︽ᠵᠤᠤ ᠤᠳᠠ︾ ᠭᠡᠬᠦ ᠦᠭᠡ ᠪᠤᠯ ᠤᠯᠠᠭᠠᠨᠬᠠᠳᠠ ᠶᠢᠨ ᠲᠡᠦᠬᠡᠨ ᠳᠠᠬᠢ ︽ᠵᠤᠤ ᠤᠳᠠ ᠴᠢᠭᠤᠯᠭᠠᠨ︾ | ᠬᠢᠭᠡᠳ ︽ᠵᠤᠤ ᠤᠳᠠ︾ ᠠᠶᠢᠮᠠᠭ ᠤᠨ ᠨᠡᠷᠡᠶᠢᠳᠦᠯ ᠶᠤᠮ᠃ ᠲᠡᠦᠬᠡ ᠶᠢᠨ ᠬᠠᠮᠢᠶ᠎ᠠ ᠪᠦᠬᠦᠢ ᠪᠢᠴᠢᠭ ᠮᠠᠲ᠋ᠧᠷᠢᠶᠠᠯ | ᠪᠤᠯᠤᠨ ᠤᠯᠠᠮᠵᠢᠯᠠᠯ ᠶᠠᠷᠢᠶ᠎ᠠ ᠶᠢ ᠦᠨᠳᠦᠰᠦᠯᠡᠪᠡᠯ ᠴᠢᠩ ᠤᠯᠤᠰ ᠤᠨ ᠳᠡᠭᠡᠳᠦ ᠡᠷᠳᠡᠮᠲᠦ ᠶᠢᠨ ᠲᠦᠲᠦᠭᠡᠷ ᠤᠨ ︵ | 1639 ᠤᠨ︶ ᠳᠤ ᠠᠤᠬᠠᠨ᠂ ᠨᠠᠢᠮᠠᠨ᠂ ᠤᠩᠨᠢᠭᠤᠳ᠂ ᠵᠡᠭᠦᠨ ᠪᠠᠷᠠᠭᠤᠨ ᠭᠠᠷᠤᠨ ᠬᠤᠶᠠᠷ ᠬᠤᠰᠢᠭᠤ᠂ | ᠤᠩᠨᠢᠭᠤᠳ ᠵᠡᠭᠦᠨ ᠭᠠᠷᠤᠨ ᠬᠤᠰᠢᠭᠤᠨ ᠤ ᠵᠡᠭᠦᠨ ᠪᠡᠶ᠎ᠡ ᠳᠠᠬᠢ ᠳ᠋ᠠᠰᠢᠩ ᠰᠢᠶᠠᠩ ᠤᠨ ᠬᠠᠷᠢᠶᠠᠨ ᠳᠤ ᠴᠢᠭᠤᠯᠭᠠᠨ | ᠪᠤᠯᠵᠤ᠂ ᠵᠠᠭᠤᠨ ᠰᠠᠭᠤᠷᠢ ᠤᠳᠠᠨ ᠮᠤᠳᠤ ᠲᠠᠷᠢᠵᠤ ᠳᠤᠷᠠᠰᠬᠠᠭᠰᠠᠨ ᠪᠠᠶᠢᠵᠠᠢ᠃ ᠲᠡᠭᠡᠭᠡᠳ ︽ᠵᠤᠤ ᠤᠳᠠ | ᠴᠢᠭᠤᠯᠭᠠᠨ︾ ᠤ ᠨᠡᠷᠡᠶᠢᠳᠦᠯ ︵ᠵᠠᠷᠢᠮ ᠨᠢ ᠮᠠᠰᠢ ᠤᠯᠠᠨ ᠤᠳᠠ ᠮᠤᠳᠤ ᠲᠠᠢ ᠭᠠᠵᠠᠷ ᠴᠢᠭᠤᠯᠭᠠᠨ ᠪᠤᠯᠤᠭᠰᠠᠨ | ᠲᠤᠯᠠ ᠲᠡᠶᠢᠨᠬᠦ ᠨᠡᠷᠡᠯᠡᠪᠡ ᠭᠡᠵᠦ ᠪᠤᠢ︶ ᠪᠤᠢ ᠪᠤᠯᠤᠭᠰᠠᠨ ᠭᠡᠳᠡᠭ᠃ | ᠴᠢᠩ ᠤᠯᠤᠰ ᠤᠨ ᠡᠶᠡᠪᠡᠷ ᠵᠠᠰᠠᠭᠴᠢ ᠶᠢᠨ ᠲᠡᠷᠢᠭᠦᠨ ᠤᠨ ᠠᠴᠠ ᠶᠢᠰᠦᠳᠡᠬᠢ ᠤᠨ ︵1644-1652 | ᠤᠨ︶ ᠤ ᠬᠤᠭᠤᠴᠠᠭᠠᠨ ᠳᠤ ᠠᠷᠤ ᠬᠤᠷᠴᠢᠨ ᠬᠤᠰᠢᠭᠤ᠂ ᠪᠠᠭᠠᠷᠢᠨ ᠵᠡᠭᠦᠨ ᠪᠠᠷᠠᠭᠤᠨ ᠭᠠᠷᠤᠨ ᠬᠤᠶᠠᠷ ᠬᠤᠰᠢᠭᠤ᠂ | ᠬᠡᠰᠢᠭᠲᠡᠨ ᠬᠤᠰᠢᠭᠤ ᠴᠦ ᠤᠷᠢᠳ ᠬᠤᠵᠢᠳ ᠲᠤᠰ ᠴᠢᠭᠤᠯᠭᠠᠨ ᠳᠤ ᠤᠷᠤᠵᠠᠢ᠃ | ᠴᠢᠩ ᠤᠯᠤᠰ ᠤᠨ ᠡᠩᠬᠡ ᠠᠮᠤᠭᠤᠯᠠᠩ ᠤᠨ ᠲᠡᠷᠢᠭᠦᠨ ᠤᠨ ︵1662 ᠤᠨ︶ ᠳᠤ ᠴᠢᠩ ᠤᠨ | ᠲᠦᠷᠦ ᠶᠢᠨ ᠲᠤᠲᠤᠭᠠᠳᠤ ᠶᠡᠭᠡ ᠲᠦᠰᠢᠮᠡᠯ᠂ ᠡᠷᠬᠢᠨ ᠰᠠᠶᠢᠳ ᠪᠤᠶᠤ ᠵᠢᠭᠦᠷ ᠤᠨ ᠰᠠᠶᠢᠳ ᠨᠠᠷ ᠢᠶᠠᠨ ᠵᠤᠤ ᠤᠳᠠ | ᠴᠢᠭᠤᠯᠭᠠᠨ ᠳᠤ ᠲᠤᠮᠢᠯᠠᠨ ᠢᠷᠡᠭᠦᠯᠵᠦ᠂ ᠨᠠᠢᠮᠠᠨ᠂ ᠠᠤᠬᠠᠨ᠂ ᠤᠩᠨᠢᠭᠤᠳ ᠵᠡᠭᠦᠨ ᠪᠠᠷᠠᠭᠤᠨ ᠬᠤᠶᠠᠷ ᠬᠤᠰᠢᠭᠤ᠂ | ᠠᠷᠤ ᠬᠤᠷᠴᠢᠨ᠂ ᠪᠠᠭᠠᠷᠢᠨ ᠵᠡᠭᠦᠨ ᠪᠠᠷᠠᠭᠤᠨ ᠬᠤᠶᠠᠷ ᠬᠤᠰᠢᠭᠤ᠂ ᠵᠠᠷᠤᠳ ᠵᠡᠭᠦᠨ ᠪᠠᠷᠠᠭᠤᠨ ᠬᠤᠶᠠᠷ ᠬᠤᠰᠢᠭᠤ᠂ | ᠬᠡᠰᠢᠭᠲᠡᠨ ᠵᠡᠷᠭᠡ 10 ᠬᠤᠰᠢᠭᠤ ᠶᠢ ︽ᠵᠤᠤ ᠤᠳᠠ ᠴᠢᠭᠤᠯᠭᠠᠨ︾ ᠳᠤ ᠨᠡᠶᠢᠯᠡᠭᠦᠯᠵᠡᠢ᠃ | ᠴᠢᠩ ᠤᠯᠤᠰ ᠤᠨ ᠡᠩᠬᠡ ᠠᠮᠤᠭᠤᠯᠠᠩ ᠤᠨ ᠭᠤᠷᠪᠠᠳᠤᠭᠠᠷ ᠤᠨ ︵1644 ᠤᠨ︶ ᠳᠤ ᠬᠠᠯᠬ᠎ᠠ ᠵᠡᠭᠦᠨ | ᠭᠠᠷᠤᠨ ᠬᠤᠰᠢᠭᠤ ᠶᠢ ᠭᠤᠪᠢ ᠶᠢᠨ ᠠᠷᠤ ᠠᠴᠠ ᠯᠢᠶᠤᠤ ᠡᠾᠧ ᠭᠤᠤᠯ ᠤᠨ ᠰᠠᠪᠠ ᠳᠠᠭᠠᠤ ᠭᠠᠵᠠᠷ ᠲᠤ ᠨᠡᠭᠦᠯᠭᠡᠵᠦ ︽ | ᠵᠤᠤ ᠤᠳᠠ ᠴᠢᠭᠤᠯᠭᠠᠨ︾ ᠳᠤ ᠬᠠᠷᠢᠶᠠᠯᠠᠭᠤᠯᠤᠭᠰᠠᠨ ᠪᠠᠶᠢᠪᠠ᠃ ᠬᠤᠵᠢᠮ ᠨᠢ 1914 ᠤᠨ ᠳᠤ ᠢᠷᠭᠡᠨ | ᠤᠯᠤᠰ ᠤᠨ ᠵᠠᠰᠠᠭ ᠤᠨ ᠤᠷᠳᠤᠨ ᠬᠠᠯᠠᠭᠤᠨ ᠭᠤᠤᠯ ᠤᠨ ᠤᠨᠴᠠᠭᠠᠢ ᠤᠷᠤᠨ ᠢ ᠪᠠᠶᠢᠭᠤᠯᠵᠤ᠂ ᠵᠤᠤ ᠤᠳᠠ | ᠴᠢᠭᠤᠯᠭᠠᠨ ᠢ ᠬᠠᠮᠢᠶᠠᠷᠤᠭᠤᠯᠤᠭᠰᠠᠨ ᠪᠦᠭᠡᠳ 1928 ᠤᠨ ᠳᠤ ᠨᠠᠨᠵᠢᠩ ᠤᠨ ᠵᠠᠰᠠᠭ ᠤᠨ ᠭᠠᠵᠠᠷ ᠠᠴᠠ ᠬᠠᠯᠠᠭᠤᠨ | ᠭᠤᠤᠯ ᠮᠤᠵᠢ ᠪᠤᠯᠭᠠᠨ ᠦᠭᠡᠷᠡᠴᠢᠯᠡᠭᠰᠡᠨ ᠪᠠᠶᠢᠪᠠ᠃ 1945 ᠤᠨ ᠤ 11 ᠰᠠᠷ᠎ᠠ ᠳᠤ ᠰᠢᠨ᠎ᠡ ᠬᠠᠯᠠᠭᠤᠨ ᠭᠤᠤᠯ | ᠮᠤᠵᠢ ᠪᠠᠶᠢᠭᠤᠯᠤᠭᠳᠠᠵᠤ᠂ 1946 ᠤᠨ ᠤ 6 ᠰᠠᠷ᠎ᠠ ᠳᠤ ᠵᠤᠤ ᠤᠳᠠ ᠠᠶᠢᠮᠠᠭ ᠤᠨ ᠲᠦᠷ ᠴᠠᠭ ᠤᠨ ᠵᠠᠰᠠᠭ | ᠵᠠᠬᠢᠷᠭᠠᠨ ᠤ ᠬᠤᠷᠢᠶ᠎ᠠ ᠪᠠᠶᠢᠭᠤᠯᠤᠭᠳᠠᠭᠰᠠᠨ ᠪᠠᠶᠢᠪᠠ᠃ 1949 ᠤᠨ ᠤ 5 ᠰᠠᠷ᠎ᠠ ᠳᠤ ᠬᠠᠯᠠᠭᠤᠨ ᠭᠤᠤᠯ ᠮᠤᠵᠢ ᠶᠢ | ᠦᠭᠡᠶᠢᠰᠬᠡᠭᠰᠡᠨ ᠲᠤᠯᠠ ᠠᠷᠤ ᠬᠤᠷᠴᠢᠨ ᠬᠤᠰᠢᠭᠤ᠂ ᠬᠡᠰᠢᠭᠲᠡᠨ ᠬᠤᠰᠢᠭᠤ᠂ ᠯᠢᠨᠰᠢ ᠰᠢᠶᠠᠨ᠂ ᠠᠤᠬᠠᠨ ᠬᠤᠰᠢᠭᠤ᠂ | ᠤᠩᠨᠢᠭᠤᠳ ᠬᠤᠰᠢᠭᠤ᠂ ᠬᠠᠷᠠᠴᠢᠨ ᠬᠤᠰᠢᠭᠤ᠂ ᠨᠢᠩᠴᠧᠩ ᠰᠢᠶᠠᠨ᠂ ᠤᠯᠠᠭᠠᠨᠬᠠᠳᠠ᠂ ᠪᠤᠷᠤᠬᠤᠲᠠ ᠪᠦᠷ ᠦᠪᠦᠷ | ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠤᠤ ᠤᠳᠠ ᠠᠶᠢᠮᠠᠭ ᠲᠤ ᠬᠠᠷᠢᠶᠠᠯᠠᠭᠳᠠᠬᠤ ᠪᠤᠯᠵᠠᠢ᠃ ᠭᠡᠲᠡᠯ᠎ᠡ | 1969 ᠤᠨ ᠤ 7 ᠰᠠᠷ᠎ᠠ ᠠᠴᠠ 1979 ᠤᠨ ᠤ 7 ᠰᠠᠷ᠎ᠠ ᠪᠤᠯᠲᠠᠯᠠᠬᠢ ᠠᠷᠪᠠᠨ ᠵᠢᠯ ᠤᠨ ᠬᠤᠭᠤᠴᠠᠭᠠᠨ ᠳᠤ | ᠯᠢᠶᠤᠤᠨᠢᠩ ᠮᠤᠵᠢ ᠳᠤ ᠬᠠᠷᠢᠶᠠᠯᠠᠭᠳᠠᠪᠠ᠃ 1983 ᠤᠨ ᠤ 10 ᠰᠠᠷ᠎ᠠ ᠶᠢᠨ 10 ᠤ ᠡᠳᠦᠷ ᠵᠤᠤ ᠤᠳᠠ ᠠᠶᠢᠮᠠᠭ | ᠨᠢ ᠤᠯᠠᠭᠠᠨᠬᠠᠳᠠ ᠬᠤᠲᠠ ᠪᠤᠯᠤᠨ ᠦᠭᠡᠷᠡᠴᠢᠯᠡᠭᠳᠡᠭᠰᠡᠨ ᠠᠴᠠ ︽ᠵᠤᠤ ᠤᠳᠠ︾ ᠭᠡᠬᠦ ᠨᠡᠷ᠎ᠡ ᠤᠯᠠᠭᠠᠨᠬᠠᠳᠠ ᠶᠢᠨ | ᠲᠡᠦᠬᠡᠨ ᠬᠠᠭᠤᠳᠠᠰᠤᠨ ᠳᠤ ᠵᠢᠩᠬᠢᠨᠢ ᠲᠡᠦᠬᠡ ᠪᠤᠯᠤᠨ ᠪᠢᠴᠢᠭᠯᠡᠭᠳᠡᠭᠰᠡᠨ ᠰᠠᠨ᠃ | ᠤᠯᠠᠭᠠᠨ ᠬᠠᠳᠠ ᠶᠢᠨ ᠡᠳᠦᠷ ᠤᠨ ᠰᠤᠨᠢᠨ ᠨᠢ ︽ᠵᠤᠤ ᠤᠳᠠ ᠰᠤᠨᠢᠨ︾ ᠤ ᠵᠠᠯᠭᠠᠮᠵᠢ ᠶᠤᠮ᠃ ︽ᠵᠤᠤ | ᠤᠳᠠ ᠰᠤᠨᠢᠨ︾ ᠨᠢ ᠴᠠᠭ ᠦᠶ᠎ᠡ ᠶᠢᠨ ᠲᠡᠦᠬᠡᠲᠦ ᠡᠭᠦᠷᠭᠡ ᠪᠠᠨ ᠪᠡᠶᠡᠯᠡᠭᠦᠯᠦᠭᠡᠳ ᠮᠤᠩᠭᠤᠯ ᠰᠤᠶᠤᠯ ᠤᠨ ᠠᠯᠲᠠᠨ | ᠱᠤᠰᠢᠭ᠎ᠠ ᠪᠤᠯᠤᠨ ᠭᠢᠯᠠᠯᠵᠠᠵᠤ ᠡᠳᠦᠭᠡ ᠤᠯᠠᠭᠠᠨ ᠬᠠᠳᠠ ᠶᠢᠨ ᠡᠳᠦᠷ ᠤᠨ ᠰᠤᠨᠢᠨ ᠤ ᠭᠠᠷᠠᠭ ᠤᠨ ᠬᠡᠪᠯᠡᠯ ᠤᠨ | ᠲᠤᠰᠬᠠᠢ ᠨᠡᠷᠡᠶᠢᠳᠦᠯ ᠪᠤᠯᠵᠤ ᠱᠤᠭᠤᠭᠳᠠᠭᠰᠠᠨ ᠪᠠᠶᠢᠭ᠎ᠠ ᠶᠤᠮ᠃ |