| ᠮᠤᠩᠭᠤᠯᠴᠤᠳ ᠤᠨ ᠪᠢᠴᠢᠭ ᠰᠤᠶᠤᠯ ᠤᠨ ᠲᠡᠤᠭᠡ ᠶᠢ ᠦᠵᠡᠭᠦ ᠳᠤ ᠤᠷᠴᠢᠭᠤᠯᠭ᠎ᠠ ᠮᠠᠰᠢ ᠴᠢᠬᠤᠯᠡ | ᠪᠠᠶᠢᠷᠢ ᠰᠠᠭᠤᠷᠢ ᠡᠵᠡᠯᠡᠳᠡᠭ᠃ ᠠᠯᠢ ᠡᠷᠳᠡ 13 ᠳ᠋ᠤᠭᠠᠷ ᠵᠠᠭᠤᠨ ᠤ ᠰᠡᠭᠦᠯ ᠤᠨ ᠬᠠᠭᠠᠰ ᠲᠤ ᠡᠨᠡᠳᠭᠡᠭ ᠲᠦᠪᠡᠳ | ᠤᠯᠡᠨ ᠬᠡᠯᠡᠨ ᠠᠴᠠ ᠤᠯᠡᠨ ᠨᠤᠮ ᠵᠤᠬᠢᠶᠠᠯ ᠤᠷᠴᠢᠭᠤᠯᠤᠭᠰᠠᠨ ᠴᠢᠯᠤᠨᠠᠳᠠᠰᠢ ᠭᠡᠳᠡᠭ ᠭᠠᠷᠮᠠᠭᠠᠢ ᠤᠷᠴᠢᠭᠤᠯᠤᠭᠴᠢ | ᠪᠠᠶᠢᠭᠰᠠᠨ ᠪᠦᠭᠡᠳ ᠲᠡᠭᠦᠨ ᠤ ᠤᠷᠴᠢᠭᠤᠯᠤᠭᠰᠠᠨ ᠵᠦᠢᠯᠡᠰ ᠢ ᠴᠦᠮ ᠢ ᠪᠠᠷᠯᠠᠭᠤᠯᠬᠤ ᠪᠠᠷ ᠬᠤᠪᠢᠯᠠᠢ ᠰᠡᠴᠡᠨ | ᠬᠠᠭᠠᠨ ᠵᠠᠷᠯᠢᠭ ᠪᠠᠭᠤᠯᠭᠠᠭᠰᠠᠨ ᠲᠤᠬᠠᠢ ᠲᠡᠤᠭᠡᠨ ᠮᠡᠳᠡᠭᠡ ᠪᠠᠶᠢᠳᠠᠭ᠃ ᠲᠡᠭᠦᠨ ᠠᠴᠠ ᠲᠠᠷᠠᠭ᠎ᠠ ᠴᠤᠶᠢᠵᠢᠨ᠋ᠤᠳᠰᠡᠷ | ᠭᠡᠳᠡᠭ ᠡᠷᠳᠡᠮᠳᠡᠨ ᠤᠶᠢᠭᠤᠷᠵᠢᠨ ᠮᠤᠩᠭᠤᠯ ᠦᠰᠦᠭ ᠲᠤ ᠦᠭᠡᠷᠡᠴᠢᠯᠡᠯᠲᠡ ᠬᠢᠵᠦ ︽ᠵᠢᠷᠦᠭᠡᠨ ᠤ ᠲᠤᠯᠳᠤ︾ ᠭᠡᠮᠡᠭᠦ | ᠮᠤᠩᠭᠤᠯ ᠬᠡᠯᠡᠨ ᠤ ᠤᠤᠭᠠᠨ ᠬᠡᠯᠡᠨ ᠤ ᠵᠦᠢ ᠶᠢ ᠵᠤᠬᠢᠶᠠᠭᠰᠠᠨ ᠪᠦᠭᠡᠳ ︽ᠪᠤᠳᠢᠰᠡᠳ᠋ᠸ᠎ᠠ ᠴᠡᠷᠶᠠ ᠠᠸᠠᠳᠠᠷ︾᠂ ︽ | ᠪᠠᠨᠽᠠᠷᠠᠭᠴᠠ︾ ᠲᠡᠷᠢᠭᠦᠳᠡᠨ ᠤᠯᠡᠨ ᠨᠤᠮ ᠵᠤᠬᠢᠶᠠᠯ ᠢ ᠮᠤᠩᠭᠤᠯᠴᠤᠳ ᠤᠷᠴᠢᠭᠤᠯᠵᠦ᠂ ᠮᠤᠩᠭᠤᠯ ᠰᠤᠶᠤᠯ ᠤᠨ | ᠭᠦᠭᠵᠢᠯ ᠳᠤ ᠴᠢᠬᠤᠯᠡ ᠶᠡᠭᠡ ᠭᠠᠪᠢᠶ᠎ᠡ ᠵᠢᠳᠭᠦᠯ ᠦᠵᠡᠭᠦᠯᠵᠠᠢ᠃ 13 ᠳ᠋ᠤᠭᠠᠷ ᠵᠠᠭᠤᠨ ᠤ ᠰᠡᠭᠦᠯᠴᠢ ᠠᠴᠠ 14 | ᠳ᠋ᠤᠭᠡᠷ ᠵᠠᠭᠤᠨ ᠤ ᠡᠬᠢᠨ ᠤ ᠬᠠᠭᠠᠰ ᠬᠦᠷᠳᠡᠯᠡᠬᠢ ᠬᠤᠭᠤᠴᠠᠭᠠᠨ ᠳᠤ ᠡᠨᠡᠳᠭᠡᠭ ᠲᠦᠪᠡᠳ ᠨᠠᠩᠭᠢᠶᠠᠳ ᠬᠡᠯᠡᠨ ᠠᠴᠠ | ᠨᠤᠮ ᠵᠤᠬᠢᠶᠠᠯ ᠮᠤᠩᠭᠤᠯᠴᠢᠯᠠᠭᠰᠠᠨ ᠨᠡᠷᠡᠲᠠᠢ ᠤᠷᠴᠢᠭᠤᠯᠤᠭᠴᠢᠳ ᠲᠤ ᠪᠠᠰᠠ ︽ᠰᠠᠶᠢᠨ ᠦᠭᠡᠳᠦ ᠡᠷᠳᠡᠨᠢ ᠶᠢᠨ | ᠰᠠᠩ ᠰᠤᠪᠠᠰᠢᠳᠢ︾ ᠶᠢ ᠤᠷᠴᠢᠭᠤᠯᠤᠭᠰᠠᠨ ᠰᠤᠨᠤᠮᠺᠠᠷᠡ᠂ ᠶᠤᠸᠠᠨ ᠤᠯᠤᠰ ᠤᠨ ᠦᠯᠵᠡᠶᠢᠳᠦ ᠲᠡᠮᠤᠷ ᠬᠠᠭᠠᠨ ᠤ | ᠦᠶ᠎ᠡ ᠠᠴᠠ ᠬᠠᠶᠢᠰᠠᠨ ᠬᠦᠯᠦᠭ ᠬᠠᠭᠠᠨ ᠤ ᠦᠶ᠎ᠡ ᠬᠦᠷᠳᠡᠯ᠎ᠡ ᠲᠦᠷᠦ ᠶᠢᠨ ᠲᠦᠪ ᠵᠠᠬᠢᠷᠭᠠᠨ ᠤ ᠪᠠᠷᠠᠭᠤᠨ ᠭᠠᠷ ᠤᠨ | ᠴᠢᠩᠰᠠᠩ ᠲᠦᠰᠢᠮᠡᠯ ᠪᠠᠶᠢᠭᠰᠠᠨ ᠪᠦᠭᠡᠳ ᠢᠯ ᠬᠠᠭᠠᠨᠲᠤ ᠤᠯᠤᠰ ᠲᠤ ᠤᠷᠢᠭᠳᠠᠨ ᠤᠴᠢᠵᠦ ᠷᠡᠰᠢᠳ᠋ — ᠠᠳ᠋ | — ᠳ᠋ᠢᠨ ᠤ ︽ᠰᠤᠳᠤᠷ ᠤᠨ ᠴᠢᠭᠤᠯᠭᠠᠨ︾ ᠤ ᠮᠤᠩᠭᠤᠯ ᠲᠡᠤᠭᠡ ᠶᠢᠨ ᠠᠩᠭᠢ ᠶᠢ ᠪᠢᠴᠢᠭᠦ ᠳᠤ ᠬᠠᠪᠰᠤᠷᠴᠦ᠂ | ︽ᠲᠠᠬᠢᠮᠳᠠᠭᠤ ᠪᠢᠴᠢᠭ︾ ᠢ ᠮᠤᠩᠭᠤᠯᠴᠢᠯᠠᠭᠰᠠᠨ ᠪᠤᠯᠤᠳᠳᠡᠮᠤᠷ᠂ ︽ᠬᠤᠳᠤᠭᠳᠤ ᠳᠡᠭᠡᠳᠤ ᠡᠷᠭᠡᠳᠤ ᠰᠤᠳᠤᠷ ᠤᠨ | ᠠᠶᠢᠮᠠᠭ ᠤᠨ ᠬᠠᠭᠠᠨ ᠠᠯᠳᠡᠨ ᠭᠡᠷᠡᠯ ᠨᠡᠷᠡᠳᠦ ᠶᠡᠭᠡ ᠬᠦᠯᠭᠡᠨ ᠰᠤᠳᠤᠷ︾ ᠢ ᠤᠷᠴᠢᠭᠤᠯᠤᠭᠰᠠᠨ ᠰᠢᠷᠡᠪᠰᠡᠩᠭᠡ ᠵᠡᠷᠭᠡ | ᠬᠦᠮᠦᠰ ᠪᠤᠢ᠃ | ᠰᠢᠷ᠎ᠡ ᠶᠢᠨ ᠱᠠᠰᠢᠨ ᠮᠤᠩᠭᠤᠯ ᠤᠷᠤᠨ ᠳᠤ ᠳᠡᠯᠭᠡᠷᠡᠭᠦ ᠶᠢ ᠲᠠᠭᠠᠯᠳᠤᠨ᠂ ᠨᠤᠮ ᠰᠤᠳᠤᠷ ᠤᠨ ᠮᠤᠩᠭᠤᠯ | ᠤᠷᠴᠢᠭᠤᠯᠭ᠎ᠠ 17 ᠳ᠋ᠤᠭᠠᠷ ᠵᠠᠭᠤᠨ ᠤ ᠡᠬᠢᠨ ᠤ ᠦᠶ᠎ᠡ ᠠᠴᠠ ᠮᠦᠨ ᠲᠡᠯᠡᠶᠢᠴᠡᠳᠡᠢ ᠦᠷᠨᠢᠵᠦ ᠡᠬᠢᠯᠡᠭᠰᠡᠨ ᠪᠦᠭᠡᠳ | ᠰᠢᠯᠭᠠᠷᠠᠭᠰᠠᠨ ᠤᠷᠴᠢᠭᠤᠯᠤᠭᠴᠢᠳ ᠭᠡᠪᠡᠯ ᠡᠴᠢᠨᠡᠨ ᠲᠡᠴᠢᠨᠡᠨ ᠴᠤᠯᠭᠤᠷᠡᠨ ᠭᠠᠷᠤᠭᠰᠠᠨ ᠪᠠᠶᠢᠨ᠎ᠠ᠃ ᠳᠡᠳᠡᠨ ᠤ | ᠲᠤᠳᠤᠷᠡᠬᠢ ᠲᠦᠯᠦᠭᠡᠯᠡᠭᠦ ᠴᠢᠨᠠᠷ ᠲᠠᠢ ᠵᠠᠷᠢᠮ ᠤᠷᠴᠢᠭᠤᠯᠤᠭᠴᠢᠳ ᠭᠡᠪᠡᠯ᠂ 1602 — 1607 ᠤᠨ ᠤ | ᠬᠤᠭᠤᠷᠤᠨᠳᠤ ᠭᠤᠷᠪᠡᠨ ᠲᠦᠮᠡᠨ ᠤ ᠬᠡᠯᠡᠮᠤᠷᠴᠢ ᠮᠡᠷᠭᠡᠳ ᠢ ᠵᠤᠬᠢᠶᠡᠨ ᠪᠠᠶᠢᠭᠤᠯᠤᠨ ᠪᠠᠷᠡᠮᠢᠳ ᠤᠨ ᠠᠶᠢᠮᠠᠭ ᠵᠡᠷᠭᠡ ︽ | ᠭᠠᠨᠵᠤᠤᠷ︾ ᠤᠨ ᠶᠡᠭᠡ ᠭᠤᠤᠯ ᠢ ᠮᠤᠩᠭᠤᠯᠴᠤᠳ ᠪᠠᠷᠯᠠᠭᠤᠯᠤᠭᠰᠠᠨ ᠬᠦᠭᠡᠬᠤᠳᠡ ᠶᠢᠨ ᠰᠢᠷᠡᠭᠡᠳᠤ ᠭᠦᠤᠰᠢ ᠴᠤᠷᠵᠢ | ᠬᠢᠭᠡᠳ ᠬᠠᠷᠡᠴᠢᠨ ᠤ ᠠᠶᠤᠰᠢ ᠭᠦᠤᠰᠢ᠂ 1628 — 1629 ᠤᠨ ᠤ ᠬᠤᠭᠤᠷᠤᠨᠳᠤ ᠮᠦᠨ ᠤᠯᠡᠨ | ᠤᠷᠴᠢᠭᠤᠯᠤᠭᠴᠢᠳ ᠢ ᠲᠠᠶᠢᠴᠢᠯᠡᠨ ︽ᠭᠠᠨᠵᠤᠤᠷ︾ ᠢ ᠪᠦᠷᠢᠳᠭᠡᠨ ᠤᠷᠴᠢᠭᠤᠯᠵᠦ ᠠᠯᠳᠡ ᠪᠠᠷ ᠪᠦᠳᠦᠭᠡᠭᠰᠡᠨ | ᠴᠠᠬᠠᠷ ᠤᠨ ᠬᠦᠩᠭᠠᠨ᠋ᠤᠳᠰᠡᠷ ᠪᠠᠨᠳᠢᠳᠡ᠂ 1648 ᠤᠨ ᠳᠤ ᠳᠤᠳᠤ ᠮᠤᠩᠭᠤᠯ ᠦᠰᠦᠭ ᠢ ᠵᠤᠬᠢᠶᠡᠵᠦ ︽ᠠᠨᠠᠭᠠᠬᠤ | ᠤᠬᠠᠭᠠᠨ ᠤ ᠳᠦᠷᠪᠡᠨ ᠦᠨᠳᠦᠰᠦ︾᠂ ︽ᠠᠷᠪᠡᠨ ᠬᠤᠶᠠᠷ ᠵᠤᠬᠢᠶᠠᠯ ᠤᠨ ᠰᠤᠳᠤᠷ︾᠂ ︽ᠡᠷᠳᠡᠨᠢ ᠱᠠᠰᠳᠢᠷ︾᠂ | ︽ᠮᠤᠯᠤᠨ ᠲᠤᠶᠢᠨ ᠤ ᠲᠤᠭᠤᠵᠢ︾ ᠵᠡᠷᠭᠡ 170 ᠭᠠᠷᠤᠢ ᠨᠤᠮ ᠵᠤᠬᠢᠶᠠᠯ ᠢ ᠮᠤᠩᠭᠤᠯᠴᠢᠯᠠᠭᠰᠠᠨ ᠤᠶᠢᠷᠡᠳ ᠤᠨ | ᠽᠠᠶ᠎ᠠ ᠪᠠᠨᠳᠢᠳᠡ ᠨᠠᠮᠬᠠᠶᠢᠵᠠᠮᠰᠤ ᠨᠠᠷ ᠢ ᠲᠤᠷᠡᠳᠴᠦ ᠪᠤᠯᠤᠨ᠎ᠡ᠃ ᠴᠢᠩ ᠤᠯᠤᠰ ᠤᠨ ᠦᠶ᠎ᠡ ᠳᠤ ᠡᠬᠢᠯᠡᠭᠡᠳ ᠪᠤᠷᠬᠠᠨ | ᠱᠠᠰᠢᠨ ᠤ ᠨᠤᠮ ᠵᠤᠬᠢᠶᠠᠯ ᠤᠨ ᠤᠷᠴᠢᠭᠤᠯᠭ᠎ᠠ ᠦᠷᠭᠦᠯᠵᠢᠯᠡᠨ ᠦᠷᠨᠢᠵᠦ ᠪᠠᠶᠢᠭᠰᠠᠨ ᠢᠶᠠᠨ ᠰᠡᠭᠦᠯᠡᠷ ᠨᠢ ᠬᠢᠳᠡᠳ | ᠬᠡᠯᠡᠨ ᠠᠴᠠ ᠦᠯᠢᠭᠡᠷ ᠲᠤᠭᠤᠵᠢᠰ ᠤᠨ ᠵᠤᠬᠢᠶᠠᠯ ᠤᠷᠴᠢᠭᠤᠯᠬᠤ ᠠᠵᠢᠯ ᠡᠷᠴᠢᠮᠳᠠᠢ ᠶᠠᠪᠤᠭᠳᠠᠵᠦ ᠪᠠᠶᠢᠪᠠ᠃ ᠲᠡᠷᠡ | ᠦᠶ᠎ᠡ ᠶᠢᠨ ᠨᠡᠷᠡᠳᠤ ᠤᠷᠴᠢᠭᠤᠯᠤᠭᠴᠢᠳ ᠲᠤ ᠬᠠᠭᠠᠨ ᠤ ᠵᠠᠷᠯᠢᠭ ᠢᠶᠠᠷ ︽ᠳ᠋ᠠᠨᠵᠤᠤᠷ︾ ᠢ ᠪᠦᠷᠢᠳᠭᠡᠨ | ᠤᠷᠴᠢᠭᠤᠯᠬᠤ ᠠᠵᠢᠯ ᠢ ᠡᠷᠭᠢᠯᠡᠭᠰᠡᠨ ᠵᠠᠩᠭᠢᠶᠡ ᠬᠤᠳᠤᠭᠳᠤ ᠷᠤᠯᠪᠢᠳᠤᠷᠵᠢ ︵ᠨᠦᠭᠦᠭᠡ ᠨᠡᠷ᠎ᠡ ᠨᠢ ᠶᠧᠰᠢᠳᠠᠮᠪᠢᠷᠤᠮᠧ︶ | ᠂ ︽ᠲᠦᠪᠡᠳ ᠬᠡᠯᠡ ᠬᠢᠯᠪᠠᠷ ᠰᠤᠷᠴᠦ ᠡᠵᠡᠮᠰᠢᠭᠦ ᠪᠢᠴᠢᠭ︾ ᠬᠡᠮᠡᠭᠦ ᠣᠷᠴᠢᠭᠤᠯᠭ᠎ᠠ ᠶᠢᠨ ᠲᠣᠯᠢ ᠪᠠ ︽ᠳ᠋ᠠᠨᠵᠤᠤᠷ︾ | ᠤᠨ ᠤᠷᠴᠢᠭᠤᠯᠭ᠎ᠠ ᠶᠢᠨ ᠪᠠᠷᠢᠮᠵᠢᠶ᠎ᠡ ᠲᠤᠯᠢ ᠪᠤᠯᠬᠤ ︽ᠮᠡᠷᠭᠡᠳ ᠭᠠᠷᠬᠤ ᠶᠢᠨ ᠤᠷᠤᠨ︾ ᠢ ᠤᠯᠡᠨ ᠡᠷᠳᠡᠮᠳᠡᠨ | ᠭᠦᠤᠰᠢ ᠨᠠᠷ ᠲᠠᠢ ᠬᠠᠮᠳᠤᠷᠡᠨ ᠨᠠᠶᠢᠷᠠᠭᠤᠯᠵᠦ᠂ ︽ᠳ᠋ᠠᠨᠵᠤᠤᠷ︾ ᠤᠨ ᠮᠤᠩᠭᠤᠯ ᠤᠷᠴᠢᠭᠤᠯᠭ᠎ᠠ ᠶᠢ ᠭᠤᠤᠯᠯᠡᠨ | ᠬᠢᠨᠠᠭᠰᠠᠨ ᠲᠠᠩᠭᠤᠳ ᠪᠢᠴᠢᠭ ᠤᠨ ᠰᠤᠷᠭᠠᠭᠤᠯᠢ ᠶᠢᠨ ᠪᠦᠭᠦᠳᠡ ᠵᠠᠬᠢᠷᠤᠭᠴᠢ ᠲᠠᠪᠤᠨ ᠬᠡᠯᠡᠳᠤ ᠦᠵᠤᠮᠤᠴᠢᠨ | ᠭᠤᠮᠪᠤᠵᠠᠪ᠂ ︽ᠯᠢᠱᠢ ᠶᠢᠨ ᠤᠷᠳᠤ ᠬᠠᠷᠰᠢ︾ ᠭᠡᠮᠡᠭᠦ ᠡᠨᠡᠳᠭᠡᠭ ᠲᠦᠪᠡᠳ ᠮᠤᠩᠭᠤᠯ ᠭᠤᠷᠪᠡᠨ ᠬᠡᠯᠡᠨ ᠤ ᠲᠤᠯᠢ | ᠪᠢᠴᠢᠭ ᠨᠠᠶᠢᠷᠠᠭᠤᠯᠵᠦ᠂ ︽ᠤᠱᠠᠨᠳᠠᠷᠡ︾ ᠵᠡᠷᠭᠡ ᠤᠯᠡᠨ ᠵᠤᠬᠢᠶᠠᠯ ᠢ ᠡᠨᠡᠳᠭᠡᠭ ᠲᠦᠪᠡᠳ ᠬᠡᠯᠡᠨ ᠠᠴᠠ | ᠮᠤᠩᠭᠤᠯᠴᠢᠯᠠᠨ᠂ ᠮᠦᠨ ︽ᠳ᠋ᠠᠨᠵᠤᠤᠷ︾ ᠤᠨ ᠤᠷᠴᠢᠭᠤᠯᠭ᠎ᠠ ᠶᠢ ᠬᠢᠨᠡᠬᠤ ᠠᠵᠢᠯ ᠳᠤ ᠤᠷᠤᠯᠴᠠᠭᠰᠠᠨ ᠲᠠᠩᠭᠤᠳ | ᠪᠢᠴᠢᠭ ᠤᠨ ᠰᠤᠷᠭᠠᠭᠤᠯᠢ ᠶᠢᠨ ᠪᠠᠭᠰᠢ ᠤᠷᠡᠳ ᠭᠦᠤᠰᠢ ᠪᠢᠯᠢᠭᠦᠨᠳᠠᠯᠠᠢ᠂ ᠮᠠᠨᠵᠦ ᠮᠤᠩᠭᠤᠯ ᠬᠤᠤᠰ ᠬᠡᠯᠡᠨ ᠤ | ᠤᠤᠭᠠᠨ ᠲᠠᠶᠢᠯᠪᠦᠷᠢ ᠲᠤᠯᠢ ᠪᠤᠯᠬᠤ ︽ᠬᠠᠭᠠᠨ ᠤ ᠪᠢᠴᠢᠭᠰᠡᠨ ᠮᠠᠨᠵᠦ ᠮᠤᠩᠭᠤᠯ ᠦᠭᠡᠨ ᠤ ᠲᠤᠯᠢ ᠪᠢᠴᠢᠭ︾ ᠢ | ᠨᠠᠶᠢᠷᠡᠭᠤᠯᠬᠤ ᠠᠵᠢᠯ ᠳᠤ ᠤᠷᠤᠯᠴᠠᠵᠦ᠂ ︽ᠲᠠᠩᠰᠤᠭ ᠯᠠᠮᠠ ᠶᠢᠨ ᠪᠠᠷᠠᠭᠤᠨ ᠡᠳᠡᠭᠡᠳ ᠵᠤᠷᠴᠢᠭᠰᠠᠨ ᠰᠤᠳᠤᠷ︾ ᠢ | 1721 ᠤᠨ ᠳᠤ ᠬᠢᠳᠡᠳ ᠬᠡᠯᠡᠨ ᠠᠴᠠ ᠴᠤᠬᠤᠯᠠᠪᠤᠷᠢᠯᠡᠨ ᠤᠷᠴᠢᠭᠤᠯᠤᠭᠰᠠᠨ ᠰᠢᠯᠤᠭᠤᠨ ᠰᠢᠷ᠎ᠡ ᠬᠤᠰᠢᠭᠤᠨ ᠤ | ᠲᠡᠷᠢᠭᠦᠨ ᠵᠡᠷᠭᠡ ᠶᠢᠨ ᠵᠢᠩᠭᠢᠨᠢ ᠲᠦᠰᠢᠮᠡᠯ ᠠᠷᠡᠨᠡ᠂ 18 ᠳ᠋ᠤᠭᠠᠷ ᠵᠠᠭᠤᠨ ᠤ ᠦᠶ᠎ᠡ ᠶᠢᠨ ᠮᠤᠩᠭᠤᠯ ᠬᠡᠪᠯᠡᠯ ᠤᠨ | ᠭᠤᠷᠪᠡᠨ ᠭᠤᠯᠤᠮᠳᠡ ᠶᠢᠨ ᠨᠢᠭᠡ ᠪᠤᠯᠬᠤ ᠴᠠᠬᠠᠷ ᠤᠨ ᠴᠠᠭᠠᠨ ᠠᠭᠤᠯᠡ ᠶᠢᠨ ᠰᠦᠮ᠎ᠡ ᠶᠢᠨ ᠮᠤᠳᠤᠨ ᠪᠠᠷ ᠤᠨ ᠬᠡᠪᠯᠡᠯ | ᠤᠨ ᠭᠠᠵᠠᠷ ᠢ ᠪᠠᠶᠢᠭᠤᠯᠵᠦ᠂ ︽ᠷᠡᠰᠢᠶᠡᠨ ᠤ ᠲᠤᠰᠦᠯ︾᠂ ︽ᠰᠤᠪᠠᠰᠢᠳᠢ︾ ᠮᠡᠳᠤ ᠤᠯᠡᠨ ᠨᠤᠮ ᠵᠤᠬᠢᠶᠠᠯ ᠢ | ᠲᠦᠪᠡᠳ ᠠᠴᠠ ᠮᠤᠩᠭᠤᠯᠴᠢᠯᠠᠨ ᠬᠡᠪᠯᠡᠭᠦᠯᠦᠭᠰᠡᠨ ᠴᠠᠬᠠᠷ ᠭᠡᠪᠰᠢ ᠯᠤᠪᠰᠠᠩᠴᠦ᠋ᠯᠳᠤᠮ ᠨᠠᠷ ᠪᠤᠢ᠃ ᠡᠳᠡᠭᠡᠷ ᠠᠴᠠ | ᠭᠠᠳᠠᠨ᠎ᠠ ᠠᠷᠠᠢ ᠬᠤᠵᠢᠭᠤ ᠦᠶ᠎ᠡ ᠶᠢᠨ ᠨᠡᠷᠡᠳᠤ ᠤᠷᠴᠢᠭᠤᠯᠤᠭᠴᠢᠳ ᠭᠡᠪᠡᠯ ︽ᠮᠤᠩᠭᠤᠯ ᠦᠰᠦᠭ ᠤᠨ ᠪᠦᠭᠦᠳᠡ | ᠲᠠᠶᠢᠯᠪᠦᠷᠢ ᠲᠤᠯᠢ︾ ᠭᠡᠮᠡᠭᠦ ᠬᠡᠯᠡ ᠵᠦᠢ ᠶᠢᠨ ᠲᠤᠮᠤᠬᠠᠨ ᠵᠤᠬᠢᠶᠠᠯ ᠢ ᠪᠢᠴᠢᠵᠦ᠂ ︽ᠶᠡᠭᠡ ᠰᠤᠷᠳᠠᠬᠤᠢ︾᠂ ︽ᠭᠡᠪ | ᠲᠤᠮᠳᠠᠳᠤ︾᠂ ︽ᠰᠢᠭᠦᠮᠵᠢᠯᠡᠯ ᠦᠭᠦᠯᠡᠯ︾᠂ ︽ᠮᠧᠩᠽᠢ ᠪᠢᠴᠢᠭ︾ ᠵᠡᠷᠭᠡ ᠳᠦᠷᠪᠡᠨ ᠪᠢᠴᠢᠭ ᠲᠡᠷᠢᠭᠦᠳᠡᠨ ᠢ | ᠬᠢᠳᠡᠳ ᠠᠴᠠ ᠤᠷᠴᠢᠭᠤᠯᠤᠭᠰᠠᠨ ᠲᠦᠮᠡᠳ ᠤᠨ ᠭᠠᠯᠰᠠᠩ᠂ ︽ᠤᠯᠠᠭᠠᠨ ᠠᠰᠠᠷ ᠤᠨ ᠵᠡᠭᠦᠳᠦ︾ ᠢ 40 ᠪᠦᠯᠦᠭ | ᠲᠤ ᠲᠤᠪᠴᠢᠯᠠᠵᠦ ᠴᠤᠬᠤᠯᠡᠪᠤᠷᠢᠯᠡᠨ ᠤᠷᠴᠢᠭᠤᠯᠤᠭᠰᠠᠨ ᠬᠠᠰᠪᠤ᠂ ︽ᠱᠦᠢ ᠬᠤ᠋︾ ᠶᠢ ᠤᠷᠴᠢᠭᠤᠯᠤᠭᠰᠠᠨ | ᠭᠦᠯᠡᠷᠡᠨᠰᠡ᠂ ︽ᠵᠠᠯᠭᠠᠵᠦ ᠪᠢᠴᠢᠭᠰᠡᠨ ᠵᠠᠰᠠᠭ ᠲᠤᠷ ᠲᠤᠰᠠᠯᠠᠬᠤ ᠨᠡᠪᠳᠡᠷᠬᠡᠢ ᠲᠤᠯᠢ︾ ᠶᠢ ᠰᠤᠩᠭᠤᠨ | ᠤᠷᠴᠢᠭᠤᠯᠤᠭᠰᠠᠨ ᠰᠦᠩᠸᠠᠶᠢᠳᠠᠨᠵᠦᠩ᠂ ︽ᠭᠦᠭᠡ ᠰᠤᠳᠤᠷ︾᠂ ︽ᠨᠢᠭᠡᠨ ᠲᠠᠪᠬᠤᠷ ᠠᠰᠠᠷ︾᠂ ︽ᠤᠯᠠᠭᠠᠨ᠎ᠠ | ᠤᠬᠢᠯᠠᠬᠤ ᠲᠢᠩᠭᠢᠮ︾ ᠵᠡᠷᠭᠡ ᠤᠯᠡᠨ ᠷᠤᠮᠡᠨ ᠪᠢᠴᠢᠵᠦ᠂ ︽ᠭᠤᠷᠪᠡᠨ ᠤᠯᠤᠰ ᠤᠨ ᠦᠯᠢᠭᠡᠷ︾᠂ ︽ᠵᠢᠩ ᠬᠤᠸᠠ | ᠶᠤᠸᠠᠨ ᠪᠢᠴᠢᠭ︾ ᠵᠡᠷᠭᠡ ᠶᠢ ᠰᠤᠩᠭᠤᠨ ᠤᠷᠴᠢᠭᠤᠯᠤᠭᠰᠠᠨ ᠶᠡᠭᠡ ᠵᠤᠬᠢᠶᠠᠯᠴᠢ ᠢᠨᠵᠠᠨᠠᠭᠰᠢ ᠨᠠᠷ ᠪᠤᠢ᠃ |