᠶᠡᠭᠡ ᠳᠠᠶᠢᠨ ᠳᠤ ᠤᠷᠤᠶᠢᠯᠠᠨ᠂ ᠤᠯᠠᠨ | ᠪᠠᠭᠠᠲᠤᠷ ᠤᠳ ᠤᠨ ᠳᠤᠮᠳᠠ ᠠᠴᠠ ᠤᠨᠴᠠᠭᠠᠶᠢᠷᠠᠨ ᠲᠤᠲᠤᠷᠠᠵᠤ ᠬᠦᠯᠦᠭ ᠪᠠᠭᠠᠲᠤᠷ ᠠᠯᠳᠠᠷ ᠠᠭᠤᠯᠵᠠᠢ᠃ | ᠳᠤᠷᠤᠨ᠎ᠠ ᠳ᠋ᠠᠬᠢᠨ ᠤ ᠬᠤᠸᠠᠩᠯᠢ ᠶᠢᠨ ᠭᠤᠷᠪᠠᠳᠤᠭᠠᠷ ᠵᠢᠷᠠᠨ ᠤ ᠰᠡᠭᠦᠯᠴᠢ ᠶᠢᠨ ᠤᠨ᠄ ︽ᠢᠰᠡᠭᠡᠢ | ᠲᠤᠭᠤᠷᠭᠠᠲᠠᠨ ᠡᠩᠬᠡ ᠰᠢᠳᠤᠷᠭᠤ ᠪᠤᠯᠵᠤ ᠪᠠᠷᠰ ᠵᠢᠯ ︵1206 ᠤᠨ︶ ᠤᠨᠤᠨ ᠮᠦᠷᠡᠨ ᠤ ᠡᠬᠢᠨ ᠳᠤ | ᠬᠤᠷᠠᠯᠳᠤᠵᠤ᠂ ᠶᠢᠰᠦᠨ ᠬᠦᠯᠲᠦ ᠴᠠᠭᠠᠨ ᠲᠤᠭ ᠢᠶᠠᠨ ᠮᠠᠨᠳᠤᠭᠤᠯᠤᠨ ᠲᠡᠮᠦᠵᠢᠨ ᠳᠤ ᠴᠢᠩᠭᠢᠰ ︵ᠳᠠᠯᠠᠢ ᠬᠠᠭᠠᠨ︶ | ᠴᠤᠯᠠ ᠶᠢ ᠦᠭᠪᠡ᠃ ᠮᠤᠬᠤᠯᠠᠢ ᠳᠤ ᠭᠦᠸᠧ ᠸᠠᠩ ︵ᠤᠯᠤᠰ ᠤᠨ ᠸᠠᠩ︶ ᠴᠤᠯᠠ ᠶᠢ ᠳᠡᠨᠳᠡ ᠦᠭᠪᠡ︾ ︵︽ | ᠮᠤᠩᠭᠤᠯ ᠤᠨ ᠨᠢᠭᠤᠴᠠ ᠲᠤᠪᠴᠢᠶᠠᠨ︾᠂ 1947 ᠤᠨ 196 ᠳᠠᠬᠢ ᠲᠠᠯ᠎ᠠ︶ ᠭᠡᠮᠡᠭᠰᠡᠨ ᠠᠴᠠ ᠦᠵᠡᠪᠡᠯ | ᠮᠤᠬᠤᠯᠠᠢ ᠲᠦᠷᠦ ᠶᠢᠨ ᠲᠤᠮᠦ ᠵᠢᠳᠬᠦᠯᠲᠡᠨ᠂ ᠲᠡᠦᠬᠡᠨ ᠶᠡᠭᠡ ᠬᠦᠮᠦᠨ ᠶᠤᠮ᠃ | ᠢᠰᠡᠭᠡᠢ ᠲᠤᠭᠤᠷᠭᠠᠲᠠᠨ ᠮᠤᠩᠭᠤᠯ ᠤᠯᠤᠰ ᠪᠠᠶᠢᠭᠤᠯᠤᠭᠳᠠᠭᠰᠠᠨ ᠠᠴᠠ ᠡᠷᠲᠡᠨ ᠤ ᠳᠠᠶᠢᠰᠤᠩᠨᠠᠭᠰᠠᠨ | ᠭᠦᠷᠦᠨ ᠠᠯᠲᠠᠨ ᠤᠯᠤᠰ ᠤᠨ ᠡᠰᠡᠷᠭᠦ ᠳᠦᠷᠪᠡᠳᠦᠭᠡᠷ ᠵᠢᠷᠠᠨ ᠤ ᠴᠠᠭᠠᠨ ᠬᠤᠨᠢᠨ ᠵᠢᠯ ︵1211 ᠤᠨ︶ ᠴᠢᠩᠭᠢᠰ | ᠬᠠᠭᠠᠨ ᠠᠶᠠᠨ ᠳᠠᠶᠢᠨ ᠳᠤ ᠮᠤᠷᠳᠠᠬᠤ ᠳᠤ ᠮᠤᠬᠤᠯᠠᠢ ᠵᠠᠩᠵᠤᠨ ᠳᠤ ᠪᠦᠬᠦ ᠴᠡᠷᠢᠭ ᠤᠨ ᠶᠡᠷᠦᠩᠬᠡᠢ ᠵᠠᠬᠢᠷᠬᠤ ᠲᠤᠰᠢᠶᠠᠯ | ᠤᠯᠭᠤᠵᠤ ᠳᠠᠶᠢᠨ ᠳᠤ ᠤᠷᠤᠭᠤᠯᠤᠭᠰᠠᠨ ᠪᠦᠯᠦᠭᠡ᠃ ᠡᠨᠡ ᠴᠠᠭ ᠮᠦᠴᠡ ᠠᠴᠠ ᠳᠠᠷᠠᠭᠠᠬᠢ ᠶᠢᠨ ᠬᠠᠷᠠᠭᠴᠢᠨ ᠬᠤᠨᠢᠨ | ᠵᠢᠯ ᠤᠨ ᠵᠤᠨ ᠤ ᠡᠬᠢᠨ ᠰᠠᠷ᠎ᠠ ᠬᠦᠷᠲᠡᠯ᠎ᠡ ᠠᠷᠪᠠᠨ ᠭᠤᠷᠪᠠᠨ ᠵᠢᠯ ᠲᠡᠨᠳᠡ ᠲᠠᠰᠤᠷᠠᠯᠲᠠ ᠦᠭᠡᠢ ᠳᠠᠶᠢᠨ ᠬᠢᠵᠦ᠂ | ᠰᠡᠭᠦᠯ ᠤᠨ ᠲᠠᠪᠤᠨ ᠵᠢᠯ ᠭᠠᠷᠤᠢ ᠳᠠᠶᠢᠨ ᠢ ᠮᠤᠬᠤᠯᠠᠢ ᠵᠠᠩᠵᠤᠨ ᠤᠳᠤᠷᠢᠳᠴᠤ ᠶᠠᠪᠤᠭᠤᠯᠤᠭᠰᠠᠨ ᠪᠠᠶᠢᠨ᠎ᠠ᠃ | ᠴᠢᠩᠭᠢᠰ ᠬᠠᠭᠠᠨ ᠦᠪᠡᠷ ᠢᠶᠠᠨ ᠠᠯᠲᠠᠨ ᠤᠯᠤᠰ ᠲᠤ ᠬᠤᠶᠠᠷ ᠤᠳᠠᠭ᠎ᠠ ᠪᠠᠶᠢᠯᠳᠤᠬᠤ ᠳᠠᠭᠠᠨ ᠡᠵᠡᠯᠡᠭᠰᠡᠨ | ᠬᠤᠲᠠ ᠪᠠᠯᠭᠠᠰᠤ᠂ ᠰᠢᠶᠠᠨ ᠢ 862 ︵ᠵᠸᠦ ᠶᠢᠦ ᠲᠢᠩ᠂ ᠴᠢᠩᠭᠢᠰ ᠬᠠᠭᠠᠨ ᠤ ᠲᠡᠦᠬᠡ ᠱᠠᠰᠲᠢᠷ᠂ | ᠤᠯᠠᠭᠠᠨᠪᠠᠭᠠᠲᠤᠷ᠂ 1999 ᠤᠨ︶ ᠭᠡᠵᠦ ᠲᠡᠮᠳᠡᠭᠯᠡᠭᠰᠡᠨ ᠪᠤᠯ ᠮᠤᠬᠤᠯᠠᠢ ᠨᠠᠰᠤ ᠪᠠᠷᠠᠬᠤ ᠠᠴᠠ ᠵᠢᠯ ᠬᠠᠭᠠᠰ ᠤᠨ | ᠡᠮᠦᠨ᠎ᠡ ᠴᠢᠩᠭᠢᠰ ᠬᠠᠭᠠᠨ ᠳᠤ ᠢᠯᠡᠭᠡᠭᠰᠡᠨ ᠠᠶᠢᠯᠠᠳᠬᠠᠯ ᠳᠠᠭᠠᠨ ︽ᠪᠢ 70 ᠭᠠᠷᠤᠢ ᠬᠤᠲᠠ ᠪᠠᠯᠭᠠᠰᠤ᠂ ᠰᠢᠶᠠᠨ ᠢ | ᠠᠪᠤᠯ᠎ᠠ︾ ᠭᠡᠵᠦ ᠳᠤᠷᠠᠳᠤᠭᠰᠠᠨ᠃ ᠡᠭᠦᠨ ᠠᠴᠠ ᠬᠤᠶᠢᠰᠢᠬᠢ ᠨᠡᠮᠡᠭᠳᠡᠭᠰᠡᠨ ᠢ ᠲᠤᠭᠠᠴᠠᠪᠠᠯ ᠮᠢᠩᠭ᠎ᠠ ᠬᠦᠷᠴᠦ ᠴᠦ | ᠪᠤᠯᠬᠤ ᠶᠤᠮ᠃ | ᠡᠶᠢᠨ ᠬᠦ ᠠᠯᠲᠠᠨ ᠤᠯᠤᠰ ᠢ ᠬᠠᠵᠠᠭᠠᠷᠯᠠᠨ ᠪᠠᠷᠢᠵᠤ᠂ ᠤᠯᠠᠮ ᠢᠶᠠᠷ ᠡᠳᠦᠷ ᠬᠤᠨᠤᠭ ᠪᠦᠷᠢ ᠤᠷᠤᠭᠰᠢ | ᠳᠠᠪᠰᠢᠨ ᠭᠠᠵᠠᠷ ᠠᠬᠢᠵᠤ᠂ ᠬᠦᠴᠦᠯ ᠴᠢᠳᠠᠯ ᠢ ᠨᠢ ᠳᠤᠷᠤᠶᠢᠲᠠᠭᠤᠯᠵᠤ᠂ ᠮᠦᠬᠦᠬᠦ ᠵᠠᠮ ᠳᠤ ᠤᠶᠢᠷᠠᠲᠤᠭᠤᠯᠵᠤ | ᠪᠠᠶᠢᠵᠠᠢ᠃ ᠭᠡᠪᠡᠴᠦ ᠬᠦᠨᠳᠦ ᠡᠪᠡᠳᠴᠢᠨ ᠤ ᠤᠯᠠᠮ ᠠᠴᠠ ᠱᠠᠨᠰᠢ ᠮᠤᠵᠢ ᠳᠤ ᠲᠠᠪᠢᠨ ᠳᠦᠷᠪᠡᠬᠡᠨ ᠨᠠᠰᠤᠨ ᠳᠠᠭᠠᠨ | ᠦᠭᠡᠳᠡ ᠪᠤᠯᠵᠠᠢ᠃ | ᠮᠤᠬᠤᠯᠠᠢ᠂ ᠡᠵᠡᠨ ᠬᠠᠭᠠᠨ ᠠᠴᠠ ᠠᠷᠪᠠᠨ ᠵᠠᠮ ᠤᠨ ᠭᠤᠴᠢ ᠭᠠᠷᠤᠢ ᠮᠢᠩᠭᠠᠨ ᠴᠡᠷᠢᠭ ᠲᠠᠢ ᠦᠯᠡᠳᠡᠭᠰᠡᠨ᠂ | ᠲᠡᠭᠦᠨ ᠤ ᠳᠤᠯᠤᠭᠠᠨ ᠵᠠᠮ ᠤᠨ ᠬᠢᠨᠢ ᠮᠤᠩᠭᠤᠯ ᠬᠤᠷᠢᠨ ᠲᠠᠪᠤᠨ ᠮᠢᠩᠭ᠎ᠠ ᠤᠷᠴᠢᠮ ᠴᠡᠷᠢᠭ ᠪᠠᠶᠢᠭᠰᠠᠨ ᠪᠤᠯᠤᠯᠲᠠᠢ᠃ | ᠭᠤᠷᠪᠠᠨ ᠵᠠᠮ ᠤᠨ ᠴᠡᠷᠢᠭ ᠨᠢ ᠡᠮᠦᠨᠡᠲᠦ ᠭᠠᠵᠠᠷ ᠤᠨ ᠦᠪᠡᠷ ᠤᠨ ᠬᠢᠨᠢ ᠪᠠᠶᠢᠵᠠᠢ᠃ ᠡᠶᠢᠮᠦ ᠴᠦᠭᠡᠨ ᠲᠤᠭᠠᠨ ᠤ | ᠴᠡᠷᠢᠭ ᠢᠶᠠᠷ ᠲᠦᠮᠡ ᠪᠠᠶᠢᠲᠤᠭᠠᠢ ᠪᠤᠮ ᠪᠤᠮ ᠢᠶᠠᠷ ᠢᠷᠡᠶᠢᠬᠤ ᠶᠡᠭᠡ ᠴᠡᠷᠢᠭ ᠲᠠᠢ ᠬᠦᠴᠦᠷᠬᠡᠭ ᠭᠦᠷᠦᠨ ᠢ ᠲᠤᠭᠲᠠᠭᠠᠨ | ᠪᠠᠷᠢᠵᠤ ᠪᠠᠶᠢᠭᠰᠠᠨ ᠲᠡᠳᠦᠢ ᠦᠭᠡᠢ ᠪᠦᠷ ᠳᠠᠶᠢᠯᠠᠵᠤ ᠪᠠᠶᠢᠭᠰᠠᠨ ᠨᠢ ᠲᠡᠭᠦᠨ ᠤ ᠪᠠᠶᠢᠯᠳᠤᠭᠠᠨ ᠤ ᠤᠷ᠎ᠠ ᠴᠢᠳᠠᠪᠤᠷᠢ᠂ | ᠠᠷᠭ᠎ᠠ ᠤᠬᠠᠭᠠᠨ᠂ ᠬᠦᠮᠦᠡᠯᠢᠭ ᠴᠢᠨᠠᠷ ᠪᠤᠶᠤ᠃ ︽ᠮᠤᠬᠤᠯᠠᠢ ᠴᠡᠷᠢᠭ ᠲᠡᠭᠡᠨ ᠲᠠᠬᠢᠨ ᠲᠠᠬᠢᠨ ᠵᠠᠷᠯᠢᠭ ᠪᠠᠭᠤᠯᠭᠠᠨ | ᠤᠯᠠᠨ ᠵᠠᠮ ᠤᠨ ᠵᠠᠩᠵᠤᠨ ᠰᠠᠶᠢᠳ ᠠᠴᠠ ᠴᠡᠷᠢᠭ ᠤᠨ ᠠᠷᠠᠳ ᠬᠦᠷᠲᠡᠯ᠎ᠡ ᠠᠷᠠᠳ ᠲᠦᠮᠡᠨ ᠤ ᠡᠳ᠋ ᠠᠰᠢᠭ ᠢ | ᠪᠤᠯᠢᠶᠠᠨ ᠳᠡᠭᠡᠷᠡᠮᠳᠡᠵᠦ᠂ ᠲᠦᠢᠪᠡᠭᠡᠨ ᠵᠤᠪᠠᠭᠠᠵᠤ ᠪᠤᠯᠬᠤ ᠦᠭᠡᠢ ᠭᠡᠵᠡᠢ᠃ ᠮᠤᠬᠤᠯᠠᠢ ᠶᠢᠨ ᠡᠨᠡ ᠬᠦ ᠠᠷᠠᠳ ᠢ | ᠠᠮᠤᠷᠵᠢᠭᠤᠯᠬᠤ ᠲᠦᠷᠦ ᠶᠢᠨ ᠪᠤᠳᠤᠯᠭ᠎ᠠ ᠨᠢ ᠲᠡᠭᠦᠨ ᠤ ᠴᠡᠷᠢᠭ ᠤᠨ ᠤᠷᠤᠭᠰᠢᠯᠠᠬᠤ ᠳᠤ ᠲᠤᠶᠢᠯ ᠤᠨ ᠶᠡᠭᠡ | ᠲᠤᠰᠠᠯᠠᠮᠵᠢ ᠪᠤᠯᠵᠤ᠂ ᠠᠯᠲᠠᠨ ᠤᠯᠤᠰ ᠤᠨ ᠤᠯᠠᠨ ᠹᠦ᠋ ᠵᠸᠦ ᠬᠤᠲᠠ ᠪᠠᠯᠭᠠᠰᠤᠨ ᠤ ᠰᠠᠬᠢᠭᠴᠢ ᠵᠠᠩᠵᠤᠨ ᠨᠠᠷ | ᠰᠠᠯᠬᠢᠨ ᠤ ᠠᠶᠠᠰ ᠢᠶᠠᠷ ᠳᠠᠭᠠᠵᠤ ᠪᠠᠶᠢᠯ᠎ᠠ᠃︾ ︵︽ᠴᠢᠩᠭᠢᠰ ᠬᠠᠭᠠᠨ ᠤ ᠬᠦᠯᠦᠭ ᠤᠳ︾᠂ ᠦᠪᠦᠷ | ᠮᠤᠩᠭᠤᠯ ᠤᠨ ᠬᠡᠪᠯᠡᠯ᠂ 1982 ᠤᠨ᠂ 41 ᠳᠠᠬᠢ ᠲᠠᠯ᠎ᠠ︶ ᠭᠡᠮᠡᠨ ᠲᠡᠮᠳᠡᠭᠯᠡᠵᠡᠢ᠃ | ᠮᠤᠬᠤᠯᠠᠢ ᠶᠢᠨ ᠳᠤᠤᠷ᠎ᠠ ᠲᠤᠲᠤᠷ᠎ᠠ ᠭᠠᠵᠠᠷ ᠤᠨ ᠤᠯᠠᠨ ᠠᠷᠪᠢᠨ ᠨᠡᠷ᠎ᠡ ᠠᠯᠳᠠᠷᠲᠤ ᠵᠠᠩᠵᠤᠨ᠂ ᠵᠠᠬᠢᠷᠤᠭᠴᠢ | ᠂ ᠴᠡᠷᠢᠭ ᠤᠨ ᠵᠢᠳᠬᠦᠯᠲᠡᠨ ᠨᠦᠭᠦᠳ ᠦᠨᠡᠨᠴᠢ ᠪᠠᠷ ᠵᠢᠳᠬᠦᠵᠦ᠂ ᠴᠡᠷᠢᠭ ᠨᠢ ᠤᠯᠠᠨ ᠲᠦᠮᠡ ᠳᠤ ᠬᠦᠷᠴᠦ ᠮᠤᠩᠭᠤᠯ | ᠴᠡᠷᠢᠭ ᠤᠨ ᠲᠤᠭᠠᠨ ᠠᠴᠠ ᠬᠡᠲᠦ ᠲᠠᠬᠢᠨ ᠳᠠᠪᠠᠵᠤ ᠴᠦ ᠪᠠᠶᠢᠵᠤ ᠪᠤᠯᠵᠤᠰᠢ ᠦᠭᠡᠢ᠃ ᠲᠡᠭᠦᠨ ᠤ ᠳᠡᠭᠡᠷ᠎ᠡ | ᠮᠢᠩᠭ᠎ᠠ ᠪᠠᠷ ᠬᠡᠯᠡᠵᠦ ᠪᠤᠯᠬᠤ ᠬᠤᠲᠠ᠂ ᠪᠠᠯᠭᠠᠰᠤ᠂ ᠰᠢᠶᠠᠨ ᠵᠠᠬᠢᠷᠤᠭᠴᠢ ᠡᠷᠬᠡ ᠪᠠᠷᠢᠭᠴᠢᠳ ᠪᠠᠶᠢᠨ᠎ᠠ᠃ ᠡᠨᠡ | ᠪᠦᠬᠦᠨ ᠠᠴᠠ ᠦᠵᠡᠪᠡᠯ ᠮᠤᠬᠤᠯᠠᠢ ᠪᠠᠷ ᠦᠪᠡᠷᠰᠡᠳ ᠢ ᠨᠢ ᠦᠪᠡᠷᠰᠡᠳ ᠲᠠᠢ ᠨᠢ ᠪᠠᠶᠢᠯᠳᠤᠭᠤᠯᠵᠤ᠂ ᠵᠠᠬᠢᠷᠤᠭᠤᠯᠵᠤ | ᠪᠠᠶᠢᠵᠠᠢ ᠭᠡᠵᠦ ᠪᠤᠯᠤᠮᠠᠷ᠃ | ᠴᠢᠩᠭᠢᠰ ᠬᠠᠭᠠᠨ ᠤᠯᠤᠰ ᠤᠨ ᠸᠠᠩ ᠦᠷᠯᠦᠭ ᠵᠠᠩᠵᠤᠨ ᠢ ᠬᠤᠷᠽᠧᠮ ᠳᠤ ᠪᠠᠶᠢᠯᠳᠤᠵᠤ ᠠᠭᠰᠠᠨ ᠬᠦᠦ | ᠪᠤᠷᠤ ᠪᠠᠷ ᠵᠠᠯᠭᠠᠮᠵᠢᠯᠠᠭᠤᠯᠵᠤ ᠪᠦᠬᠦ ᠴᠤᠯᠠ᠂ ᠡᠷᠬᠡ ᠲᠤᠰᠢᠶᠠᠯ ᠢ ᠨᠢ ᠤᠯᠭᠤᠵᠠᠢ᠃ ᠲᠡᠷᠡ ᠪᠠᠷ ᠡᠴᠢᠭᠡ ᠶᠢᠨ ᠠᠳᠠᠯᠢ | ᠠᠮᠵᠢᠯᠲᠠ ᠲᠠᠢ ᠪᠠᠶᠢᠯᠳᠤᠵᠤ ᠡᠮᠦᠨ᠎ᠡ ᠵᠦᠭ ᠳᠠᠪᠰᠢᠨ ᠶᠡᠭᠡ ᠭᠠᠵᠠᠷ ᠡᠵᠡᠯᠡᠭᠰᠡᠨ ᠴᠦ ᠡᠪᠡᠳᠴᠢᠨ ᠤ ᠤᠴᠢᠷ 1229 | ᠤᠨ ᠳᠤ ᠨᠠᠰᠤ ᠪᠠᠷᠠᠵᠤ᠂ ᠠᠬᠠᠮᠠᠳ ᠬᠦᠪᠡᠭᠦᠨ ᠳᠡᠰᠳᠤᠭᠤᠰ ︵1229 ~1239 ᠤᠨ︶ ᠵᠠᠯᠭᠠᠮᠵᠢᠯᠠᠨ᠂ | ᠲᠡᠭᠦᠨ ᠢ ᠬᠤᠶᠠᠳᠤᠭᠠᠷ ᠬᠦᠪᠡᠭᠦᠨ ᠪᠠᠭᠠᠲᠤᠷ ︵1239 ~1261 ᠤᠨ︶ ᠵᠠᠯᠭᠠᠮᠵᠢᠯᠠᠨ ᠡᠪᠦᠭᠡ ᠡᠴᠢᠭᠡ ᠶᠢᠨ | ᠠᠯᠳᠠᠷ ᠰᠤᠤ ᠶᠢ ᠡᠷᠭᠦᠨ ᠮᠠᠨᠳᠤᠭᠤᠯᠵᠤ ᠶᠠᠪᠤᠭᠰᠠᠨ ᠭᠡᠮᠡᠵᠦᠬᠦᠢ᠃ | ᠡᠨᠡ ᠬᠦ ᠭᠤᠷᠪᠠᠨ ᠦᠶ᠎ᠡ ᠠᠴᠠ ᠪᠦᠷ ᠬᠤᠶᠢᠰᠢ ᠮᠤᠬᠤᠯᠠᠢ ᠶᠢᠨ ᠳᠤᠯᠤᠳᠠᠬᠢ ᠦᠶ᠎ᠡ ᠶᠢᠨ ᠠᠴᠢ ᠬᠤᠶᠢᠴᠢ | ᠪᠠᠶᠢᠵᠤ ᠭᠡᠮᠡᠭᠴᠢ ᠪᠠᠷ ᠤᠯᠤᠰ ᠤᠨ ᠴᠢᠩᠰᠠᠩ ᠪᠤᠯᠵᠤ᠂ ᠶᠤᠸᠠᠨ ᠤᠯᠤᠰ ᠤᠨ ᠨᠢᠩᠽᠦ᠋ᠩ ᠬᠠᠭᠠᠨ ᠰᠤᠳᠪᠠᠯ ︵ | ᠭᠡᠭᠡᠨ ᠬᠠᠭᠠᠨ᠂ 1321 ~1323 ᠤᠨ︶ ᠢᠶᠠᠷ ᠮᠤᠬᠤᠯᠠᠢ ᠶᠢ ᠰᠢᠳᠤᠷᠭᠤ ᠪᠠᠭᠠᠲᠤᠷ ᠯᠦ ᠭᠦᠸᠧ ᠸᠠᠩ ᠭᠡᠵᠦ | ᠨᠡᠬᠡᠮᠵᠢᠯᠡᠨ ᠡᠷᠭᠦᠮᠵᠢᠯᠡᠭᠰᠡᠨ ᠭᠡᠮᠡᠨᠡᠮ᠃ | ᠤᠯᠤᠰ ᠤᠨ ᠸᠠᠩ᠂ ᠦᠷᠯᠦᠭ ᠵᠠᠩᠵᠤᠨ᠂ ᠰᠠᠶᠢᠳ᠂ ᠬᠦᠯᠦᠭ ᠪᠠᠭᠠᠲᠤᠷ ᠮᠤᠬᠤᠯᠠᠢ ᠶᠢᠨ ᠤᠳᠤᠮ ᠡᠨᠡ | ᠳᠤᠯᠤᠭᠠᠨ ᠦᠶ᠎ᠡ ᠪᠠᠷ ᠳᠠᠮᠵᠢᠭᠠᠳ ᠦᠨᠦ ᠭᠤᠴᠢᠨ ᠲᠠᠪᠤ ᠠᠴᠠ ᠭᠤᠴᠢᠨ ᠵᠢᠷᠭᠤᠭᠠᠳᠠᠬᠢ ᠦᠶ᠎ᠡ ᠶᠢᠨ ᠬᠢᠨ ᠦᠪᠦᠷ | ᠮᠤᠩᠭᠤᠯ ᠤᠨ ᠠᠶᠢᠮᠠᠭ ᠬᠤᠰᠢᠭᠤᠳ ᠲᠤ ᠠᠵᠤ ᠲᠦᠷᠦᠨ ᠠᠮᠢᠳᠤᠷᠠᠨ ᠰᠠᠭᠤᠭ᠎ᠠ ᠶᠢᠨ ᠲᠤᠲᠤᠷ᠎ᠠ ᠨᠡᠷ᠎ᠡ ᠠᠯᠳᠠᠷᠲᠠᠨ | ᠤᠯᠠᠨ ᠠᠵᠤᠭᠤ᠃ ᠡᠨᠡ ᠲᠤᠬᠠᠢ ᠪ᠊᠂ ᠳᠠᠸᠠᠵᠠᠮᠴᠠ᠂ ᠵ᠊᠂ ᠭᠡᠷᠡᠯᠴᠤᠭᠲᠤ ᠨᠠᠷ ᠤᠨ ︽ᠮᠤᠬᠤᠯᠠᠢ ᠶᠢᠨ ᠤᠩᠭᠤᠨ | ᠰᠦᠯᠳᠡ︾ ︵ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2001 ᠤᠨ︶ ᠨᠤᠮ ᠠᠴᠠ ᠲᠤᠯᠢᠯᠠᠮᠦ | ᠃ | | |