︽ᠮᠤᠩᠭᠤᠯ ᠤᠨ ᠳᠦᠷᠪᠡᠨ ᠶᠡᠭᠡ ᠬᠠᠭᠠᠨᠲᠤ ᠤᠯᠤᠰ︾ ᠪᠠ ᠲᠡᠭᠦᠨ ᠤ ᠠᠩᠬᠠᠨ ᠤ ᠬᠠᠭᠠᠳ
ᠨᠡᠶᠢᠲᠡᠯᠡᠭᠰᠡᠨ ᠴᠠᠭ᠄
2017-02-13
       ᠠᠷᠪᠠᠨ ᠭᠤᠷᠪᠠᠳᠤᠭᠠᠷ ᠵᠠᠭᠤᠨ ᠤ ᠳᠤᠮᠳᠠᠴᠢ ᠠᠴᠠ ᠴᠢᠩᠭᠢᠰ ᠬᠠᠭᠠᠨ ᠤ ᠦᠷ᠎ᠡ ᠠᠴᠢᠨᠠᠷ ᠲᠡᠳᠡᠨ ᠳᠤ ᠬᠤᠪᠢᠳᠠᠵᠤ ᠦᠭᠭᠦᠭᠰᠡᠨ ᠭᠠᠵᠠᠷ ᠨᠤᠲᠤᠭ ᠢᠶᠠᠷ ᠰᠠᠭᠤᠷᠢ ᠪᠤᠯᠭᠠᠨ᠂ ᠠᠽᠢᠶ᠎ᠠ ᠡᠸᠦ᠋ᠷᠦᠫᠡ ᠶᠢᠨ ᠡᠬᠡ ᠬᠠᠭᠤᠷᠠᠢ ᠳᠤ ᠤᠯᠤᠰ ᠪᠠᠶᠢᠭᠤᠯᠤᠭᠰᠠᠨ ᠪᠦᠭᠡᠳ ᠤᠷᠢᠳ ᠬᠤᠵᠢᠳ ᠭᠢᠪᠴᠠᠭ ᠬᠠᠭᠠᠨᠲᠤ ᠤᠯᠤᠰ ︵ᠠᠯᠲᠠᠨ ᠤᠷᠳᠤᠳᠤ ᠬᠠᠭᠠᠨᠲᠤ ᠤᠯᠤᠰ︶᠂ ᠴᠠᠭᠠᠳᠠᠢ ᠬᠠᠭᠠᠨᠲᠤ ᠤᠯᠤᠰ᠂ ᠦᠭᠡᠳᠡᠢ ᠬᠠᠭᠠᠨᠲᠤ ᠤᠯᠤᠰ᠂ ᠢᠯ ᠬᠠᠭᠠᠨᠲᠤ ᠤᠯᠤᠰ ᠵᠡᠷᠭᠡ ᠳᠦᠷᠪᠡᠨ ᠶᠡᠭᠡ ᠬᠠᠭᠠᠨᠲᠤ ᠤᠯᠤᠰ ᠪᠤᠢ ᠪᠤᠯᠵᠤ᠂ ᠬᠤᠪᠢ ᠬᠤᠪᠢᠨ ᠤ ᠪᠠᠨ ᠡᠷᠬᠡ ᠮᠡᠳᠡᠯ ᠤᠨ ᠬᠡᠪᠴᠢᠶᠡᠨ ᠳᠤ ᠵᠠᠰᠠᠭ ᠶᠠᠪᠤᠭᠤᠯᠤᠭᠰᠠᠨ ᠶᠤᠮ᠃ ᠭᠡᠬᠦ ᠳᠡᠭᠡᠨ ᠲᠡᠦᠬᠡ ᠶᠢᠨ ᠬᠤᠪᠢᠷᠠᠯᠲᠠ ᠬᠦᠭᠵᠢᠯᠲᠡ ᠶᠢ ᠳᠠᠭᠠᠯᠳᠤᠨ ᠬᠦᠭᠵᠢᠨ ᠮᠠᠨᠳᠤᠵᠤ᠂ ᠬᠤᠵᠢᠮ ᠨᠢ ᠶᠡᠭᠡ ᠶᠤᠸᠠᠨ ᠤᠯᠤᠰ ᠤᠨ ᠳᠤᠷᠤᠶᠢᠲᠠᠯ ᠤᠨ ᠨᠦᠯᠦᠭᠡ ᠪᠠᠷ ᠲᠦᠷᠦ ᠶᠢᠨ ᠡᠷᠬᠡ ᠪᠠᠨ ᠬᠠᠷᠠᠮᠰᠠᠯᠲᠠᠢ ᠪᠠᠷ ᠠᠯᠳᠠᠵᠤ ᠲᠦᠷᠦ ᠨᠢ ᠨᠤᠷᠠᠵᠠᠢ᠃        ᠭᠢᠪᠴᠠᠭ ᠬᠠᠭᠠᠨᠲᠤ ᠤᠯᠤᠰ        ᠭᠢᠪᠴᠠᠭ ᠬᠠᠭᠠᠨᠲᠤ ᠤᠯᠤᠰ ᠢ ᠪᠠᠰᠠ ᠠᠯᠲᠠᠨ ᠤᠷᠳᠤᠳᠤ ᠬᠠᠭᠠᠨᠲᠤ ᠤᠯᠤᠰ ᠪᠤᠶᠤ ᠵᠦᠴᠢ ᠶᠢᠨ ᠬᠠᠭᠠᠨᠲᠤ ᠤᠯᠤᠰ ᠭᠡᠳᠡᠭ᠃ ᠴᠢᠩᠭᠢᠰ ᠬᠠᠭᠠᠨ ᠤ ᠶᠡᠭᠡ ᠬᠦᠪᠡᠭᠦᠨ ᠵᠦᠴᠢ ᠶᠢᠨ ᠬᠤᠶᠠᠳᠤᠭᠠᠷ ᠬᠦᠦ ᠪᠠᠲᠤ ᠡᠴᠢᠭᠡ ᠶᠢᠨ ᠢᠶᠠᠨ ᠬᠤᠪᠢ ᠭᠠᠵᠠᠷ ᠢᠶᠠᠷ ᠰᠠᠭᠤᠷᠢ ᠪᠤᠯᠭᠠᠨ ᠪᠠᠶᠢᠭᠤᠯᠤᠭᠰᠠᠨ ᠬᠠᠭᠠᠨᠲᠤ ᠤᠯᠤᠰ ᠶᠤᠮ᠃ ᠭᠢᠪᠴᠠᠭ ᠬᠠᠭᠠᠨᠲᠤ ᠤᠯᠤᠰ ᠪᠤᠯ ᠬᠠᠮᠤᠭ ᠡᠷᠲᠡ ᠪᠠᠶᠢᠭᠤᠯᠤᠭᠳᠠᠭᠰᠠᠨ ᠬᠠᠷᠢᠶᠠᠲᠤ ᠬᠠᠭᠠᠨᠲᠤ ᠤᠯᠤᠰ ᠪᠦᠭᠡᠳ ᠨᠤᠶᠠᠷᠬᠠᠯ ᠤᠨ ᠬᠤᠭᠤᠴᠠᠭ᠎ᠠ ᠪᠠᠷ ᠬᠠᠮᠤᠭ ᠤᠷᠲᠤ ᠬᠠᠭᠠᠨᠲᠤ ᠤᠯᠤᠰ ᠶᠤᠮ᠃ ᠠᠩᠬᠠᠨ ᠤ ᠨᠡᠶᠢᠰᠯᠡᠯ ᠨᠢ ᠤᠳᠤ ᠶᠢᠨ ᠤᠷᠤᠰ ᠤᠨ ᠬᠤᠯᠪᠤᠭᠠᠨ ᠤ ᠤᠯᠤᠰ ᠤᠨ ᠠᠰᠲ᠋ᠠᠷᠬᠠᠨ ᠬᠤᠲᠠ ᠶᠢᠨ ᠤᠶᠢᠷᠠᠯᠴᠠᠭ᠎ᠠ ᠪᠠᠶᠢᠭᠰᠠᠨ ᠪᠠᠲᠤ ᠶᠢᠨ ᠰᠠᠷᠠᠢ ᠬᠤᠲᠠ ᠶᠤᠮ᠃ 1243 ᠤᠨ ᠳᠤ ᠦᠷᠦᠨ᠎ᠡ ᠵᠦᠭ ᠳᠤᠪᠲᠤᠯᠬᠤ ᠪᠠᠨ ᠵᠤᠭᠰᠤᠵᠤ ᠢᠵᠢᠯ ᠮᠦᠷᠡᠨ ︵ᠤᠳᠤ ᠶᠢᠨ ᠸᠤᠯᠭ᠎ᠠ ᠮᠦᠷᠡᠨ︶ ᠤ ᠬᠦᠪᠡᠭᠡᠨ ᠳᠤ ᠭᠢᠪᠴᠠᠭ ᠬᠠᠭᠠᠨᠲᠤ ᠤᠯᠤᠰ ᠢ ᠪᠠᠶᠢᠭᠤᠯᠵᠠᠢ᠃ ᠨᠤᠲᠤᠭ ᠳᠡᠪᠢᠰᠬᠡᠷ ᠨᠢ ᠵᠡᠭᠦᠨ ᠵᠠᠬ᠎ᠠ ᠶᠢᠨ ᠡᠷᠴᠢᠰ ᠮᠦᠷᠡᠨ ᠠᠴᠠ ᠪᠠᠷᠠᠭᠤᠨ ᠲᠠᠯ᠎ᠠ ᠶᠢᠨ ᠤᠷᠤᠰ ᠬᠦᠷᠲᠡᠯ᠎ᠡ᠂ ᠡᠮᠦᠨ᠎ᠡ ᠲᠠᠯ᠎ᠠ ᠶᠢᠨ ᠪᠠᠯᠬᠠᠱ ᠨᠠᠭᠤᠷ᠂ ᠲᠤᠲᠤᠭᠠᠳᠤ ᠲᠠᠩᠭᠢᠰ ᠪᠠ ᠬᠠᠷ᠎ᠠ ᠲᠠᠩᠭᠢᠰ ᠠᠴᠠ ᠬᠤᠶᠢᠲᠤ ᠬᠢᠵᠠᠭᠠᠷ ᠤᠨ ᠲᠤᠶᠢᠯ ᠤᠨ ᠴᠠᠭᠠᠷᠢᠭ ᠲᠤ ᠲᠤᠯᠵᠤ ᠪᠠᠶᠢᠵᠠᠢ᠃ 1480 ᠤᠨ ᠳᠤ ᠤᠷᠤᠰ ᠤᠨ ᠢᠸᠠᠨ ᠭᠤᠷᠪᠠᠳᠤᠭᠠᠷ ᠤᠨ ᠤᠳᠤᠷᠢᠳᠤᠭᠰᠠᠨ ᠮᠤᠰᠺᠧᠨ ᠤᠯᠤᠰ ᠤᠨ ᠴᠡᠷᠢᠭ ᠲᠤ ᠮᠤᠩᠭᠤᠯ ᠴᠡᠷᠢᠭ ᠢᠯᠠᠭᠳᠠᠭᠠᠳ᠂ ᠭᠢᠪᠴᠠᠭ ᠬᠠᠭᠠᠨᠲᠤ ᠤᠯᠤᠰ ᠮᠦᠬᠦᠪᠡ᠃ ᠪᠠᠲᠤ ᠶᠢᠨ ᠬᠤᠶᠢᠴᠢᠰ ᠤᠷᠤᠰ ᠤᠷᠤᠨ ᠢ 270 ᠵᠢᠯ ᠨᠤᠶᠠᠷᠬᠠᠵᠤ᠂ 58 ᠬᠠᠭᠠᠨ ᠰᠠᠭᠤᠷᠢᠨ᠎ᠠ ᠰᠠᠭᠤᠵᠠᠢ᠃        ᠪᠠᠲᠤ ᠬᠠᠭᠠᠨ ᠤ ᠡᠴᠢᠭᠡ ᠵᠦᠴᠢ ᠬᠠᠭᠠᠨ ᠪᠤᠯ ᠬᠢᠶᠠᠨ ᠠᠶᠢᠮᠠᠭ ᠤᠨ ᠪᠤᠷᠵᠢᠭᠢᠨ ᠤᠪᠤᠭᠲᠠᠨ᠃ ᠴᠢᠩᠭᠢᠰ ᠬᠠᠭᠠᠨ ᠤ ᠤᠤᠭᠠᠨ ᠬᠦᠪᠡᠭᠦᠨ᠃ 1178 ᠤᠨ ᠳᠤ ᠲᠦᠷᠦᠵᠦ᠂ 1227 ᠤᠨ ᠳᠤ ᠨᠠᠰᠤ ᠪᠠᠷᠠᠵᠠᠢ᠃ ᠲᠡᠷᠡ ᠬᠠᠭᠠᠨ ᠡᠴᠢᠭᠡ ᠪᠠᠨ ᠳᠠᠭᠠᠵᠤ ᠤᠯᠠᠨ ᠤᠳᠠᠭ᠎ᠠ ᠶᠢᠨ ᠳᠠᠶᠢᠨ ᠲᠤᠯᠤᠯᠳᠤᠭᠠᠨ ᠳᠤ ᠶᠠᠪᠤᠭᠰᠠᠨ ᠪᠤᠯᠪᠠᠴᠤ ᠬᠦᠴᠦᠷᠬᠡᠭᠯᠡᠯ ᠢᠶᠠᠷ ᠪᠢᠰᠢ ᠶᠤᠰᠤ ᠪᠠᠷ ᠤᠷᠤᠭᠤᠯᠤᠨ ᠠᠪᠬᠤ ᠶᠢ ᠡᠷᠬᠢᠮᠯᠡᠳᠡᠭ ᠪᠠᠶᠢᠵᠠᠢ᠃ ᠴᠢᠩᠭᠢᠰ ᠬᠠᠭᠠᠨ ᠡᠵᠡᠯᠡᠭᠰᠡᠨ ᠰᠠᠷᠲᠠᠭᠤᠯ ᠤᠯᠤᠰ ᠢ ᠵᠦᠴᠢ ᠶᠢᠨ ᠮᠡᠳᠡᠯ ᠳᠤ ᠦᠭᠴᠦ᠂ ᠤᠯᠠᠮ ᠢᠶᠠᠷ ᠲᠡᠷᠡ ᠤᠯᠤᠰ ᠨᠢ ᠵᠦᠴᠢ ᠶᠢᠨ ᠤᠯᠤᠰ ᠪᠤᠯᠵᠠᠢ᠃ ᠪᠠᠲᠤ ᠪᠤᠯ ᠵᠦᠴᠢ ᠶᠢᠨ ᠬᠤᠶᠠᠳᠤᠭᠠᠷ ᠬᠦᠪᠡᠭᠦᠨ᠃ 1209 ᠤᠨ ᠳᠤ ᠲᠦᠷᠦᠵᠡᠢ᠃ 1235 ᠤᠨ ᠳᠤ᠂ ᠦᠭᠡᠳᠡᠢ ᠬᠠᠭᠠᠨ ︽ᠠᠬᠠᠮᠠᠳ ᠬᠦᠪᠡᠭᠦᠳ ᠤᠨ ᠪᠠᠷᠠᠭᠤᠨᠰᠢ ᠠᠶᠠᠯᠠᠭᠰᠠᠨ ᠳᠠᠶᠢᠨ︾ ᠢ ᠵᠤᠬᠢᠶᠠᠨ ᠪᠠᠶᠢᠭᠤᠯᠬᠤ ᠳᠤ ᠪᠠᠲᠤ ᠪᠤᠯ ᠶᠡᠷᠦᠩᠬᠡᠢ ᠵᠠᠬᠢᠷᠤᠭᠴᠢ ᠪᠢᠯᠡ᠃ ᠪᠠᠲᠤ ᠶᠢᠨ ᠵᠠᠬᠢᠷᠤᠭᠰᠠᠨ ᠠᠬᠠᠮᠠᠳ ᠬᠦᠪᠡᠭᠦᠳ ᠤᠨ ᠰᠦᠷ ᠵᠢᠪᠬᠤᠭ᠎ᠠ ᠲᠠᠢ ᠡᠨᠡ ᠤᠳᠠᠭᠠᠨ ᠤ ᠠᠶᠠᠨ ᠳᠠᠶᠢᠨ ︵ᠪᠦᠬᠦ ᠴᠡᠷᠢᠭ ᠤᠨ ᠲᠤᠭ᠎ᠠ ᠨᠢ 12 ᠲᠦᠮᠡ ᠪᠠᠶᠢᠪᠠ︶ ᠪᠤᠯ ᠦᠭᠡᠳᠡᠢ ᠬᠠᠭᠠᠨ ᠤ ᠦᠶᠡᠰ ᠲᠠᠬᠢ ᠬᠠᠮᠤᠭ ᠤᠨ ᠰᠦᠷ ᠳᠠᠯᠠᠶᠢᠴᠠᠲᠠᠢ ᠪᠦᠭᠡᠳ ᠬᠠᠮᠤᠭ ᠠᠴᠠ ᠠᠮᠵᠢᠯᠲᠠ ᠤᠯᠤᠭᠰᠠᠨ ᠨᠢᠭᠡ ᠤᠳᠠᠭᠠᠨ ᠤ ᠠᠶᠠᠨ ᠳᠠᠶᠢᠨ ᠮᠦᠨ᠃ 1236-1242 ᠤᠨ ᠪᠤᠯᠲᠠᠯ᠎ᠠ᠂ ᠠᠶᠠᠨ ᠳᠠᠶᠢᠨ ᠨᠢ ᠦᠷᠡᠯ ᠭᠤᠤᠯ ᠠᠴᠠ ᠪᠠᠷᠠᠭᠤᠨᠰᠢᠬᠢ ᠢᠵᠢᠯ ᠮᠦᠷᠡᠨ ᠤ ᠰᠠᠪᠠ ᠭᠠᠵᠠᠷ ᠤᠨ ᠭᠢᠪᠴᠠᠭ᠂ ᠬᠠᠩᠭᠠᠷᠢ ᠵᠡᠷᠭᠡ ᠤᠭᠰᠠᠭᠠᠲᠠᠨ ᠢ ᠳᠠᠶᠢᠯᠠᠨ ᠳᠠᠭᠠᠭᠤᠯᠵᠤ᠂ ᠤᠷᠤᠰ ᠤᠯᠤᠰ ᠢ ᠡᠵᠡᠯᠡᠭᠡᠳ᠂ ᠪᠤᠯᠭᠠᠷᠢᠶ᠎ᠠ ᠶᠢᠨ ᠬᠢᠯᠢ ᠳᠤ ᠴᠦᠮᠦᠷᠡᠨ ᠤᠷᠤᠵᠠᠢ᠃ ᠡᠨᠡ ᠤᠳᠠᠭᠠᠨ ᠤ ᠪᠠᠷᠠᠭᠤᠨᠰᠢ ᠳᠠᠶᠢᠯᠠᠭᠰᠠᠨ ᠳᠠᠶᠢᠨ ᠨᠢ ᠭᠢᠪᠴᠠᠭ ᠬᠠᠭᠠᠨᠲᠤ ᠤᠯᠤᠰ ︵ᠪᠠᠰᠠ ᠠᠯᠲᠠᠨ ᠤᠷᠳᠤᠳᠤ ᠬᠠᠭᠠᠨᠲᠤ ᠤᠯᠤᠰ ᠭᠡᠳᠡᠭ︶ ᠤᠨ ᠰᠠᠭᠤᠷᠢ ᠶᠢ ᠲᠠᠯᠪᠢᠭᠰᠠᠨ ᠶᠤᠮ᠃        ᠴᠠᠭᠠᠳᠠᠢ ᠬᠠᠭᠠᠨᠲᠤ ᠤᠯᠤᠰ        ᠴᠠᠭᠠᠳᠠᠢ ᠬᠠᠭᠠᠨᠲᠤ ᠤᠯᠤᠰ ᠪᠤᠯ ᠴᠢᠩᠭᠢᠰ ᠬᠠᠭᠠᠨ ᠤ ᠬᠤᠶᠠᠳᠤᠭᠠᠷ ᠬᠦᠪᠡᠭᠦᠨ ᠴᠠᠭᠠᠳᠠᠢ ᠦᠪᠡᠷ ᠤᠨ ᠬᠤᠪᠢ ᠭᠠᠵᠠᠷ ᠢᠶᠠᠷ ᠰᠠᠭᠤᠷᠢᠯᠠᠵᠤ᠂ ᠲᠦᠪ ᠠᠽᠢᠶ᠎ᠠ ᠤᠷᠤᠨ ᠳᠤ ᠪᠠᠶᠢᠭᠤᠯᠤᠭᠰᠠᠨ ᠮᠤᠩᠭᠤᠯ ᠲᠦᠷᠦ ᠪᠤᠯᠤᠨ᠎ᠠ᠃ ᠨᠡᠶᠢᠰᠯᠡᠯ ᠨᠢ ᠠᠯᠢᠮᠠᠯᠢᠭ ︵ᠰᠢᠨᠵᠢᠶᠠᠩ ᠤᠨ ᠡᠾᠦ᠋ᠸᠧ ᠴᠧᠩ ᠰᠢᠶᠠᠨ ᠳᠤ ᠪᠤᠢ︶ ᠪᠤᠯᠤᠨ᠎ᠠ᠃ ᠨᠤᠲᠤᠭ ᠳᠡᠪᠢᠰᠬᠡᠷ  ᠨᠢ ᠬᠠᠮᠤᠭ ᠶᠡᠭᠡ ᠦᠶ᠎ᠡ ᠳᠡᠭᠡᠨ ᠵᠡᠭᠦᠨ ᠬᠢᠯᠢ ᠨᠢ ᠳᠦᠷᠹᠠᠨ᠂ ᠯᠤᠪᠤᠨ ᠨᠠᠭᠤᠷ᠂ ᠪᠠᠷᠠᠭᠤᠨ ᠬᠢᠵᠠᠭᠠᠷ ᠨᠢ ᠠᠮᠤ ᠮᠦᠷᠡᠨ᠂ ᠬᠤᠶᠢᠲᠤ ᠵᠠᠬ᠎ᠠ ᠨᠢ ᠲᠠᠷᠪᠠᠭᠠᠳᠠᠢ᠂ ᠡᠮᠦᠨ᠎ᠡ ᠲᠠᠯ᠎ᠠ ᠨᠢ ᠡᠾᠦ᠋ᠩᠳᠦ᠋ᠭᠦᠰ ᠠᠭᠤᠯᠠ ᠶᠢ ᠳᠠᠪᠠᠵᠤ ᠪᠠᠶᠢᠵᠠᠢ᠃ ᠴᠠᠭᠠᠳᠠᠢ ᠬᠠᠭᠠᠨᠲᠤ ᠤᠯᠤᠰ ᠨᠢ ᠰᠤᠶᠤᠯ ᠦᠨᠳᠦᠷ᠂ ᠪᠠᠶᠠᠨ ᠴᠢᠨᠡᠭᠡᠯᠢᠭ ᠰᠠᠷᠲᠠᠭᠤᠯ ᠤᠷᠤᠨ ᠢ ᠨᠤᠶᠠᠷᠬᠠᠵᠤ ᠪᠠᠶᠢᠭᠰᠠᠨ ᠪᠤᠯᠬᠤᠷ ᠨᠢᠭᠡᠨ ᠦᠶ᠎ᠡ ᠭᠠᠶᠢᠬᠠᠮᠰᠢᠭᠲᠠᠢ ᠬᠦᠴᠦᠷᠬᠡᠭᠵᠢᠭᠰᠡᠨ ᠶᠤᠮ᠃ ᠭᠡᠪᠡᠴᠦ ᠴᠠᠭᠠᠳᠠᠢ ᠨᠠᠰᠤ ᠪᠠᠷᠠᠭᠰᠠᠨ ᠤ ᠳᠠᠷᠠᠭ᠎ᠠ ᠲᠤᠲᠤᠭᠠᠳᠤ ᠳᠠᠭᠠᠨ ᠡᠷᠬᠡ ᠪᠤᠯᠢᠶᠠᠯᠳᠤᠬᠤ ᠲᠡᠮᠡᠴᠡᠯ ᠶᠠᠪᠤᠬᠤ ᠲᠤᠳᠤᠮ ᠰᠢᠷᠦᠭᠦᠰᠴᠦ᠂ ᠭᠠᠳᠠᠭᠠᠳᠤ ᠳᠠᠭᠠᠨ ᠤᠤᠯᠭᠠᠯᠠᠬᠤ ᠪᠤᠳᠤᠯᠭ᠎ᠠ ᠠᠪᠴᠤ᠂ ᠢᠯ ᠬᠠᠭᠠᠨᠲᠤ ᠤᠯᠤᠰ ᠲᠠᠢ ᠳᠠᠶᠢᠳᠤᠵᠤ᠂ ᠦᠭᠡᠳᠡᠢ ᠬᠠᠭᠠᠨᠲᠤ ᠤᠯᠤᠰ ᠢ ᠵᠠᠯᠭᠢᠵᠤ᠂ ᠶᠡᠭᠡ ᠶᠤᠸᠠᠨ ᠤᠯᠤᠰ ᠤᠨ ᠬᠢᠯᠢ ᠶᠢ ᠳᠠᠶᠢᠰᠤᠩᠨᠠᠵᠤ᠂ ᠮᠤᠩᠭᠤᠯ ᠬᠠᠭᠠᠨᠲᠤ ᠤᠯᠤᠰ ᠤᠨ ᠨᠢᠭᠡᠳᠦᠮᠡᠯ ᠴᠤᠭᠴᠠ ᠶᠢ ᠬᠤᠬᠢᠷᠠᠭᠤᠯᠤᠭᠰᠠᠨ ᠪᠠᠶᠢᠪᠠ᠃ 1370 ᠤᠨ ᠳᠤ ᠴᠠᠭᠠᠳᠠᠢ ᠬᠠᠭᠠᠨᠲᠤ ᠤᠯᠤᠰ ᠨᠢ ︽ᠲᠡᠮᠦᠷ ᠬᠠᠭᠠᠨᠲᠤ ᠤᠯᠤᠰ︾ ᠢᠶᠠᠷ ᠤᠷᠤᠯᠠᠭᠳᠠᠪᠠ᠃ ᠴᠠᠭᠠᠳᠠᠢ ᠬᠠᠭᠠᠨᠲᠤ ᠤᠯᠤᠰ 120 ᠵᠢᠯ ᠲᠤᠭᠲᠠᠨᠢᠵᠤ᠂ 35 ᠦᠶ᠎ᠡ ᠶᠢᠨ ᠬᠠᠭᠠᠨ ᠢ ᠦᠩᠭᠡᠷᠡᠭᠡᠪᠡ᠃        ᠴᠠᠭᠠᠳᠠᠢ ᠬᠠᠭᠠᠨ ᠬᠢᠶᠠᠨ ᠠᠶᠢᠮᠠᠭ ᠤᠨ ᠪᠤᠷᠵᠢᠭᠢᠨ ᠤᠪᠤᠭᠲᠠᠨ᠃ ᠮᠤᠩᠭᠤᠯ ᠤᠨ ᠡᠵᠡᠨᠲᠦ ᠤᠯᠤᠰ ᠤᠨ ᠪᠦᠷᠢᠯᠳᠦᠭᠦᠨ ᠳᠤ ᠪᠠᠭᠲᠠᠵᠤ ᠪᠠᠶᠢᠭᠰᠠᠨ ᠴᠠᠭᠠᠳᠠᠢ ᠤᠯᠤᠰ ᠤᠨ ᠡᠵᠡᠨ᠂ ᠴᠢᠩᠭᠢᠰ ᠬᠠᠭᠠᠨ ᠤ ᠬᠤᠶᠠᠳᠤᠭᠠᠷ ᠬᠦᠦ᠃ 1227-1242 ᠪᠤᠯᠲᠠᠯ᠎ᠠ ᠲᠦᠷᠦ ᠪᠠᠷᠢᠵᠤ ᠪᠠᠶᠢᠪᠠ᠃ ᠲᠡᠷᠡ ᠬᠠᠭᠠᠨ ᠡᠴᠢᠭᠡ ᠪᠠᠨ ᠳᠠᠭᠠᠵᠤ᠂ ᠬᠢᠲᠠᠳ᠂ ᠬᠤᠷᠽᠠᠮ ᠤᠯᠤᠰ ᠢ ᠳᠠᠭᠠᠭᠤᠯᠬᠤ ᠠᠶᠠᠨ ᠳᠠᠶᠢᠨ ᠳᠤ ᠤᠷᠤᠯᠴᠠᠵᠠᠢ᠃ ᠴᠢᠩᠭᠢᠰ ᠬᠠᠭᠠᠨ 1224 ᠤᠨ ᠳᠤ ᠳᠦᠷᠪᠡᠨ ᠬᠦᠪᠡᠭᠦᠨ ᠳᠡᠭᠡᠨ ᠡᠵᠡᠯᠡᠭᠰᠡᠨ ᠭᠠᠵᠠᠷ ᠤᠷᠤᠨ ᠢᠶᠠᠨ ᠬᠤᠪᠢᠶᠠᠬᠤ ᠳᠠᠭᠠᠨ ᠴᠠᠭᠠᠳᠠᠢ ᠬᠦᠦ ᠳᠡᠭᠡᠨ ᠳᠤᠮᠳᠠᠳᠤ ᠠᠽᠢᠶ᠎ᠠ ᠶᠢᠨ ᠦᠷᠭᠡᠨ ᠠᠭᠤᠳᠠᠮ ᠨᠤᠲᠤᠭ ᠢ ᠡᠵᠡᠮᠰᠢᠯ ᠪᠤᠯᠭᠠᠨ ᠦᠭᠴᠡᠢ᠃ ᠴᠠᠭᠠᠳᠠᠢ ᠶᠢᠨ ᠤᠷᠳᠤᠨ ᠢᠯᠢ ᠶᠢᠨ ᠬᠦᠨᠳᠡᠢ ᠳᠤ ᠪᠠᠶᠢᠭᠰᠠᠨ ᠪᠤᠯᠪᠠᠴᠤ ᠲᠡᠷᠡ ᠦᠪᠡᠷ ᠢᠶᠠᠨ ᠶᠡᠬᠡᠪᠴᠢᠯᠡᠨ ᠦᠭᠡᠳᠡᠢ ᠬᠠᠭᠠᠨ ᠤ ᠤᠷᠳᠤᠨ ᠳᠤ ᠰᠠᠭᠤᠳᠠᠭ ᠪᠠᠶᠢᠪᠠ᠃ ᠴᠠᠭᠠᠳᠠᠢ ᠬᠠᠭᠠᠨ ︽ᠴᠢᠩᠭᠢᠰ ᠤᠨ ᠶᠡᠭᠡ ᠵᠠᠰᠠᠭ︾ ᠢ ᠤᠯᠤᠰ ᠤᠨ ᠢᠶᠠᠨ ᠲᠤᠲᠤᠷ᠎ᠠ ᠴᠢᠩᠳᠠᠯᠠᠨ ᠶᠠᠪᠤᠭᠤᠯᠵᠤ ᠪᠠᠶᠢᠭᠰᠠᠨ ᠢᠶᠠᠷ ᠢᠶᠠᠨ ᠨᠡᠷ᠎ᠡ ᠭᠠᠷᠴᠠᠢ᠃ ᠴᠠᠭᠠᠳᠠᠢ ᠬᠠᠭᠠᠨ ᠮᠤᠩᠭᠤᠯ ᠬᠠᠤᠯᠢ᠂ ᠶᠤᠰᠤ ᠵᠠᠩᠰᠢᠯ ᠢᠶᠠᠨ ᠳᠡᠭᠡᠳᠦᠯᠡᠨ ᠯᠠᠯᠤ ᠶᠢᠨ ᠱᠠᠰᠢᠨ ᠤ ᠵᠠᠷᠢᠮ ᠭᠠᠵᠢᠭᠤ ᠶᠢ ᠬᠠᠲᠠᠭᠤ ᠴᠢᠩᠭ᠎ᠠ ᠬᠤᠷᠢᠭᠯᠠᠵᠤ ᠪᠠᠶᠢᠪᠠ᠃ ᠴᠠᠭᠠᠳᠠᠢ ᠬᠠᠭᠠᠨ ᠪᠠᠰᠠ ᠵᠠᠮ ᠵᠠᠰᠠᠬᠤ᠂ ᠬᠦᠭᠦᠷᠭᠡ ᠲᠠᠯᠪᠢᠬᠤ ᠶᠢ ᠶᠡᠬᠡᠲᠡ ᠠᠩᠬᠠᠷᠴᠤ᠂ ᠠᠷᠠᠳ ᠤᠨ ᠠᠮᠢᠳᠤᠷᠠᠯ ᠢ ᠳᠡᠭᠡᠭᠰᠢᠯᠡᠭᠦᠯᠵᠦ ᠪᠠᠶᠢᠪᠠ᠃        ᠦᠭᠡᠳᠡᠢ ᠬᠠᠭᠠᠨᠲᠤ ᠤᠯᠤᠰ        ᠦᠭᠡᠳᠡᠢ ᠬᠠᠭᠠᠨ ᠤ ᠬᠤᠶᠠᠳᠤᠭᠠᠷ ᠬᠦᠪᠡᠭᠦᠨ ᠬᠠᠶᠢᠳᠤ ᠸᠠᠩ᠂ ᠡᠴᠢᠭᠡ ᠶᠢᠨ ᠢᠶᠠᠨ ᠬᠤᠪᠢ ᠭᠠᠵᠠᠷ ᠢᠶᠠᠷ ᠰᠠᠭᠤᠷᠢ ᠪᠤᠯᠭᠠᠨ ᠳᠦᠷᠮᠡᠨ ᠠᠴᠠ ᠺᠠᠱᠠᠭᠠᠷ ᠬᠦᠷᠬᠦ ᠦᠷᠭᠡᠨ ᠠᠭᠤᠳᠠᠮ ᠨᠤᠲᠤᠭ ᠲᠤ ᠪᠠᠶᠢᠭᠤᠯᠤᠭᠰᠠᠨ ᠤᠯᠤᠰ ᠢ ᠦᠭᠡᠳᠡᠢ ᠬᠠᠭᠠᠨᠲᠤ ᠤᠯᠤᠰ ᠭᠡᠳᠡᠭ᠃ ᠨᠡᠶᠢᠰᠯᠡᠯ ᠨᠢ ᠺᠠᠷᠠᠯᠢᠭ ᠬᠤᠲᠠ ︵ᠠᠯᠢᠮᠠᠯᠢᠭ ᠬᠤᠲᠠ ᠶᠢᠨ ᠪᠠᠷᠠᠭᠤᠨᠳᠠᠢ︶ ᠪᠤᠯᠤᠨ᠎ᠠ᠃ ᠶᠡᠭᠡ ᠮᠤᠩᠭᠤᠯ ᠤᠨ ᠡᠬᠢᠨ ᠤ ᠦᠶᠡᠰ᠂ ᠴᠢᠩᠭᠢᠰ ᠬᠠᠭᠠᠨ᠂ ᠡᠮᠢᠯ ︵ᠤᠳᠤ ᠶᠢᠨ ᠰᠢᠨᠵᠢᠶᠠᠩ ᠤᠨ ᠬᠤᠪᠤᠭᠰᠠᠶᠢᠷ ᠤᠨ ᠡᠸ᠋ ᠮᠢᠨ ᠰᠢᠶᠠᠨ︶᠂ ᠬᠤᠪᠤᠭᠰᠠᠶᠢᠷ ︵ᠤᠳᠤ ᠶᠢᠨ ᠰᠢᠨᠵᠢᠶᠠᠩ ᠤᠨ ᠬᠤᠪᠤᠭᠰᠠᠶᠢᠷ ᠤᠨ ᠮᠤᠩᠭᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ︶ ᠤᠷᠤᠨ ᠢ ᠦᠭᠡᠳᠡᠢ ᠳᠤ ᠬᠤᠪᠢ ᠪᠤᠯᠭᠠᠨ ᠦᠭᠴᠡᠢ᠃ ᠦᠭᠡᠳᠡᠢ ᠶᠡᠭᠡ ᠬᠠᠭᠠᠨ ᠪᠤᠯᠤᠭᠰᠠᠨ ᠤ ᠳᠠᠷᠠᠭ᠎ᠠ ᠬᠦᠪᠡᠭᠦᠨ ᠬᠦᠳᠡᠨ ᠨᠢ ᠬᠠᠰᠢᠨ ᠤᠷᠤᠨ ︵ᠬᠠᠲᠤᠨ ᠭᠤᠤᠯ ᠠᠴᠠ ᠪᠠᠷᠠᠭᠤᠨᠰᠢ ᠤᠷᠤᠨ︶ ᠢ ᠵᠠᠬᠢᠷᠴᠤ ᠪᠠᠶᠢᠪᠠ᠃ ᠡᠬᠢᠨ ᠤ ᠦᠶᠡᠰ ᠡᠮᠢᠯ ᠳᠤ ᠨᠡᠶᠢᠰᠯᠡᠵᠦ᠂ ᠬᠤᠵᠢᠮ ᠨᠢ ᠬᠠᠶᠠᠯᠢ ︵ᠤᠳᠤ ᠶᠢᠨ ᠬᠠᠰᠠᠭ ᠤᠯᠤᠰ ᠤᠨ ᠬᠢᠵᠠᠭᠠᠷ ᠲᠤ ᠪᠤᠢ︶ ᠳᠤ ᠰᠢᠯᠵᠢᠪᠡ᠃        ᠬᠠᠶᠢᠳᠤ ᠬᠠᠭᠠᠨ ᠤ ᠬᠦᠪᠡᠭᠦᠨ ᠴᠡᠪᠡᠷ ᠤᠷᠤ ᠵᠠᠯᠭᠠᠮᠵᠢᠯᠠᠭᠰᠠᠨ ᠤ ᠳᠠᠷᠠᠭ᠎ᠠ ᠲᠤᠲᠤᠭᠠᠳᠤ ᠶᠢᠨ ᠡᠷᠬᠡ ᠠᠰᠢᠭ ᠤᠨ ᠰᠠᠮᠠᠭᠤᠷᠠᠯ ᠳᠡᠭᠳᠡᠵᠦ᠂ ᠬᠠᠭᠠᠨᠲᠤ ᠤᠯᠤᠰ ᠤᠨ ᠬᠦᠴᠦᠨ ᠶᠡᠬᠡᠪᠡᠷ ᠪᠠᠭᠤᠷᠠᠵᠠᠢ᠃ ᠬᠤᠵᠢᠮ ᠨᠢ ᠶᠡᠬᠡᠩᠬᠢ ᠭᠠᠵᠠᠷ ᠨᠤᠲᠤᠭ ᠨᠢ ᠴᠠᠭᠠᠳᠠᠢ ᠬᠠᠭᠠᠨᠲᠤ ᠤᠯᠤᠰ ᠤᠨ ᠠᠷᠪᠠᠨ ᠨᠢᠭᠡᠳᠦᠭᠡᠷ ᠦᠶ᠎ᠡ ᠶᠢᠨ ᠬᠠᠭᠠᠨ ᠡᠰᠡᠨᠪᠤᠬ᠎ᠠ ᠳᠤ ᠡᠵᠡᠯᠡᠭᠳᠡᠭᠡᠳ᠂ ᠦᠭᠡᠳᠡᠢ ᠬᠠᠭᠠᠨᠲᠤ ᠤᠯᠤᠰ ᠲᠡᠦᠬᠡᠨ ᠠᠴᠠ ᠪᠠᠯᠠᠷᠠᠵᠠᠢ᠃ ᠦᠭᠡᠳᠡᠢ ᠬᠠᠭᠠᠨᠲᠤ ᠤᠯᠤᠰ ᠲᠠᠪᠢ ᠭᠠᠷᠤᠢ ᠵᠢᠯ ᠦᠷᠭᠦᠯᠵᠢᠯᠡᠵᠦ᠂ ᠭᠤᠷᠪᠠᠨ ᠦᠶ᠎ᠡ ᠶᠢᠨ ᠬᠠᠭᠠᠨ ᠤᠯᠠᠷᠢᠪᠠ᠃        ᠬᠠᠶᠢᠳᠤ ᠪᠤᠯ ᠦᠭᠡᠳᠡᠢ ᠬᠠᠭᠠᠨ ᠤ ᠤᠮᠪᠤᠯᠤ ᠬᠦᠪᠡᠭᠦᠨ ᠶᠤᠮ᠂ ᠲᠡᠭᠦᠨ ᠤ ᠡᠴᠢᠭᠡ ᠬᠠᠰᠢ ᠨᠢ ᠡᠷᠲᠡ ᠨᠠᠰᠤ ᠪᠠᠷᠠᠭᠰᠠᠨ ᠲᠤᠯᠠ ᠬᠠᠶᠢᠳᠤ ᠰᠠᠭᠤᠷᠢᠨ ᠢ ᠨᠢ ᠵᠠᠯᠭᠠᠮᠵᠢᠯᠠᠵᠤ᠂ 1252 ᠤᠨ ᠳᠤ ᠦᠭᠡᠳᠡᠢ ᠬᠠᠭᠠᠨᠲᠤ ᠤᠯᠤᠰ ᠤᠨ ᠡᠵᠡᠨ ᠪᠤᠯᠪᠠ᠃ ᠬᠤᠪᠢᠯᠠᠢ᠂ ᠠᠷᠢᠭᠪᠤᠬ᠎ᠠ ᠶᠢᠨ ᠲᠡᠮᠡᠴᠡᠭᠡᠨ ᠤ ᠳᠤᠮᠳᠠ᠂ ᠬᠠᠶᠢᠳᠤ ᠠᠷᠢᠭᠪᠤᠬ᠎ᠠ ᠶᠢ ᠳᠡᠮᠵᠢᠵᠦ ᠪᠠᠶᠢᠪᠠ᠃ ᠠᠷᠢᠭᠪᠤᠬ᠎ᠠ ᠶᠢᠨ ᠰᠠᠮᠠᠭᠤᠨ ᠢ ᠳᠠᠷᠤᠭᠰᠠᠨ ᠤ ᠳᠠᠷᠠᠭ᠎ᠠ᠂ ᠬᠤᠪᠢᠯᠠᠢ ᠤᠯᠠᠨ ᠤᠳᠠᠭ᠎ᠠ ᠡᠯᠴᠢ ᠢᠯᠡᠭᠡᠵᠦ᠂ ᠬᠠᠶᠢᠳᠤ ᠶᠢ ︽ᠲᠦᠷᠦ ᠳᠤ ᠪᠠᠷᠠᠯᠬᠠᠬᠤ ᠪᠠᠷ ᠢᠷᠡᠲᠦᠭᠡᠢ︕︾ ᠭᠡᠵᠦ ᠳᠠᠭᠤᠳᠠᠪᠠ᠃ ᠭᠡᠪᠡᠴᠦ ᠬᠠᠶᠢᠳᠤ ︽ᠮᠤᠷᠢ ᠡᠴᠡᠩᠬᠡᠢ᠂ ᠵᠠᠮ ᠬᠤᠯᠠ︾ ᠭᠡᠮᠡᠨ ᠰᠢᠯᠲᠠᠭᠯᠠᠭᠠᠳ ᠶᠡᠷᠦ ᠤᠴᠢᠭᠰᠠᠨ ᠦᠭᠡᠢ ᠪᠠᠶᠢᠯ᠎ᠠ᠃ ᠬᠤᠪᠢᠯᠠᠢ ᠬᠠᠭᠠᠨ᠂ ᠬᠠᠶᠢᠳᠤ ᠶᠢᠨ ᠤᠨᠳᠤᠤ ᠰᠠᠨᠠᠭ᠎ᠠ ᠡᠪᠦᠷᠯᠡᠵᠦ ᠪᠠᠶᠢᠬᠤ ᠶᠢ ᠮᠡᠳᠡᠵᠦ ᠪᠠᠶᠢᠬᠤ ᠪᠤᠯᠪᠠᠴᠤ ᠶᠡᠯ᠎ᠡ ᠠᠰᠠᠭᠤᠭᠰᠠᠨ ᠦᠭᠡᠢ ᠮᠦᠷᠲᠡᠭᠡᠨ ᠤᠳᠠᠭ᠎ᠠ ᠳᠠᠷᠠᠭ᠎ᠠ ᠬᠦᠨᠳᠦ ᠬᠡᠰᠢᠭ ᠬᠦᠷᠲᠡᠭᠡᠵᠦ ᠪᠠᠶᠢᠭᠰᠠᠨ ᠶᠤᠮ᠃ ᠭᠡᠪᠡᠴᠦ ᠤᠳᠠᠯ ᠦᠭᠡᠢ ᠬᠠᠶᠢᠳᠤ ᠪᠠᠰᠠ ᠵᠦᠴᠢ ᠪᠠ ᠦᠭᠡᠳᠡᠢ ᠶᠢᠨ ᠤᠭᠰᠠᠭ᠎ᠠ ᠶᠢᠨ ᠸᠠᠩ ᠨᠠᠷ ᠲᠠᠢ ᠬᠤᠯᠪᠤᠭᠠᠯᠠᠵᠤ ᠬᠤᠪᠢᠯᠠᠢ ᠶᠢ ᠡᠰᠡᠷᠭᠦᠴᠡᠵᠡᠢ᠃ ᠬᠤᠪᠢᠯᠠᠢ ᠬᠠᠭᠠᠨ ᠨᠠᠰᠤ ᠪᠠᠷᠠᠲᠠᠯ᠎ᠠ ᠬᠠᠶᠢᠳᠤ ᠶᠢᠨ ᠤᠷᠪᠠᠯᠭᠠᠨ ᠢ ᠳᠠᠷᠤᠩᠭᠤᠶᠢᠯᠠᠵᠤ ᠴᠢᠳᠠᠭᠰᠠᠨ ᠦᠭᠡᠢ᠃ ᠬᠡᠵᠢᠶ᠎ᠡ ᠬᠤᠶᠢᠨ᠎ᠠ᠂ 1301 ᠤᠨ ᠳᠤ᠂ ᠬᠠᠶᠢᠳᠤ ᠶᠤᠸᠠᠨ ᠤ ᠴᠡᠷᠢᠭ ᠲᠤ ᠳᠡᠶᠢᠯᠦᠭᠳᠡᠨ ᠰᠢᠷᠬ᠎ᠠ ᠤᠯᠵᠤ ᠨᠠᠰᠤ ᠪᠠᠷᠠᠭᠰᠠᠨ ᠪᠠ ᠬᠠᠶᠢᠳᠤ ᠶᠢᠨ ᠬᠦᠪᠡᠭᠦᠨ ᠴᠡᠪᠡᠷ ᠶᠤᠸᠠᠨ ᠤᠯᠤᠰ ᠲᠤ ᠪᠠᠭᠤᠵᠤ ᠦᠭᠭᠦᠭᠰᠡᠨ ᠢᠶᠠᠷ ᠡᠨᠡ ᠶᠠᠪᠤᠳᠠᠯ ᠳᠠᠭᠤᠰᠴᠠᠢ᠃        ᠬᠠᠶᠢᠳᠤ᠂ ᠬᠤᠪᠢᠯᠠᠢ ᠶᠢ ᠡᠰᠡᠷᠭᠦᠴᠡᠭᠰᠡᠨ ᠨᠢ ᠬᠤᠶᠠᠷ ᠵᠦᠢᠯ ᠤᠨ ᠰᠢᠯᠲᠠᠭᠠᠨ ᠪᠠᠶᠢᠳᠠᠭ᠄ ᠨᠢᠭᠡ ᠨᠢ ᠮᠤᠩᠭᠤᠯ ᠤᠨ ᠬᠠᠭᠠᠨ ᠰᠠᠭᠤᠷᠢᠨ ᠦᠭᠡᠳᠡᠢ ᠬᠠᠭᠠᠨ ᠤ ᠬᠤᠶᠢᠴᠢᠰ ᠪᠤᠯᠬᠤ ᠦᠪᠡᠷ ᠤᠨ ᠪᠡᠶ᠎ᠡ ᠳᠤᠨᠢ ᠢᠷᠡᠪᠡᠯ ᠵᠤᠬᠢᠨ᠎ᠠ ᠭᠡᠵᠦ ᠦᠵᠡᠵᠡᠢ᠃ ᠬᠤᠶᠠᠷ ᠲᠤ᠂ ᠬᠤᠪᠢᠯᠠᠢ ᠮᠤᠩᠭᠤᠯ ᠤᠨ ᠬᠠᠭᠠᠨ ᠰᠠᠭᠤᠬᠤ ᠵᠤᠷᠰᠢᠯ ᠢ ᠡᠪᠳᠡᠵᠦ᠂ ᠶᠡᠭᠡ ᠰᠠᠭᠤᠷᠢᠨ ᠳᠤ ᠭᠠᠷᠤᠭᠰᠠᠨ ᠢᠶᠠᠷ ᠪᠠᠷᠠᠬᠤ ᠦᠭᠡᠢ ᠬᠢᠲᠠᠳ ᠤᠨ ᠰᠤᠶᠤᠯ ᠢ ᠬᠦᠯᠢᠶᠡᠭᠰᠡᠨ ᠢ ᠡᠰᠡᠷᠭᠦᠴᠡᠵᠡᠢ ︵ᠲᠤᠬᠠᠢ ᠶᠢᠨ ᠦᠶᠡᠰ ᠮᠤᠩᠭᠤᠯ ᠤᠨ ᠤᠯᠠᠩᠬᠢ ᠲᠤᠭᠠᠨ ᠤ ᠶᠡᠬᠡᠰ ᠢᠵᠠᠭᠤᠷᠲᠠᠨ ᠪᠦᠷ ᠬᠤᠪᠢᠯᠠᠢ ᠶᠢᠨ ᠬᠢᠲᠠᠳ ᠤᠨ ᠰᠤᠶᠤᠯ ᠢ ᠬᠦᠯᠢᠶᠡᠭᠰᠡᠨ ᠳᠤ ᠳᠤᠷ᠎ᠠ ᠦᠭᠡᠶᠢᠴᠡᠵᠦ ᠪᠠᠶᠢᠪᠠ︶᠃ ᠡᠭᠦᠨ ᠢ ᠬᠠᠶᠢᠳᠤ ᠶᠢᠨ ᠦᠭᠡ ᠠᠴᠠ ᠮᠡᠳᠡᠵᠦ ᠪᠤᠯᠤᠨ᠎ᠠ᠂ ᠲᠡᠷᠡ ᠵᠦᠴᠢ ᠪᠠ ᠦᠭᠡᠳᠡᠢ ᠶᠢᠨ ᠤᠳᠤᠮ ᠤᠨ ᠬᠠᠨ ᠨᠤᠶᠠᠳ ᠲᠤ ᠡᠯᠴᠢ ᠢᠯᠡᠭᠡᠵᠦ ᠬᠡᠯᠡᠭᠦᠯᠦᠭᠰᠡᠨ ᠨᠢ᠄ ︽ᠴᠢᠩᠭᠢᠰ ᠬᠠᠭᠠᠨ ᠪᠠ ᠪᠢᠳᠡᠨ ᠤ ᠡᠪᠦᠭᠡ ᠳᠡᠭᠡᠳᠦᠰ ᠲᠠ ᠪᠢᠳᠡᠨ ᠢ ᠬᠠᠭᠠᠨ ᠰᠢᠷᠡᠭᠡ ᠵᠠᠯᠭᠠᠮᠵᠢᠯᠠᠬᠤ ᠶᠤᠰᠤ ᠶᠢ ᠴᠢᠩᠳᠠ ᠰᠠᠬᠢᠲᠤᠭᠠᠢ ᠭᠡᠮᠡᠨ ᠭᠡᠷᠢᠶᠠᠰᠦᠯᠡᠭᠰᠡᠨ ᠪᠢᠰᠢᠦ︖ ᠭᠡᠲᠡᠯ᠎ᠡ ᠤᠳᠤ ᠡᠷᠬᠢᠮ ᠠᠬ᠎ᠠ ᠳᠡᠭᠦᠦ ᠲᠠ ᠪᠢᠳᠡ ᠡᠴᠢᠭᠡ ᠳᠡᠭᠡᠳᠦᠰ ᠤᠨ ᠭᠡᠷᠢᠶᠡᠰ ᠢ ᠬᠠᠶᠢᠬᠤᠷᠤᠯ ᠦᠭᠡᠢ ᠵᠦᠷᠢᠴᠡᠵᠦ ᠳᠡᠷᠰᠯᠡᠭᠰᠡᠨ ᠡᠲᠡᠭᠡᠳ ︵ᠬᠤᠪᠢᠯᠠᠢ︶ ᠲᠤ ᠬᠠᠭᠠᠨ ᠰᠢᠷᠡᠭᠡ ᠶᠢ ᠠᠯᠳᠠᠵᠤ ᠪᠠᠶᠢᠨ᠎ᠠ᠃ ᠮᠢᠨᠦ ᠪᠡᠶ᠎ᠡ ᠬᠠᠭᠠᠨ ᠰᠢᠷᠡᠭᠡ ᠵᠠᠯᠭᠠᠮᠵᠢᠯᠠᠬᠤ ᠶᠤᠰᠤᠲᠠᠢ ᠬᠦᠮᠦᠨ ᠪᠢᠰᠢ ᠪᠢᠯᠢᠦ︖ ᠬᠤᠪᠢᠯᠠᠢ ᠬᠢᠲᠠᠳ ᠲᠤ ᠤᠷᠪᠠᠵᠤ᠂ ᠮᠤᠩᠭᠤᠯ ᠤᠨ ᠶᠤᠰᠤᠨ ᠢ ᠤᠭᠤᠷᠤᠨ᠂ ᠡᠴᠢᠭᠡ ᠳᠡᠭᠡᠳᠦᠰ ᠤᠨ ᠭᠡᠷᠢᠶᠡᠰ ᠢ ᠬᠦᠰᠡᠷᠳᠡᠭᠦᠯᠦᠨ ᠵᠦᠷᠢᠴᠡᠭᠰᠡᠨ ᠪᠢᠯᠡ᠃ ᠭᠡᠲᠡᠯ᠎ᠡ ᠲᠠ ᠪᠦᠬᠦᠨ ᠲᠡᠶᠢᠮᠦ ᠬᠦᠮᠦᠨ ᠢ ᠲᠦᠰᠢᠨ ᠳᠡᠮᠵᠢᠬᠦ ᠴᠢᠨᠢ ᠡᠴᠢᠭᠡ ᠡᠪᠦᠭᠡ ᠶᠢᠨ ᠶᠤᠰᠤ ᠠᠴᠠ ᠳᠡᠷᠰᠯᠡᠭᠰᠡᠨ ᠬᠡᠷᠡᠭ ᠪᠤᠰᠤ ᠦᠦ︖ ᠰᠠᠶᠢᠲᠤᠷ ᠲᠤᠩᠭᠠᠨ ᠪᠤᠳᠤᠵᠤ ᠰᠢᠳᠪᠦᠷᠢᠯᠡᠳᠦᠭᠡᠢ︕︾ ᠭᠡᠵᠡᠢ᠃        ᠢᠯ ᠬᠠᠭᠠᠨᠲᠤ ᠤᠯᠤᠰ        ᠢᠯ ᠬᠠᠭᠠᠨᠲᠤ ᠤᠯᠤᠰ ᠪᠤᠯ ᠴᠢᠩᠭᠢᠰ ᠬᠠᠭᠠᠨ ᠤ ᠤᠳᠬᠤᠨ ᠬᠦᠪᠡᠭᠦᠨ ᠲᠤᠯᠤᠢ ᠶᠢᠨ ᠬᠦᠦ ᠦᠯᠡᠬᠦ᠂ ᠠᠬ᠎ᠠ ᠮᠦᠩᠬᠡ ᠬᠠᠭᠠᠨ ᠤ ᠵᠠᠷᠯᠢᠭ ᠢᠶᠠᠷ ᠠᠷᠠᠪ᠂ ᠢᠷᠠᠨ᠂ ᠢᠷᠡᠺ ᠤᠯᠤᠰ ᠢ ᠡᠵᠡᠯᠡᠭᠡᠳ᠂ ᠲᠡᠷᠡ ᠤᠷᠤᠨ ᠳᠤ ᠪᠠᠶᠢᠭᠤᠯᠤᠭᠰᠠᠨ ᠤᠯᠤᠰ ᠶᠤᠮ ︵ᠢᠯ ᠪᠤᠯ ᠲᠶᠦ᠋ᠷᠺ ᠦᠭᠡ᠂ ᠬᠠᠷᠢᠶᠠᠲᠤ ᠭᠡᠰᠡᠨ ᠤᠳᠬ᠎ᠠ ᠲᠠᠢ︶᠃ ᠬᠠᠮᠤᠭ ᠶᠡᠭᠡ ᠳᠡᠭᠡᠨ ᠫᠧᠷᠰ ᠬᠢᠭᠡᠳ ᠪᠠᠭ᠎ᠠ ᠠᠽᠢᠶ᠎ᠠ ᠪᠠᠷ ᠲᠦᠪ ᠪᠤᠯᠭᠠᠵᠤ᠂ ᠵᠡᠭᠦᠨᠰᠢ ᠠᠮᠤᠲ᠋ᠠᠷᠢᠶ᠎ᠠ ᠮᠦᠷᠡᠨ᠂ ᠪᠠᠷᠠᠭᠤᠨᠰᠢ ᠭᠠᠵᠠᠷ ᠤᠨ ᠳᠤᠮᠳᠠᠳᠤ ᠲᠠᠩᠭᠢᠰ᠂ ᠤᠮᠠᠷᠠᠰᠢ ᠺᠠᠦᠺᠠᠰ ᠠᠭᠤᠯᠠ ᠨᠢᠷᠤᠭᠤ᠂ ᠡᠮᠦᠨᠡᠰᠢ ᠡᠨᠡᠳᠬᠡᠭ ᠳᠠᠯᠠᠢ ᠬᠦᠷᠴᠦ ᠪᠠᠶᠢᠪᠠ᠃ ᠡᠬᠢᠨ ᠳᠡᠭᠡᠨ ᠮᠢᠷᠠᠬ᠎ᠠ ︵ᠤᠳᠤ ᠶᠢᠨ ᠢᠷᠠᠺ ᠤᠨ ᠮᠠᠯᠠᠭ ᠬᠤᠲᠠ︶ ᠳᠤ ᠨᠡᠶᠢᠰᠯᠡᠵᠦ ᠠᠪᠠᠬ᠎ᠠ ᠬᠠᠭᠠᠨ ᠤ ᠦᠶᠡᠰ ᠲᠪᠯᠢᠰ ᠬᠤᠲᠠ ︵ᠤᠳᠤ ᠶᠢᠨ ᠢᠷᠠᠺ ᠤᠨ ᠲᠪᠯᠢᠰ ᠬᠤᠲᠠ︶ ᠳᠤ ᠨᠡᠶᠢᠰᠯᠡᠪᠡ᠃ ᠢᠯ ᠬᠠᠭᠠᠨᠲᠤ ᠤᠯᠤᠰ ᠨᠢ 1317 ᠤᠨ ᠤ ᠠᠪ ᠰᠠᠶᠢᠳ ᠬᠠᠭᠠᠨ ᠤ ᠦᠶ᠎ᠡ ᠠᠴᠠ ᠲᠤᠲᠤᠭᠠᠳᠤ ᠶᠢᠨ ᠲᠡᠮᠡᠴᠡᠯ ᠡᠭᠦᠰᠴᠦ᠂ ᠵᠦᠭ ᠵᠦᠭ ᠲᠡᠭᠡᠨ ᠬᠠᠭᠠᠨ ᠤᠷᠤ ᠪᠤᠰᠬᠠᠨ ᠬᠠᠷᠢᠯᠴᠠᠨ ᠠᠯᠠᠯᠳᠤᠵᠤ᠂ ᠤᠯᠤᠰ ᠤᠨ ᠬᠦᠴᠦᠨ ᠢᠶᠠᠨ ᠳᠤᠷᠤᠶᠢᠲᠠᠭᠤᠯᠵᠠᠢ᠃ 1388 ᠤᠨ ᠳᠤ ᠬᠢᠪᠴᠠᠭ ᠬᠠᠭᠠᠨᠲᠤ ᠤᠯᠤᠰ ᠤᠨ ᠵᠠᠨᠢᠪᠠᠬᠢ ᠬᠠᠭᠠᠨ᠂ ᠲᠪᠯᠢᠰ ᠬᠤᠲᠠ ᠳᠤ ᠳᠠᠭᠠᠷᠢᠨ ᠤᠷᠤᠵᠤ ᠴᠤᠪᠠᠨ ᠬᠠᠭᠠᠨ ᠤ ᠬᠤᠶᠢᠴᠢᠰ ᠢ ᠬᠢᠲᠦᠨ ᠠᠯᠠᠭᠠᠳ᠂ ᠨᠡᠶᠢᠲᠡ 130 ᠵᠢᠯ ᠲᠤᠭᠲᠠᠨᠢᠵᠤ᠂ 17 ᠬᠠᠭᠠᠨ ᠤᠯᠠᠷᠢᠭᠰᠠᠨ ᠢᠯ ᠬᠠᠭᠠᠨᠲᠤ ᠤᠯᠤᠰ ᠮᠦᠬᠦᠵᠡᠢ᠃        ᠦᠯᠡᠬᠦ ᠬᠠᠭᠠᠨ ︵ᠪᠠᠰᠠ ᠬᠤᠯᠤᠭᠤ ᠪᠤᠶᠤ ᠬᠦᠯᠦᠭ ᠬᠠᠭᠠᠨ ᠴᠦ ᠭᠡᠳᠡᠭ︶ — ᠦᠯᠡᠬᠦ ᠪᠤᠯ ᠴᠢᠩᠭᠢᠰ ᠬᠠᠭᠠᠨ ᠤ ᠪᠠᠭ᠎ᠠ ᠬᠦᠪᠡᠭᠦᠨ ᠲᠤᠯᠤᠢ ᠶᠢᠨ ᠬᠦᠦ᠃ ᠢᠯ ᠬᠠᠭᠠᠨᠲᠤ ᠤᠯᠤᠰ ᠢ ᠦᠨᠳᠦᠰᠦᠯᠡᠨ ᠪᠠᠶᠢᠭᠤᠯᠤᠭᠴᠢ ᠬᠠᠭᠠᠨ ᠮᠦᠨ᠃ 1256-1265 ᠤᠨ ᠪᠤᠯᠲᠠᠯ᠎ᠠ ᠲᠦᠷᠦ ᠪᠠᠷᠢᠵᠤ ᠪᠠᠶᠢᠪᠠ᠃ ᠦᠯᠡᠬᠦ᠂ ᠮᠦᠩᠬᠡ ᠬᠠᠭᠠᠨ ᠤ ᠵᠠᠷᠯᠢᠭ ᠢᠶᠠᠷ ᠦᠷᠦᠨᠡᠰᠢ ᠳᠠᠶᠢᠯᠠᠵᠤ᠂ ᠤᠳᠤ ᠶᠢᠨ ᠢᠷᠠᠨ᠂ ᠢᠷᠠᠺ ᠤᠨ ᠤᠷᠤᠨ ᠢ ᠡᠵᠡᠯᠡᠵᠦ ᠢᠯ ᠬᠠᠭᠠᠨᠲᠤ ᠤᠯᠤᠰ ᠢ ᠪᠠᠶᠢᠭᠤᠯᠤᠭᠰᠠᠨ ᠶᠤᠮ᠃ ᠬᠠᠭᠠᠨ ᠰᠠᠭᠤᠭᠰᠠᠨ ᠤ ᠳᠠᠷᠠᠭ᠎ᠠ ᠡᠪᠳᠡᠷᠡᠵᠦ ᠰᠦᠢᠳᠦᠭᠰᠡᠨ ᠬᠤᠲᠠ ᠪᠠᠯᠭᠠᠳ ᠢ ᠰᠡᠷᠭᠦᠭᠡᠨ ᠪᠤᠰᠬᠠᠵᠤ᠂ ᠵᠠᠮ ᠬᠠᠷᠢᠯᠴᠠᠭ᠎ᠠ ᠶᠢ ᠰᠢᠯᠤᠭᠤᠳᠬᠠᠨ᠂ ᠲᠠᠷᠢᠶᠠᠯᠠᠩ ᠤᠨ ᠤᠰᠤᠯᠠᠯᠲᠠ ᠶᠢᠨ ᠰᠤᠪᠠᠭ᠂ ᠬᠤᠲᠠ ᠶᠢᠨ ᠴᠡᠴᠡᠷᠯᠢᠭ ᠢ ᠰᠡᠯᠪᠢᠨ ᠵᠠᠰᠠᠵᠤ᠂ ᠡᠷᠳᠡᠮᠲᠡᠨ ᠮᠡᠷᠭᠡᠳ ᠢ ᠴᠦ ᠬᠦᠬᠢᠭᠦᠯᠦᠨ ᠬᠡᠷᠡᠭᠯᠡᠵᠦ᠂ ᠲᠡᠳᠡᠨ ᠳᠤ ᠪᠠᠰᠠ ᠬᠠᠭᠠᠨ ᠤ ᠰᠠᠩ ᠠᠴᠠ ᠱᠠᠩᠨᠠᠯ ᠤᠨ ᠮᠦᠩᠭᠦ ᠤᠯᠭᠤᠳᠠᠭ ᠪᠠᠶᠢᠵᠠᠢ᠃ ᠦᠯᠡᠬᠦ ᠬᠠᠭᠠᠨ ᠬᠡᠳᠦᠶᠢᠪᠡᠷ ᠦᠪᠡᠷ ᠢᠶᠠᠨ ᠮᠦᠩᠬᠡ ᠲᠡᠭᠷᠢ ᠶᠢ ᠰᠢᠲᠦᠳᠡᠭ ᠪᠤᠯᠪᠠᠴᠤ᠂ ᠪᠤᠰᠤᠳ ᠱᠠᠰᠢᠨ ᠰᠢᠲᠦᠯᠭᠡ ᠳᠤ ᠴᠦ ᠴᠢᠯᠦᠭᠡᠲᠡᠢ ᠬᠠᠨᠳᠤᠵᠤ ᠪᠠᠶᠢᠪᠠ᠃ ᠲᠡᠷᠡ ᠪᠠᠰᠠ ᠮᠤᠩᠭᠤᠯ ᠤᠨ ᠢᠵᠠᠭᠤᠷᠲᠠᠨ ᠤ ᠪᠠᠶᠢᠷᠢ ᠰᠠᠭᠤᠷᠢ ᠶᠢ ᠬᠠᠮᠠᠭᠠᠯᠠᠵᠤ᠂ ᠨᠤᠶᠠᠷᠬᠠᠯ ᠢᠶᠠᠨ ᠪᠠᠬᠢᠵᠢᠭᠦᠯᠬᠦ ᠶᠢᠨ ᠲᠦᠯᠦᠭᠡ ᠬᠦᠷᠰᠢ ᠤᠯᠤᠰ ᠤᠨ ᠬᠠᠭᠠᠳ ᠨᠤᠶᠠᠳ ᠲᠠᠢ ᠨᠠᠶᠢᠷᠠᠮᠳᠠᠭᠤ ᠪᠠᠷ ᠶᠠᠪᠤᠯᠴᠠᠵᠤ ᠪᠠᠶᠢᠵᠠᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号