| ᠦᠨᠦᠳᠦᠷ ᠪᠤᠯ ᠨᠠᠨᠵᠢᠩ ᠤᠨ ᠶᠡᠭᠡ ᠬᠢᠲᠤᠯᠭ᠎ᠠ ᠳᠤ ᠦᠷᠡᠭᠳᠡᠭᠰᠡᠳ ᠤᠨ ᠭᠤᠷᠪᠠᠳᠤᠭᠠᠷ ᠤᠳᠠᠭᠠᠨ ᠤ | ᠤᠯᠤᠰ ᠤᠨ ᠨᠡᠶᠢᠲᠡ ᠶᠢᠨ ᠲᠠᠬᠢᠯᠭ᠎ᠠ ᠶᠢᠨ ᠡᠳᠦᠷ ᠪᠤᠯᠤᠨ᠎ᠠ᠃ 1937 ᠤᠨ ᠤ 12 ᠰᠠᠷ᠎ᠠ ᠶᠢᠨ 13 ᠤ ᠡᠳᠦᠷ᠂ | ᠶᠠᠫᠤᠨ ᠡᠵᠡᠷᠬᠡᠭ ᠳᠦᠷᠢᠮᠡᠬᠡᠶᠢᠲᠡᠨ ᠨᠠᠨᠵᠢᠩ ᠢ ᠡᠵᠡᠯᠡᠵᠦ᠂ 40 ᠭᠠᠷᠤᠢ ᠡᠳᠦᠷ ᠦᠷᠭᠦᠯᠵᠢᠯᠡᠭᠰᠡᠨ ᠶᠡᠭᠡ ᠬᠢᠲᠤᠯᠭ᠎ᠠ | ᠶᠠᠪᠤᠭᠤᠯᠤᠨ᠂ 30 ᠲᠦᠮᠡᠨ ᠬᠦᠮᠦᠨ ᠬᠢᠳᠤᠭᠳᠡᠨ ᠠᠯᠠᠭᠳᠠᠵᠦ᠂ ᠬᠦᠮᠦᠨ ᠲᠦᠷᠦᠯᠬᠢᠲᠡᠨ ᠤ ᠪᠤᠯᠪᠠᠰᠤᠨ ᠤ ᠲᠡᠦᠬᠡᠨ | ᠳᠡᠭᠡᠷ᠎ᠡ ᠬᠠᠮᠤᠭ ᠪᠠᠯᠠᠷ ᠬᠠᠷᠠᠩᠭᠤᠢ ᠬᠠᠷᠭᠢᠰ ᠬᠡᠷᠴᠡᠬᠡᠢ ᠶᠠᠪᠤᠳᠠᠯ ᠦᠢᠯᠡᠳᠴᠡᠢ᠃ | | 2014 ᠤᠨ ᠤ 2 ᠰᠠᠷ᠎ᠠ ᠶᠢᠨ 27 ᠤ ᠡᠳᠦᠷ᠂ ᠳᠤᠮᠳᠠᠳᠤ ᠤᠯᠤᠰ ᠤᠨ ᠠᠷᠪᠠᠨ ᠬᠤᠶᠠᠳᠤᠭᠠᠷ | ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ | ᠬᠤᠷᠢᠶᠠᠨ ᠤ ᠳᠤᠯᠤᠳᠤᠭᠠᠷ ᠤᠳᠠᠭᠠᠨ ᠤ ᠬᠤᠷᠠᠯ ᠳᠡᠭᠡᠷ᠎ᠡ ᠰᠢᠢᠳᠪᠦᠷᠢ ᠪᠠᠳᠤᠯᠠᠵᠦ᠂ ᠵᠢᠯ ᠪᠤᠯᠭᠠᠨ ᠤ 12 ᠰᠠᠷ᠎ᠠ ᠶᠢᠨ | 13 ᠤ ᠡᠳᠦᠷ ᠢ ᠨᠠᠨᠵᠢᠩ ᠤᠨ ᠶᠡᠭᠡ ᠬᠢᠲᠤᠯᠭ᠎ᠠ ᠳᠤ ᠦᠷᠡᠭᠳᠡᠭᠰᠡᠳ ᠤᠨ ᠤᠯᠤᠰ ᠤᠨ ᠨᠡᠶᠢᠲᠡ ᠶᠢᠨ ᠲᠠᠬᠢᠯᠭ᠎ᠠ ᠶᠢᠨ | ᠡᠳᠦᠷ ᠢᠶᠠᠷ ᠲᠤᠭᠲᠠᠭᠠᠪᠠ᠃ 2014 ᠤᠨ ᠤ 12 ᠰᠠᠷ᠎ᠠ ᠶᠢᠨ 13 ᠤ ᠡᠳᠦᠷ᠂ ᠤᠯᠤᠰ ᠠᠴᠠ ᠠᠩᠬᠠᠨ ᠤ | ᠨᠡᠶᠢᠲᠡ ᠶᠢᠨ ᠲᠠᠬᠢᠯᠭ᠎ᠠ ᠶᠢᠨ ᠡᠳᠦᠷ ᠤᠨ ᠠᠵᠢᠯᠯᠠᠭᠠᠨ ᠶᠠᠪᠤᠭᠳᠠᠭᠤᠯᠵᠤ᠂ ᠨᠠᠮ ᠪᠠ ᠲᠦᠷᠦ ᠶᠢᠨ ᠭᠤᠤᠯ ᠪᠤᠯᠬᠤ | ᠤᠳᠤᠷᠢᠳᠤᠯᠭ᠎ᠠ ᠤᠷᠤᠯᠴᠠᠵᠤ᠂ ᠨᠠᠨᠵᠢᠩ ᠬᠤᠲᠠ ᠪᠦᠬᠦ ᠬᠤᠲᠠ ᠪᠠᠷ ᠢᠶᠠᠨ ᠭᠠᠰᠢᠭᠤᠳᠠᠪᠠ᠃ | | ᠲᠡᠦᠬᠡ ᠨᠢ ᠴᠠᠭ ᠦᠶ᠎ᠡ ᠶᠢᠨ ᠬᠤᠪᠢᠷᠠᠯᠲᠠ ᠠᠴᠠ ᠪᠤᠯᠵᠦ ᠬᠤᠪᠢᠷᠠᠬᠤ ᠦᠭᠡᠢ᠂ ᠪᠤᠳᠠᠲᠤ ᠤᠴᠢᠷ ᠪᠠᠰᠠ | ᠤᠷᠠᠨ ᠬᠤᠩᠰᠢᠶᠠᠷ ᠤᠨ ᠭᠠᠵᠢᠭᠤᠳᠠᠭᠤᠯᠬᠤ ᠠᠴᠠ ᠪᠤᠯᠵᠦ ᠪᠠᠯᠠᠷᠠᠬᠤ ᠦᠭᠡᠢ᠃ ᠨᠠᠨᠵᠢᠩ ᠤᠨ ᠶᠡᠭᠡ ᠬᠢᠲᠤᠯᠭ᠎ᠠ ᠳᠤ | ᠦᠷᠡᠭᠳᠡᠭᠰᠡᠳ ᠤᠨ ᠤᠯᠤᠰ ᠤᠨ ᠨᠡᠶᠢᠲᠡ ᠶᠢᠨ ᠲᠠᠬᠢᠯᠭ᠎ᠠ ᠶᠢᠨ ᠶᠤᠰᠤᠯᠠᠯ ᠨᠢ ᠴᠠᠶᠢᠯᠭᠠᠨ ᠰᠡᠳᠬᠢᠯᠲᠦ ᠬᠦᠮᠦᠨ | ᠪᠤᠯᠭᠠᠨ ᠤ ᠡᠩᠬᠡ ᠲᠠᠶᠢᠪᠤᠩ ᠤᠨ ᠬᠦᠰᠡᠯ ᠡᠷᠡᠮᠡᠯᠵᠡᠯ ᠪᠤᠯᠤᠨ ᠪᠠᠷᠢᠮᠲᠠᠯᠠᠯ ᠢ ᠤᠷᠢᠶᠠᠯᠠᠵᠦ᠂ ᠬᠠᠷᠢᠨ ᠬᠢᠯᠢᠩ | ᠬᠤᠷᠤᠰᠦᠯ ᠢ ᠦᠷᠭᠦᠯᠵᠢᠯᠡᠭᠦᠯᠬᠦ ᠪᠢᠰᠢ ᠶᠤᠮ᠃ ᠪᠢᠳᠡ ᠲᠡᠦᠬᠡ ᠪᠠᠷ ᠲᠤᠯᠢ ᠪᠣᠯᠭᠠᠨ ᠢᠷᠡᠭᠡᠳᠦᠢ ᠳᠤ ᠬᠠᠨᠳᠤᠵᠤ᠂ | ᠬᠠᠮᠲᠤᠪᠠᠷ ᠬᠦᠮᠦᠨ ᠲᠦᠷᠦᠯᠬᠢᠲᠡᠨ ᠤ ᠡᠩᠬᠡ ᠲᠠᠶᠢᠪᠤᠩ ᠳᠤ ᠬᠤᠪᠢ ᠨᠡᠮᠡᠷᠢ ᠦᠵᠡᠭᠦᠯᠦᠶ᠎ᠡ᠃ |