| ᠢᠨᠵᠠᠨᠨᠠᠰᠢ ︵1837-1892 ᠤᠨ︶ ᠤᠷᠴᠢᠨ ᠦᠶ᠎ᠡ ᠶᠢᠨ ᠤᠷᠠᠨ ᠵᠤᠬᠢᠶᠠᠯᠴᠢ᠂ ᠰᠢᠯᠦᠭᠴᠢᠨ᠃ | ᠪᠠᠭ᠎ᠠ ᠶᠢᠨ ᠨᠡᠷ᠎ᠡ ᠬᠠᠰᠴᠢᠯᠠᠭᠤ᠂ ᠬᠢᠲᠠᠳ ᠨᠡᠷ᠎ᠡ ᠪᠤᠤ ᠡᠾᠧᠩ ᠱᠠᠨ᠃ 1837 ᠤᠨ ᠳᠤ ᠦᠪᠦᠷ ᠮᠤᠩᠭᠤᠯ ᠤᠨ | ᠵᠤᠰᠤᠲᠤ ᠶᠢᠨ ᠴᠢᠭᠤᠯᠭᠠᠨ ᠤ ᠲᠦᠮᠡᠳ ᠪᠠᠷᠠᠭᠤᠨ ᠬᠤᠰᠢᠭᠤᠨ ︵ᠤᠳᠤ ᠶᠢᠨ ᠯᠢᠶᠤᠤᠨᠢᠩ ᠮᠤᠵᠢ ᠶᠢᠨ ᠪᠸᠢ ᠫᠢᠶᠤᠤ | ᠰᠢᠶᠠᠨ︶ ᠤ ᠨᠢᠭᠡᠨ ᠢᠵᠡᠭᠤᠷᠲᠠᠨ ᠤ ᠭᠡᠷ ᠲᠤ ᠲᠦᠷᠦᠪᠡ᠃ ᠲᠡᠭᠦᠨ ᠤ ᠡᠴᠢᠭᠡ ᠸᠠᠩᠴᠢᠨᠪᠠᠯᠠ ᠲᠤᠰ ᠬᠤᠰᠢᠭᠤᠨ ᠤ | ᠲᠤᠰᠠᠯᠠᠭᠴᠢ ᠪᠦᠭᠡᠳ ᠪᠢᠴᠢᠭ ᠴᠡᠷᠢᠭ ᠤᠨ ᠡᠷᠳᠡᠮ ᠬᠤᠤᠰᠯᠠᠭᠰᠠᠨ ᠬᠦᠮᠦᠨ᠃ ᠢᠨᠵᠠᠨᠨᠠᠰᠢ ᠶᠢᠨ ᠠᠬ᠎ᠠ ᠭᠦᠯᠡᠷᠡᠨᠽᠠ᠂ | ᠭᠦᠩᠨᠡᠴᠦᠬᠡ᠂ ᠰᠦᠩᠸᠡᠶᠢᠳᠠᠨᠵᠦᠩ ᠨᠠᠷ ᠪᠤᠯ ᠮᠤᠩᠭᠤᠯ ᠬᠢᠲᠠᠳ ᠦᠯᠢᠭᠡᠷ ᠲᠡᠦᠬᠡ ᠳᠤ ᠨᠡᠪᠲᠡᠷᠡᠭᠰᠡᠨ ᠮᠦᠷᠲᠡᠭᠡᠨ | ᠤᠳᠬ᠎ᠠ ᠤᠶᠠᠩᠭ᠎ᠠ ᠳᠤ ᠠᠪᠢᠶᠠᠰ ᠪᠢᠯᠢᠭ ᠲᠠᠢ ᠰᠢᠯᠦᠭᠴᠢ ᠪᠠᠶᠢᠪᠠ᠃ ᠢᠨᠵᠠᠨᠨᠠᠰᠢ ᠡᠶᠢᠮᠦ ᠨᠢᠭᠡᠨ ᠭᠡᠷ ᠪᠦᠯᠢ ᠳᠤ | ᠲᠦᠷᠦᠵᠦ ᠦᠰᠦᠭᠰᠡᠨ ᠪᠤᠯᠬᠤᠷ ᠬᠠᠷᠠᠬᠠᠨ ᠪᠠᠭ᠎ᠠ ᠠᠴᠠ ᠪᠠᠨ ᠰᠠᠶᠢᠨ ᠬᠦᠮᠦᠵᠢᠯ ᠪᠤᠯᠪᠠᠰᠤᠷᠠᠯ ᠢ ᠬᠦᠷᠲᠡᠵᠦ ᠴᠢᠳᠠᠵᠠᠢ | ᠃ ᠢᠨᠵᠠᠨᠨᠠᠰᠢ ᠪᠠᠭ᠎ᠠ ᠠᠴᠠ ᠪᠠᠨ ᠰᠤᠷᠬᠤ ᠳᠤ ᠬᠢᠴᠢᠶᠡᠩᠭᠦᠢ ᠪᠤᠯᠬᠤᠷ ᠬᠢᠲᠠᠳ᠂ ᠮᠤᠩᠭᠤᠯ᠂ ᠮᠠᠨᠵᠤ ᠬᠡᠯᠡ ᠶᠢ | ᠠᠭᠠᠵᠢᠮ ᠢᠶᠠᠷ ᠰᠤᠷᠴᠤ ᠡᠵᠡᠮᠰᠢᠭᠡᠳ ᠲᠡᠦᠬᠡ ᠪᠠ ᠤᠳᠬ᠎ᠠ ᠵᠤᠬᠢᠶᠠᠯ ᠳᠤ ᠲᠤᠩ ᠶᠡᠭᠡ ᠳᠤᠷ᠎ᠠ ᠰᠤᠨᠢᠷᠬᠠᠯ ᠲᠠᠢ | ᠪᠤᠯᠵᠠᠢ᠃ ᠠᠷᠪᠠᠨ ᠳᠤᠯᠤᠭᠠᠨ ᠨᠠᠰᠤᠨ ᠠᠴᠠ ᠪᠠᠨ ᠰᠢᠯᠦᠭ ᠵᠤᠬᠢᠶᠠᠯ ᠤᠷᠤᠯᠳᠤᠨ᠂ ᠬᠤᠷᠢᠨ ᠨᠠᠰᠤᠲᠠᠢ ᠳᠠᠭᠠᠨ | ᠦᠪᠡᠷ ᠤᠨ ᠦᠩᠭᠡᠷᠡᠯᠲᠡ ᠪᠠᠷ ᠢᠶᠠᠨ ᠰᠡᠳᠦᠪᠯᠡᠨ ︽ᠤᠯᠠᠭᠠᠨ ᠡᠭᠦᠯᠡᠨ ᠤ ᠨᠢᠯᠪᠤᠰᠤᠨ︾ ᠭᠡᠬᠦ ᠤᠤᠭᠠᠨ ᠷᠤᠮᠠᠨ ᠢᠶᠠᠨ | ᠪᠢᠴᠢᠭᠰᠡᠨ ᠠᠴᠠ ᠭᠠᠳᠠᠨ᠎ᠠ ᠪᠠᠰᠠ ︽ᠰᠠᠷᠠᠨ ᠬᠦᠬᠦᠬᠡ ᠶᠢᠨ ᠱᠠᠰᠲᠢᠷ︾ ᠭᠡᠬᠦ ᠲᠤᠭᠤᠵᠢ ᠪᠠᠨ ᠲᠤᠭᠤᠷᠪᠢᠨ ᠪᠢᠴᠢᠪᠡ | ᠃ ᠲᠡᠷᠡ ᠡᠨᠡᠬᠦ ᠷᠤᠮᠠᠨ ᠪᠠ ᠲᠤᠭᠤᠵᠢ ᠳᠠᠭᠠᠨ ᠲᠤᠬᠠᠢ ᠶᠢᠨ ᠦᠶ᠎ᠡ ᠶᠢᠨ ᠢᠨᠠᠭ ᠳᠤᠷᠠᠯᠠᠯ ᠪᠠ ᠦᠵᠡᠯᠲᠡ | ᠲᠠᠨᠢᠯᠲᠠ ᠪᠠᠨ ᠦᠨᠡᠨ ᠪᠤᠳᠠᠲᠠᠢ ᠪᠠᠷ ᠵᠢᠷᠤᠭᠯᠠᠨ ᠬᠠᠷᠠᠭᠤᠯᠵᠤ ᠲᠤᠭᠤᠵᠢᠰ ᠤᠨ ᠵᠤᠬᠢᠶᠠᠯ ᠤᠨ ᠲᠠᠯ᠎ᠠ ᠪᠠᠷ ᠬᠢ | ᠠᠪᠢᠶᠠᠰ ᠪᠢᠯᠢᠭ ᠢᠶᠠᠨ ᠢᠯᠡᠷᠡᠭᠦᠯᠵᠡᠢ᠃ | ᠢᠨᠵᠠᠨᠨᠠᠰᠢ ᠭᠤᠴᠢᠨ ᠨᠠᠰᠤᠨ ᠠᠴᠠ ᠪᠠᠨ ᠬᠤᠶᠢᠰᠢ ᠠᠮᠢᠳᠤᠷᠠᠯ ᠤᠨ ᠬᠠᠯᠠ ᠵᠤᠪᠠᠯᠠᠩ ᠢ ᠠᠮᠰᠠᠨ ᠵᠠᠶᠠᠭ᠎ᠠ | ᠮᠠᠭᠤᠲᠠᠵᠤ ᠲᠠᠷᠢᠶ᠎ᠠ ᠲᠦᠮᠦᠰᠦ ᠪᠠᠨ ᠠᠯᠳᠠᠭᠠᠳ ᠡᠬᠡᠨᠡᠷ ᠦᠷ᠎ᠡ ᠬᠡᠦᠬᠡᠳ ᠠᠴᠠ ᠪᠠᠨ ᠬᠠᠭᠠᠴᠠᠵᠠᠢ᠃ ᠠᠵᠠ | ᠪᠤᠰᠤ ᠶᠢᠨ ᠤᠴᠠᠷᠠᠯ ᠪᠤᠯᠤᠨ ᠲᠤᠬᠠᠢ ᠶᠢᠨ ᠨᠡᠶᠢᠭᠡᠮ ᠤᠨ ᠬᠤᠪᠢᠷᠠᠯᠲᠠ ᠠᠴᠠ ᠪᠤᠯᠵᠤ ᠲᠡᠭᠦᠨ ᠤ ᠦᠵᠡᠯ ᠰᠠᠨᠠᠭᠠᠨ ᠳᠤ | ᠬᠤᠪᠢᠷᠠᠯᠲᠠ ᠭᠠᠷᠴᠤ ᠠᠷᠠᠳ ᠤᠨ ᠵᠦᠭ ᠲᠤ ᠬᠡᠯᠪᠡᠶᠢᠪᠡ᠃ ᠡᠳᠡᠭᠡᠷ ᠨᠢ ᠲᠡᠭᠦᠨ ᠤ ᠦᠵᠡᠯᠲᠡ ᠲᠠᠨᠢᠯᠲᠠ ᠶᠢ | ᠳᠡᠭᠡᠭᠰᠢᠯᠡᠭᠦᠯᠦᠭᠰᠡᠨ ᠢᠶᠠᠷ ᠪᠠᠷᠠᠬᠤ ᠦᠭᠡᠢ ᠪᠠᠰᠠ ᠵᠣᠬᠢᠶᠠᠨ ᠪᠦᠲᠦᠭᠡᠬᠦ ᠤᠷᠮᠠᠰ ᠢ ᠨᠢ ᠴᠦ ᠶᠡᠬᠡᠪᠡᠷ | ᠬᠦᠭᠵᠢᠭᠡᠭᠰᠡᠨ ᠠᠴᠠ ᠲᠡᠷᠡ ︽ᠨᠢᠭᠡᠨ ᠳᠠᠪᠬᠤᠷ ᠠᠰᠠᠷ︾᠂ ︽ᠤᠯᠠᠭᠠᠨ᠎ᠠ ᠤᠭᠢᠯᠠᠬᠤ ᠲᠢᠩᠬᠢᠮ︾ ᠵᠡᠷᠭᠡ ᠷᠤᠮᠠᠨ ᠢ | ᠪᠢᠴᠢᠭᠰᠡᠨ ᠪᠦᠭᠡᠳ ᠡᠴᠢᠭᠡ ᠶᠢᠨ ᠢᠶᠠᠨ ᠲᠤᠲᠠᠭᠤ ᠪᠢᠴᠢᠭᠡᠳ ᠤᠷᠬᠢᠭᠰᠠᠨ ︽ᠬᠦᠬᠡ ᠰᠤᠳᠤᠷ︾ ᠢ ᠵᠠᠯᠭᠠᠵᠤ 120 | ᠪᠦᠯᠦᠭ ᠬᠦᠷᠲᠡᠯ᠎ᠡ ᠲᠤᠭᠤᠷᠪᠢᠨ ᠲᠡᠭᠦᠰᠬᠡᠪᠡ᠃ | ᠢᠨᠵᠠᠨᠨᠠᠰᠢ ᠦᠲᠡᠯᠦᠭᠡ ᠨᠠᠰᠤᠨ ᠳᠠᠭᠠᠨ ᠲᠤᠩ ᠬᠦᠴᠢᠷᠳᠡᠯᠲᠡᠢ ᠠᠮᠢᠳᠤᠷᠠᠵᠤ ᠪᠤᠰᠤᠳ ᠠᠴᠠ ᠵᠤᠭᠤᠰ | ᠵᠢᠭᠡᠯᠡᠵᠦ ᠭᠡᠷ ᠤᠨ ᠳᠦᠷᠢᠶᠡᠰᠦ ᠪᠠᠨ ᠡᠪᠯᠡᠭᠦᠯᠵᠦ ᠯᠡ ᠲᠦᠯᠦᠵᠦ ᠲᠤᠰᠢᠶᠠᠳᠠᠭ ᠪᠠᠶᠢᠪᠠ᠃ 1891 ᠤᠨ ᠳᠤ ︽ | ᠤᠯᠠᠭᠠᠨ ᠮᠠᠯᠠᠭᠠᠶᠢᠲᠠᠨ ᠤ ᠦᠢᠮᠡᠭᠡᠨ︾ ᠠᠴᠠ ᠵᠠᠶᠢᠯᠠᠵᠤ ᠵᠢᠨᠵᠸᠦ ᠬᠤᠲᠠ ᠳᠤ ᠤᠴᠢᠭᠠᠳ ᠳᠠᠷᠠᠭ᠎ᠠ ᠵᠢᠯ ᠨᠢ | ᠲᠡᠨᠳᠡᠬᠢ ᠶᠢᠨ ᠤᠲᠠᠴᠢ ᠰᠦᠮ᠎ᠡ ᠳᠤ 56 ᠲᠠᠢ ᠨᠠᠰᠤ ᠪᠠᠷᠠᠵᠠᠢ᠃ | ᠨᠢᠭᠡ᠂ ᠮᠤᠩᠭᠤᠯ ᠤᠷᠠᠨ ᠵᠤᠬᠢᠶᠠᠯ ᠳᠤ ᠦᠵᠡᠭᠦᠯᠦᠭᠰᠡᠨ ᠭᠠᠪᠢᠶ᠎ᠠ ᠵᠢᠳᠬᠦᠯ | ᠢᠨᠵᠠᠨᠨᠠᠰᠢ ᠪᠤᠯ ᠮᠤᠩᠭᠤᠯ ᠦᠨᠳᠦᠰᠦᠲᠡᠨ ᠤ ᠤᠶᠢᠷ᠎ᠠ ᠦᠶ᠎ᠡ ᠶᠢᠨ ᠤᠷᠠᠨ ᠵᠤᠬᠢᠶᠠᠯ ᠤᠨ ᠲᠡᠦᠬᠡᠨ | ᠳᠡᠭᠡᠷᠡᠬᠢ ᠠᠯᠳᠠᠷᠲᠤ ᠵᠣᠬᠢᠶᠠᠯᠴᠢ᠂ ᠰᠢᠯᠦᠭᠴᠢ᠂ ᠲᠡᠦᠬᠡᠴᠢ᠂ ᠪᠤᠳᠤᠯᠭᠠᠲᠠᠨ ᠮᠦᠨ᠃ ᠲᠡᠷᠡ ᠮᠤᠩᠭᠤᠯ | ᠦᠨᠳᠦᠰᠦᠲᠡᠨ ᠤ ᠤᠳᠬ᠎ᠠ ᠵᠤᠬᠢᠶᠠᠯ ᠳᠤ ᠴᠢᠬᠤᠯᠠ ᠬᠤᠪᠢ ᠨᠡᠮᠡᠷᠢ ᠦᠵᠡᠭᠦᠯᠦᠭᠰᠡᠨ ᠶᠤᠮ᠃ ᠶᠠᠭᠤᠨ ᠤ ᠤᠷᠢᠳ | ᠮᠤᠩᠭᠤᠯ ᠤᠷᠠᠨ ᠵᠤᠬᠢᠶᠠᠯ ᠳᠤ ᠡᠳᠦᠢ ᠲᠡᠳᠦᠢ ᠰᠢᠨ᠎ᠡ ᠲᠢᠭ ᠮᠠᠶ᠋ᠢᠭ ᠢ ᠨᠡᠮᠡᠷᠢᠯᠡᠪᠡ᠃ ᠮᠤᠩᠭᠤᠯ ᠤᠷᠠᠨ ᠵᠤᠬᠢᠶᠠᠯ ᠨᠢ | ᠲᠡᠦᠬᠡᠨ ᠷᠤᠮᠠᠨ᠂ ᠵᠠᠩ ᠠᠭᠠᠯᠢ ᠶᠢᠨ ᠷᠤᠮᠠᠨ᠂ ᠵᠤᠬᠢᠶᠠᠯ ᠤᠨ ᠲᠢᠭ ᠬᠡᠯᠪᠡᠷᠢ ᠲᠠᠢ ᠪᠤᠯᠤᠭᠰᠠᠨ ᠨᠢ ᠪᠦᠷ | ᠢᠨᠵᠠᠨᠨᠠᠰᠢ ᠶᠢᠨ ᠴᠢᠬᠤᠯᠠ ᠬᠤᠪᠢ ᠨᠡᠮᠡᠷᠢ ᠪᠢᠯᠡ᠃ ᠮᠤᠩᠭᠤᠯᠴᠤᠳ 13 ᠳ᠋ᠤᠭᠠᠷ ᠵᠠᠭᠤᠨ ᠠᠴᠠ ᠡᠬᠢᠯᠡᠨ ᠲᠡᠦᠬᠡ | ᠪᠠ ᠤᠷᠠᠨ ᠵᠤᠬᠢᠶᠠᠯ ᠢ ᠬᠠᠮᠲᠤᠳᠬᠠᠨ ᠪᠢᠴᠢᠳᠡᠭ ᠤᠳᠤᠮᠰᠢᠯ ᠲᠠᠢ ᠪᠠᠶᠢᠪᠠ᠃ ᠢᠨᠵᠠᠨᠨᠠᠰᠢ ᠮᠤᠩᠭᠤᠯ ᠲᠡᠦᠬᠡᠨ ᠷᠤᠮᠠᠨ | ︽ᠬᠦᠬᠡ ᠰᠤᠳᠤᠷ︾ ᠢ ᠲᠤᠭᠤᠷᠪᠢᠨ ᠪᠢᠴᠢᠵᠦ᠂ ᠡᠨᠡᠬᠦ ᠤᠷᠲᠤ ᠤᠳᠠᠭᠠᠨ ᠵᠢᠯ ᠤᠯᠠᠮᠵᠢᠯᠠᠭᠳᠠᠭᠰᠠᠭᠠᠷ ᠢᠷᠡᠭᠰᠡᠨ | ᠤᠳᠤᠮᠰᠢᠯ ᠢ ᠦᠭᠡᠷᠡᠲᠡᠭᠦᠯᠵᠦ᠂ ᠮᠤᠩᠭᠤᠯ ᠤᠷᠠᠨ ᠵᠤᠬᠢᠶᠠᠯ ᠳᠤ ᠰᠢᠨ᠎ᠡ ᠲᠢᠭ ᠮᠠᠶ᠋ᠢᠭ ᠢ ᠪᠤᠢ ᠪᠤᠯᠭᠠᠵᠤ ᠦᠭᠪᠡ᠃ | ᠳᠠᠷᠠᠭᠠᠯᠠᠪᠠᠯ ᠢᠨᠵᠠᠨᠨᠠᠰᠢ ᠵᠤᠬᠢᠶᠠᠯ ᠪᠦᠲᠦᠭᠡᠯ ᠢᠶᠠᠨ ᠪᠤᠳᠠᠲᠠᠢ ᠠᠮᠢᠳᠤᠷᠠᠯ ᠠᠴᠠ ᠰᠡᠳᠦᠪᠯᠡᠵᠦ ᠪᠢᠴᠢᠭᠡᠳ ᠮᠤᠩᠭᠤᠯ | ᠤᠳᠬ᠎ᠠ ᠵᠤᠬᠢᠶᠠᠯ ᠤᠨ ᠰᠡᠳᠦᠪᠯᠡᠬᠦᠨ ᠢ ᠰᠢᠨᠡᠴᠢᠯᠡᠭᠰᠡᠨ ᠢᠶᠠᠷ ᠪᠠᠷᠠᠬᠤ ᠦᠭᠡᠢ ᠡᠳᠡᠭᠡᠷ ᠲᠤᠭᠤᠵᠢ ᠷᠤᠮᠠᠨ ᠤ | ᠲᠤᠭᠤᠷᠪᠢᠯᠲᠠ ᠪᠠᠷ ᠢᠶᠠᠨ ᠮᠤᠩᠭᠤᠯ ᠤᠷᠠᠨ ᠵᠤᠬᠢᠶᠠᠯ ᠤᠨ ᠲᠤᠭᠤᠵᠢᠰ ᠤᠨ ᠵᠤᠬᠢᠶᠠᠯ ᠤᠨ ᠪᠦᠷᠢᠯᠳᠦᠯ ᠢ ᠪᠡᠶᠡᠯᠡᠭᠦᠯᠵᠦ | ᠂ ᠲᠤᠭᠤᠵᠢᠰ ᠤᠨ ᠵᠤᠬᠢᠶᠠᠯ ᠤᠨ ᠰᠢᠨ᠎ᠡ ᠦᠰᠦᠷᠦᠯᠲᠡ ᠶᠢ ᠪᠤᠢ ᠪᠤᠯᠭᠠᠵᠤ᠂ ᠮᠤᠩᠭᠤᠯ ᠤᠳᠬ᠎ᠠ ᠵᠤᠬᠢᠶᠠᠯ ᠢ ᠴᠤ᠋ | ᠰᠢᠨ᠎ᠡ ᠬᠦᠭᠵᠢᠯᠲᠡ ᠶᠢᠨ ᠱᠠᠲᠤᠨ ᠳᠤ ᠤᠷᠤᠭᠤᠯᠤᠭᠰᠠᠨ ᠶᠤᠮ᠃ ᠪᠠᠰᠠ ︽ᠬᠦᠬᠡ ᠰᠤᠳᠤᠷ︾ ᠤᠨ ᠵᠤᠬᠢᠶᠠᠨ | ᠪᠦᠲᠦᠭᠡᠬᠦ ᠦᠢᠯᠡᠳᠦᠯᠭᠡ ᠪᠠᠷ ᠢᠶᠠᠨ ᠮᠤᠩᠭᠤᠯ ᠲᠡᠦᠬᠡᠨ ᠪᠢᠴᠢᠯᠭᠡ ᠶᠢᠨ ᠠᠷᠭ᠎ᠠ ᠪᠠ ᠬᠢᠲᠠᠳ ᠤᠨ ᠪᠦᠯᠦᠭᠲᠦ | ᠲᠤᠭᠤᠵᠢᠰ ᠤᠨ ᠵᠤᠬᠢᠶᠠᠮᠵᠢᠯᠠᠬᠤ ᠠᠷᠭ᠎ᠠ ᠶᠢ ᠤᠷᠭᠠᠨᠢᠭ ᠢᠶᠠᠷ ᠤᠶᠠᠯᠳᠤᠭᠤᠯᠤᠨ ᠲᠡᠦᠬᠡᠨ ᠷᠤᠮᠠᠨ ᠤ ᠢᠯᠡᠳᠬᠡᠬᠦ | ᠠᠷᠭ᠎ᠠ ᠪᠠᠷᠢᠯ ᠢ ᠪᠤᠢ ᠪᠤᠯᠭᠠᠭᠰᠠᠨ ᠪᠦᠭᠡᠳ ᠡᠷᠲᠡᠨ ᠤ ᠰᠢᠯᠢᠳᠡᠭ ᠤᠯᠠᠮᠵᠢᠯᠠᠯ ᠢᠶᠠᠨ ᠵᠠᠯᠭᠠᠮᠵᠢᠯᠠᠬᠤ ᠶᠢᠨ ᠬᠠᠮᠲᠤ | ᠬᠦᠭᠵᠢᠭᠦᠯᠵᠦ ᠵᠤᠷᠢᠭᠲᠠᠢ ᠪᠠᠷ ᠰᠢᠨ᠎ᠡ ᠶᠢ ᠡᠭᠦᠳᠬᠦ ᠵᠠᠮ ᠢ ᠨᠡᠭᠡᠭᠡᠵᠦ ᠦᠭᠭᠦᠭᠰᠡᠨ ᠶᠤᠮ᠃ ︽ᠨᠢᠭᠡᠨ ᠳᠠᠪᠬᠤᠷ | ᠠᠰᠠᠷ︾ ᠪᠠ ︽ᠤᠯᠠᠭᠠᠨ᠎ᠠ ᠤᠭᠢᠯᠠᠬᠤ ᠲᠢᠩᠬᠢᠮ︾ ᠤᠨ ᠵᠤᠬᠢᠶᠠᠨ ᠪᠦᠲᠦᠭᠡᠬᠦ ᠦᠢᠯᠡᠳᠦᠯᠭᠡ ᠪᠠᠷ ᠢᠶᠠᠨ ᠮᠤᠩᠭᠤᠯ | ᠦᠨᠳᠦᠰᠦᠲᠡᠨ ᠤ ᠤᠷᠠᠨ ᠵᠣᠬᠢᠶᠠᠯ ᠳᠤ ᠠᠬᠤᠶᠢᠴᠢ ᠦᠵᠡᠯ ᠤᠨ ᠵᠤᠬᠢᠶᠠᠨ ᠪᠦᠲᠦᠭᠡᠬᠦ ᠠᠷᠭ᠎ᠠ ᠪᠠ ᠬᠦᠰᠡᠬᠦᠶᠢᠴᠢ | ᠦᠵᠡᠯ ᠢ ᠵᠤᠬᠢᠶᠠᠨ ᠪᠦᠲᠦᠭᠡᠬᠦ ᠠᠷᠭ᠎ᠠ ᠶᠢᠨ ᠪᠦᠲᠦᠭᠡᠯᠴᠢ ᠲᠤᠷᠰᠢᠯᠭ᠎ᠠ ᠶᠢ ᠨᠡᠮᠡᠷᠢᠯᠡᠪᠡ᠃ ᠡᠳᠡᠭᠡᠷ ᠠᠴᠠ ᠢᠨᠵᠠᠨᠨᠠᠰᠢ | ᠪᠤᠯ ᠮᠤᠩᠭᠤᠯ ᠦᠨᠳᠦᠰᠦᠲᠡᠨ ᠤ ᠲᠤᠭᠤᠵᠢᠰ ᠤᠨ ᠵᠤᠬᠢᠶᠠᠯ ᠤᠨ ᠰᠠᠭᠤᠷᠢᠯᠠᠭᠴᠢ ᠪᠤᠯᠬᠤ ᠶᠢ ᠪᠠᠲᠤᠲᠠᠢ ᠭᠡᠷᠡᠴᠢᠯᠡᠵᠦ | ᠪᠤᠢ᠃ | ᠬᠤᠶᠠᠷ᠂ ᠲᠡᠭᠦᠨ ᠤ ᠵᠤᠬᠢᠶᠠᠯ ᠪᠦᠲᠦᠭᠡᠯ | ︽ᠨᠢᠭᠡᠨ ᠳᠠᠪᠬᠤᠷ ᠠᠰᠠᠷ︾ ᠪᠠ ︽ᠤᠯᠠᠭᠠᠨ᠎ᠠ ᠤᠭᠢᠯᠠᠬᠤ ᠲᠢᠩᠬᠢᠮ︾ ᠪᠤᠯ ᠢᠨᠵᠠᠨᠨᠠᠰᠢ ᠶᠢᠨ ᠪᠤᠳᠠᠲᠤ | ᠠᠮᠢᠳᠤᠷᠠᠯ ᠠᠴᠠ ᠰᠡᠳᠦᠪᠯᠡᠭᠰᠡᠨ ᠢᠬᠡᠷ᠎ᠡ ᠬᠤᠶᠠᠷ ᠷᠤᠮᠠᠨ ᠪᠤᠯᠤᠨ᠎ᠠ᠃ ᠡᠨᠡ ᠬᠤᠶᠠᠷ ᠷᠤᠮᠠᠨ ᠦᠩᠭᠡᠷᠡᠭᠰᠡᠨ ᠳᠤ ᠭᠠᠷ | ᠪᠢᠴᠢᠮᠡᠯ ᠢᠶᠠᠷ ᠵᠤᠰᠤᠲᠤ ᠶᠢᠨ ᠴᠢᠭᠤᠯᠭᠠᠨ ᠳᠤ ᠦᠷᠭᠡᠨ ᠢᠶᠠᠷ ᠤᠯᠠᠮᠵᠢᠯᠠᠭᠳᠠᠨ ᠲᠠᠷᠬᠠᠵᠤ ᠪᠠᠶᠢᠪᠠ᠃ 1938 | ᠤᠨ ᠳᠤ ᠺᠠᠶᠢᠯᠦ ᠶᠢᠨ ᠮᠤᠩᠭᠤᠯ ᠤᠳᠬ᠎ᠠ ᠶᠢᠨ ᠰᠤᠷᠭᠠᠯ ᠤᠨ ᠬᠤᠷᠠᠯ ᠠᠴᠠ ᠡᠨᠡ ᠬᠤᠶᠠᠷ ᠷᠤᠮᠠᠨ ᠢ ᠠᠩᠬ᠎ᠠ | ᠤᠳᠠᠭ᠎ᠠ ᠴᠢᠯᠠᠭᠤᠨ ᠪᠠᠷ ᠢᠶᠠᠷ ᠬᠡᠪᠯᠡᠭᠦᠯᠦᠨ ᠲᠠᠷᠬᠠᠭᠠᠪᠠ᠃ 1957 ᠤᠨ ᠳᠤ ᠦᠪᠦᠷ ᠮᠤᠩᠭᠤᠯ ᠤᠨ ᠠᠷᠠᠳ ᠤᠨ | ᠬᠡᠪᠯᠡᠯ ᠤᠨ ᠬᠤᠷᠢᠶᠠᠨ ᠠᠴᠠ ᠤᠷᠤᠰᠢᠯ ᠬᠠᠳᠠᠵᠤ ᠬᠤᠷᠭᠤᠯᠵᠢᠨ ᠪᠠᠷ ᠢᠶᠠᠷ ᠬᠡᠪᠯᠡᠭᠦᠯᠦᠭᠡᠳ᠂ 1980 ᠤᠨ ᠳᠤ | ᠬᠤᠶᠠᠳᠠᠬᠢ ᠤᠳᠠᠭ᠎ᠠ ᠬᠡᠪᠯᠡᠭᠦᠯᠪᠡ᠃ | |