| | ᠮᠤᠩᠭᠤᠯᠴᠤᠳ ᠶᠢᠷᠲᠢᠨᠴᠦ ᠳᠡᠯᠡᠬᠡᠢ ᠶᠢᠨ ᠠᠯᠢᠪᠠ ᠬᠦᠮᠦᠨ ᠠᠮᠢᠲᠠᠨ ᠴᠦᠮ ᠲᠡᠭᠷᠢ ᠠᠴᠠ ᠵᠠᠶᠠᠭᠠᠵᠤ | ᠲᠦᠷᠦᠭᠦᠯᠡᠵᠦ ᠦᠷᠡᠵᠢᠭᠦᠯᠦᠭᠰᠡᠨ ᠪᠦᠭᠡᠳ ᠡᠬᠡ ᠪᠠᠶᠢᠭᠠᠯᠢ ᠶᠢᠨ ᠡᠯᠳᠡᠪ ᠵᠦᠢᠯ ᠤᠨ ᠤᠷᠭᠤᠮᠠᠯ ᠪᠤᠳᠠᠰ ᠢ ᠴᠦ ᠲᠡᠭᠷᠢ | ᠠᠮᠢᠯᠠᠭᠤᠯᠤᠨ ᠭᠠᠷᠭᠠᠭᠰᠠᠨ ᠭᠡᠵᠦ ᠦᠵᠡᠳᠡᠭ ᠠᠴᠠ ︽ᠲᠡᠭᠷᠢ ᠠᠪᠤ︾᠂ ︽ᠡᠴᠢᠭᠡ ᠲᠡᠭᠷᠢ︾ ᠭᠡᠵᠦ ᠳᠡᠭᠡᠳᠦᠯᠡᠨ | ᠳᠠᠭᠤᠳᠠᠵᠤ᠂ ᠴᠢᠩᠭᠢᠰ ᠬᠠᠭᠠᠨ ᠢᠶᠠᠨ ᠡᠴᠢᠭᠡ ᠲᠡᠭᠷᠢ ᠠᠴᠠ ᠰᠤᠶᠤᠷᠬᠠᠨ ᠲᠦᠷᠦᠭᠦᠯᠦᠭᠰᠡᠨ ︽ᠲᠡᠭᠷᠢ ᠶᠢᠨ | ᠬᠦᠪᠡᠭᠦᠨ︾ ᠭᠡᠮᠡᠨ ᠨᠡᠷᠡᠯᠡᠵᠡᠢ᠃ ᠲᠡᠭᠡᠬᠦ ᠳᠡᠭᠡᠨ ᠲᠡᠭᠷᠢ ᠶᠢ ᠰᠢᠲᠦᠬᠦ᠂ ᠲᠡᠭᠷᠢ ᠶᠢ ᠬᠦᠨᠳᠦᠯᠡᠬᠦ ᠵᠠᠩᠰᠢᠯ ᠲᠠᠢ ᠪᠤᠯᠵᠠᠢ | ᠃ ᠴᠢᠩᠭᠢᠰ ᠬᠠᠭᠠᠨ ᠪᠡᠯᠭᠡ ᠶᠢᠨ ᠳᠡᠭᠡᠳᠦ ᠶᠢᠨ ᠰᠢᠲᠦᠭᠡᠨ ᠳᠡᠭᠡᠨ ᠴᠠᠭᠠᠭᠴᠢ ᠭᠡᠭᠦᠦ ᠶᠢᠨ ᠡᠰᠦᠭ ᠤᠨ ᠰᠠᠴᠤᠯᠢ | ᠡᠷᠭᠦᠵᠦ ᠪᠠᠶᠢᠭᠰᠠᠨ ᠨᠢ ᠴᠠᠭᠠᠨ ᠮᠤᠷᠢ ᠨᠢ ᠪᠡᠯᠭᠡ ᠶᠢᠨ ᠳᠡᠭᠡᠳᠦ᠂ ᠴᠠᠭᠠᠨ ᠴᠡᠭᠡ ᠨᠢ ᠢᠳᠡᠭᠡᠨ ᠤ ᠳᠡᠭᠡᠵᠢ ᠭᠡᠵᠦ | ᠦᠵᠡᠵᠦ ᠪᠠᠶᠢᠭᠰᠠᠨ ᠪᠠᠶᠢᠨ᠎ᠠ᠃ ᠭᠡᠬᠦ ᠳᠡᠭᠡᠨ ᠮᠤᠩᠭᠤᠯᠴᠤᠳ ᠦᠷᠯᠦᠭᠡ ᠡᠷᠲᠡ ᠰᠠᠭᠠᠵᠤ ᠠᠪᠤᠭᠰᠠᠨ ᠦᠨᠢᠶᠡᠨ | ᠰᠦ ᠪᠠᠨ ᠡᠴᠢᠭᠡ ᠲᠡᠭᠷᠢ ᠳᠡᠭᠡᠨ ᠰᠠᠴᠤᠯᠢ ᠡᠷᠭᠦᠵᠦ ᠦᠨᠡᠨᠴᠢ ᠰᠡᠳᠬᠢᠯ ᠢᠶᠠᠷ ᠰᠦᠰᠦᠭᠯᠡᠨ ᠲᠠᠬᠢᠵᠦ ᠪᠠᠶᠢᠬᠤ ᠪᠠᠨ | ᠢᠯᠡᠳᠬᠡᠳᠡᠭ ᠶᠤᠮ᠃ ᠡᠭᠦᠨ ᠠᠴᠠ ᠦᠵᠡᠬᠦ ᠳᠤ ᠮᠤᠩᠭᠤᠯᠴᠤᠳ ᠤᠨ ᠰᠠᠴᠤᠯᠢ ᠡᠷᠭᠦᠳᠡᠭ ᠵᠠᠩᠰᠢᠯ ᠨᠢ ᠲᠡᠭᠷᠢ ᠶᠢ | ᠰᠢᠲᠦᠨ ᠪᠢᠰᠢᠷᠡᠳᠡᠭ ᠦᠵᠡᠯ ᠠᠴᠠ ᠡᠭᠦᠰᠦᠭᠰᠡᠨ ᠶᠤᠮ ᠪᠠᠶᠢᠨ᠎ᠠ᠃ | ᠮᠤᠩᠭᠤᠯᠴᠤᠳ ᠶᠠᠮᠠᠷ ᠨᠢᠭᠡᠨ ᠪᠠᠶᠠᠷ ᠨᠠᠶᠢᠷ᠂ ᠦᠯᠵᠡᠢ ᠪᠡᠯᠭᠡ ᠲᠠᠢ ᠤᠴᠢᠷ ᠶᠠᠪᠤᠳᠠᠯ ᠤᠨ ᠲᠡᠷᠢᠭᠦᠨ ᠳᠤ | ᠪᠡᠯᠭᠡ ᠳᠡᠮᠪᠡᠷᠢᠯ ᠢ ᠡᠷᠬᠢᠮᠯᠡᠨ ᠤᠮᠳᠠᠭᠠᠨ ᠤ ᠳᠡᠭᠡᠵᠢ ᠪᠠᠨ ᠰᠠᠴᠤᠯᠢ ᠡᠷᠭᠦᠳᠡᠭ ᠶᠤᠮ᠃ ᠡᠩ ᠲᠡᠷᠢᠭᠦᠨ ᠳᠤ ᠴᠠᠭᠠᠨ | ᠰᠠᠷ᠎ᠠ ᠶᠢᠨ ᠲᠡᠭᠷᠢ ᠲᠠᠬᠢᠬᠤ ᠳᠠᠭᠠᠨ ᠴᠠᠭᠠᠨ ᠢᠳᠡᠭᠡᠨ᠂ ᠰᠦ ᠲᠠᠢ ᠴᠠᠢ᠂ ᠠᠷᠢᠬᠢ ᠳᠠᠷᠠᠰᠤ ᠪᠠᠷ ᠢᠶᠠᠨ ᠡᠴᠢᠭᠡ | ᠲᠡᠭᠷᠢ ᠳᠡᠭᠡᠨ ᠰᠠᠴᠤᠯᠢ ᠡᠷᠭᠦᠵᠦ ᠳᠦᠷᠪᠡᠨ ᠵᠦᠭ ᠨᠠᠢᠮᠠᠨ ᠵᠤᠪᠬᠢᠰ ᠲᠤ ᠮᠦᠷᠭᠦᠵᠦ ᠰᠢᠨ᠎ᠡ ᠨᠢᠭᠡᠨ ᠵᠢᠯ ᠳᠡᠭᠡᠨ ᠠᠮᠠᠷ | ᠠᠮᠤᠭᠤᠯᠠᠩ ᠠᠵᠤ ᠲᠦᠷᠦᠬᠦ ᠪᠠᠨ ᠰᠦᠰᠦᠭᠯᠡᠨ ᠳᠠᠭᠠᠳᠬᠠᠳᠠᠭ᠃ ᠮᠤᠩᠭᠤᠯᠴᠤᠳ ᠪᠠᠶᠠᠷ ᠨᠠᠶᠢᠷ ᠲᠤ ᠤᠷᠢᠭᠳᠠᠨ | ᠰᠠᠭᠤᠬᠤ᠂ ᠠᠶᠢᠯ ᠡᠷᠦᠬᠡ ᠳᠤ ᠵᠠᠯᠠᠭᠳᠠᠨ ᠵᠤᠴᠢᠨ ᠪᠤᠯᠬᠤ ᠦᠶ᠎ᠡ ᠳᠤ ᠡᠮᠦᠨ᠎ᠡ ᠨᠢ ᠲᠠᠯᠪᠢᠭᠰᠠᠨ ᠴᠠᠭᠠᠨ | ᠢᠳᠡᠭᠡᠨ ᠠᠴᠠ ᠪᠠᠭ᠎ᠠ ᠭᠡᠯᠲᠦᠯᠦᠨ ᠠᠪᠴᠤ ᠲᠡᠭᠷᠢ ᠳᠤ ᠰᠠᠴᠤᠯᠢ ᠡᠷᠭᠦᠳᠡᠭ᠃ ᠨᠡᠩ ᠢᠯᠠᠩᠭᠤᠶ᠎ᠠ ᠠᠷᠢᠬᠢ ᠳᠠᠷᠠᠰᠤ | ᠪᠠᠷᠢᠵᠦ ᠦᠭᠪᠡᠯ ᠬᠤᠨᠳᠠᠭᠠᠨ ᠠᠴᠠ ᠪᠠᠨ ᠭᠤᠷᠪᠠᠨᠲᠠ ᠰᠠᠴᠤᠯᠢ ᠡᠷᠭᠦᠭᠰᠡᠨ ᠤ ᠳᠠᠷᠠᠭ᠎ᠠ ᠰᠠᠶ᠋ᠢ ᠠᠮᠰᠠᠳᠠᠭ᠃ | ᠪᠡᠯᠭᠡ ᠳᠡᠮᠪᠡᠷᠢᠯ ᠢ ᠡᠷᠬᠢᠮᠯᠡᠳᠡᠭ ᠮᠤᠩᠭᠤᠯᠴᠤᠳ ᠠᠶᠠᠨ ᠵᠢᠩ ᠳᠤ ᠶᠠᠪᠤᠬᠤ᠂ ᠠᠪᠠ ᠬᠦᠷᠦᠭᠡ ᠳᠤ ᠭᠠᠷᠬᠤ᠂ | ᠨᠤᠲᠤᠭ ᠤᠰᠤ ᠰᠡᠯᠭᠦᠨ ᠨᠡᠭᠦᠬᠦ ᠳᠤ ᠮᠤᠷᠳᠠᠭᠰᠠᠳ ᠪᠡᠶ᠎ᠡ ᠪᠠᠨ ᠠᠷᠢᠭᠤᠯᠠᠨ᠂ ᠬᠦᠯᠦᠭ ᠤᠨᠤᠭ᠎ᠠ ᠡᠳ᠋ᠯᠡᠯ | ᠬᠡᠷᠡᠭᠰᠡᠯ ᠢᠶᠠᠨ ᠮᠢᠯᠢᠶᠠᠭᠠᠳ ᠰᠠᠴᠤᠯᠢ ᠡᠷᠭᠦᠵᠦ᠂ ᠭᠠᠢ ᠪᠠᠷᠴᠢᠳ ᠲᠠᠭᠠᠷᠠᠯᠳᠤᠯ ᠦᠭᠡᠢ᠂ ᠭᠠᠨᠵᠤᠭ᠎ᠠ ᠳᠦᠭᠦᠷᠡᠩ | ᠪᠤᠴᠠᠨ ᠢᠷᠡᠬᠦ ᠶᠢ ᠵᠦᠩᠨᠡᠨ ᠪᠡᠯᠭᠡᠳᠡᠳᠡᠭ᠃ ᠲᠡᠷᠡᠴᠢᠯᠡᠨ ᠦᠷ᠎ᠡ ᠬᠡᠦᠬᠡᠳ ᠨᠢ ᠴᠡᠷᠢᠭ ᠲᠤ ᠮᠤᠷᠳᠠᠬᠤ᠂ ᠶᠡᠭᠡ | ᠰᠤᠷᠭᠠᠭᠤᠯᠢ ᠳᠤ ᠶᠠᠪᠤᠬᠤ ᠳᠤ ᠬᠦᠨᠦᠭ ᠲᠠᠢ ᠰᠦ ᠠᠴᠠ ᠪᠠᠨ ᠰᠠᠴᠤᠯᠢ ᠡᠷᠭᠦᠵᠦ ᠠᠮᠤᠷ ᠮᠡᠨᠳᠦ ᠶᠠᠪᠤᠭᠠᠷᠠᠢ᠂ ᠠᠵᠢᠯ | ᠰᠤᠷᠤᠯᠭ᠎ᠠ ᠳᠠᠭᠠᠨ ᠠᠮᠵᠢᠯᠲᠠ ᠪᠦᠲᠦᠮᠵᠢ ᠤᠯᠤᠭᠠᠷᠠᠢ ᠭᠡᠵᠦ ᠢᠷᠦᠭᠡᠳᠡᠭ᠃ | ᠮᠤᠩᠭᠤᠯᠴᠤᠳ ᠭᠠᠯ ᠤᠨ ᠳᠠᠯᠠᠯᠭ᠎ᠠ᠂ ᠮᠠᠯ ᠤᠨ ᠭᠡᠰᠢᠭ ᠤᠨ ᠳᠠᠯᠠᠯᠭ᠎ᠠ᠂ ᠠᠶᠠᠨ ᠵᠢᠩ ᠤᠨ ᠳᠠᠯᠠᠯᠭ᠎ᠠ᠂ | ᠠᠪᠠ ᠭᠦᠷᠦᠭᠡ ᠶᠢᠨ ᠳᠠᠯᠠᠯᠭ᠎ᠠ᠂ ᠮᠤᠷᠳᠠᠭᠤᠯᠭ᠎ᠠ ᠶᠢᠨ ᠳᠠᠯᠠᠯᠭ᠎ᠠ᠂ ᠰᠦᠨᠡᠰᠦᠨ ᠤ ᠳᠠᠯᠠᠯᠭ᠎ᠠ᠂ ᠰᠦᠯᠳᠡ ᠶᠢᠨ | ᠳᠠᠯᠠᠯᠭ᠎ᠠ᠂ ᠤᠪᠤᠭ᠎ᠠ ᠱᠠᠩᠰᠢ ᠶᠢᠨ ᠳᠠᠯᠠᠯᠭ᠎ᠠ ᠠᠪᠳᠠᠭ᠃ ᠡᠳᠡᠭᠡᠷ ᠳᠠᠯᠠᠯᠭ᠎ᠠ ᠶᠢᠨ ᠵᠠᠩ ᠦᠢᠯᠡ ᠨᠢ ᠲᠤᠰ | ᠲᠤᠰ ᠲᠠᠭᠠᠨ ᠤᠨᠴᠠᠯᠢᠭ ᠲᠠᠢ ᠴᠦ ᠪᠦᠷ ᠡᠷᠭᠦᠯᠲᠡ ᠰᠠᠴᠤᠯᠢ᠂ ᠳᠠᠯᠠᠯᠭ᠎ᠠ ᠬᠤᠷᠤᠶᠢᠯᠠᠭᠠ ᠪᠠᠨ ᠭᠦᠢᠴᠡᠳᠬᠡᠳᠡᠭ᠃ | ︽ᠮᠤᠩᠭᠤᠯ ᠬᠦᠮᠦᠨ ᠪᠡᠯᠭᠡ ᠪᠠᠷ᠂ ᠮᠠᠨᠵᠤ ᠬᠦᠮᠦᠨ ᠪᠡᠨ᠎ᠡ ᠪᠠᠷ︾ ᠭᠡᠵᠦ ᠮᠤᠩᠭᠤᠯᠴᠤᠳ ᠰᠠᠶᠢᠨ | ᠰᠠᠶᠢᠬᠠᠨ ᠢ ᠬᠦᠰᠡᠳᠡᠭ ᠦᠨᠡᠨᠴᠢ ᠰᠡᠳᠬᠢᠯ ᠤᠨ ᠳᠡᠭᠡᠳᠦ ᠪᠠᠨ ᠡᠴᠢᠭᠡ ᠲᠡᠭᠷᠢ ᠪᠠᠨ ᠰᠠᠴᠤᠯᠢ ᠡᠷᠭᠦᠨ ᠲᠠᠬᠢᠵᠤ᠂ | ᠠᠭᠤᠯᠠ ᠤᠰᠤᠨ ᠤ ᠨᠠᠪᠲᠠᠭ ᠰᠠᠪᠲᠠᠭ ᠲᠠᠭᠠᠨ ᠡᠷᠭᠦᠯᠲᠡ ᠡᠷᠭᠦᠵᠦ ᠢᠯᠡᠳᠬᠡᠳᠡᠭ᠃ ᠡᠳᠦᠭᠡ ᠰᠠᠴᠤᠯᠢ ᠡᠷᠭᠦᠬᠦ ᠵᠠᠩ | ᠵᠤᠷᠰᠢᠯ ᠦᠨᠳᠦᠰᠦᠨ ᠳᠡᠭᠡᠨ ᠳᠡᠮᠡᠢ ᠦᠵᠡᠭᠳᠡᠬᠦ ᠦᠭᠡᠢ ᠪᠤᠯᠵᠠᠢ᠃ ᠠᠬᠠᠮᠠᠳ ᠨᠠᠰᠤᠲᠠᠶᠢᠴᠤᠳ ᠮᠦᠨ ᠯᠡ ᠡᠨᠡᠬᠦ | ᠪᠡᠯᠭᠡ ᠳᠡᠮᠪᠡᠷᠢᠯ ᠲᠠᠢ ᠪᠤᠯᠪᠠᠰᠤᠨ ᠵᠠᠩᠰᠢᠯ ᠢᠶᠠᠨ ᠪᠠᠷᠢᠮᠲᠠᠯᠠᠭᠰᠠᠭᠠᠷ ᠪᠠᠶᠢᠳᠠᠭ᠃ ᠮᠤᠩᠭᠤᠯᠴᠤᠳ ᠪᠢᠳᠡ | ᠮᠤᠩᠭᠤᠯ ᠤᠨ ᠢᠶᠠᠨ ᠡᠨᠡᠬᠦ ᠪᠡᠯᠭᠡ ᠳᠡᠮᠪᠡᠷᠢᠯ ᠤᠨ ᠵᠠᠩᠰᠢᠯ ᠢᠶᠠᠨ ᠤᠯᠠᠮᠵᠢᠯᠠᠨ ᠪᠠᠳᠠᠷᠠᠭᠤᠯᠵᠤ ᠶᠠᠪᠤᠵᠠᠭᠠᠶ᠎ᠠ᠃ |