| ᠪ᠊᠂ ᠪᠢᠯᠢᠭ | | ᠠᠮᠤᠷ ᠮᠡᠨᠳᠦ ᠶᠢ ᠨᠢ ᠠᠰᠠᠭᠤᠵᠤ | ᠠᠪᠤ ᠶᠢᠨ ᠲᠠᠯ᠎ᠠ ᠳᠠᠭᠠᠨ ᠬᠤᠷᠤᠶᠢᠯᠠᠨ ᠠᠪᠤᠬᠤᠢ | ᠠᠯᠠᠭ ᠦᠭᠡᠢ ᠬᠠᠶᠢᠷ᠎ᠠ ᠶᠢᠨ ᠰᠦᠨ ᠤᠨᠢᠶᠠᠷ ᠢᠶᠠᠷ | ᠠᠶᠢᠯ ᠤᠨ ᠮᠢᠨᠢ ᠬᠤᠶᠢᠮᠤᠷ ᠮᠤᠷᠢᠯᠠᠬᠤ ᠶᠢᠨ ᠤᠴᠢᠷ | ᠠᠭᠢ ᠨᠢᠳᠦᠯᠡᠬᠦ ᠨᠤᠭᠤᠭᠠᠨ ᠡᠳᠦᠷ ᠤᠨ ᠬᠢᠨᠢ ᠡᠬᠢᠨ ᠳᠤ | ᠠᠷᠪᠠᠨ ᠵᠦᠭ ᠤᠨ ᠰᠠᠯᠬᠢ ᠨᠡᠶᠢᠯᠡᠭᠦᠯᠵᠦ ᠪᠢ ᠳᠠᠭᠤᠯᠠᠨᠠᠮ᠃ | ᠬᠠᠳᠠᠭ ᠤᠨ ᠦᠩᠭᠡᠨ ᠳᠤ ᠰᠢᠩᠭᠡᠭᠰᠡᠨ | ᠬᠠᠭᠳᠠᠨ ᠠᠴᠠ ᠦᠨᠦᠷᠲᠡᠬᠦ ᠨᠢᠭᠡ ᠡᠪᠦᠯ ᠤᠨ ᠴᠠᠰᠤᠨ | ᠬᠠᠷᠠᠭᠠᠨ ᠠᠴᠠ ᠮᠠᠨᠢ ᠠᠨᠢᠰᠬ᠎ᠠ ᠵᠠᠯᠭᠠᠬᠤ ᠶᠢᠨ ᠤᠴᠢᠷ | ᠬᠠᠭᠠᠨ ᠭᠤᠪᠢ ᠮᠦᠩᠭᠦ ᠪᠠᠷ ᠬᠤᠶᠠᠭᠯᠠᠨ ᠰᠢᠨᠡᠳᠬᠦᠢ | ᠬᠠᠶ᠋ᠢᠭᠯᠠᠵᠤ ᠪᠢᠴᠢᠬᠦ ᠴᠠᠭ ᠬᠤᠭᠤᠴᠠᠭᠠᠨ ᠤ ᠰᠤᠷᠠᠭ ᠲᠤ | ᠬᠠᠯᠠᠭᠤᠨ ᠡᠯᠢᠭᠡᠨ ᠨᠤᠲᠤᠭ ᠮᠢᠨᠢ ᠨᠠᠳᠠ ᠪᠠᠷ ᠳᠤᠭᠳᠤᠯᠤᠨᠠᠮ᠃ | ᠬᠦᠷᠦᠰᠦ ᠤᠰᠤᠨ ᠤ ᠠᠮᠢᠰᠬᠤᠭ᠎ᠠ | ᠬᠦᠳᠡᠭᠡ ᠶᠢᠨ ᠵᠡᠷᠭᠡᠯᠭᠡᠨ ᠳᠤ ᠲᠠᠯᠪᠢᠭᠤᠷᠠᠬᠤᠢ | ᠬᠦᠮᠦᠰᠬᠡ ᠳᠡᠯᠭᠡᠬᠦ ᠶᠢᠨ ᠬᠦᠭᠵᠢᠮ ᠪᠠᠶᠠᠰᠬᠤᠯᠠᠩ | ᠬᠦᠮᠦᠨ ᠵᠠᠶᠠᠭᠠᠨ ᠤ ᠦᠨᠳᠦᠷ ᠢᠪᠡᠭᠡᠯ ᠳᠤ | ᠬᠦᠷ ᠲᠠᠢ ᠳᠦᠭᠦᠷᠡᠩ ᠨᠢᠭᠡ ᠵᠢᠯ ᠪᠤᠴᠠᠵᠤ | ᠬᠦᠭᠵᠢᠯ ᠲᠠᠢ ᠪᠠᠨ ᠢᠵᠢᠯᠢ ᠮᠢᠩᠭᠠᠨ ᠵᠢᠯ ᠡᠷᠭᠢᠨᠡᠮ᠃ | ᠪᠤᠶᠠᠨ ᠮᠡᠨᠳᠦ ᠶᠢᠨ ᠤᠷᠤᠰᠬᠠᠯ | ᠪᠤᠷᠬᠠᠨ ᠤ ᠠᠯᠠᠭᠠᠨ ᠠᠴᠠ ᠤᠨᠳᠤᠷᠬᠤᠢ | ᠪᠤᠱᠤᠭ᠎ᠠ ᠠᠯᠬᠤᠬᠤ ᠶᠢᠨ ᠠᠯᠲᠠᠨ ᠲᠠᠪᠢᠯᠠᠩ | ᠪᠠᠶᠠᠨ ᠰᠡᠳᠬᠢᠯ ᠤᠨ ᠪᠦᠲᠦᠨ ᠢᠷᠦᠭᠡᠯ ᠳᠤ | ᠪᠠᠭ᠋ᠠᠷᠬᠠᠵᠤ ᠵᠤᠯᠭᠠᠬᠤ ᠨᠢ ᠵᠢᠷᠭᠠᠯ ᠨᠡᠮᠡᠬᠦ ᠵᠢᠷᠭᠠᠯ | ᠪᠠᠶᠠᠰᠴᠤ ᠬᠠᠶᠢᠷᠠᠯᠠᠬᠤ ᠨᠢ ᠵᠢᠯ ᠨᠡᠮᠡᠭᠳᠡᠬᠦ ᠵᠢᠯ ᠪᠠᠶᠢᠨᠠᠮ᠃ |