ᠲᠡᠯᠡᠮᠡᠨ ᠵᠢᠷᠤᠭ᠎ᠠ ᠮᠦᠷᠡᠨ ᠰᠢᠭ ᠤᠨ ᠵᠢᠯ ᠤᠷᠤᠰᠤᠨ᠎ᠠ | ᠲᠠᠪᠢᠯᠠᠩ ᠵᠠᠶᠠᠭᠠᠨ ᠤ ᠡᠷᠬᠡᠨ ᠳᠤ ᠪᠠᠶᠠᠰᠤᠯ ᠭᠤᠨᠢᠭ ᠡᠭᠡᠯᠵᠢᠯᠡᠨ᠎ᠡ | ᠦᠳᠡᠰᠢ ᠮᠠᠨᠳᠤᠭᠰᠠᠨ ᠰᠠᠷᠠᠨ ᠦᠷᠯᠦᠭᠡ ᠪᠤᠯᠬᠤ ᠳᠤ ᠪᠦᠲᠡᠭᠢᠷᠡᠨᠡ | ᠦᠯᠢᠭᠡᠷ ᠳᠤᠮᠤᠭ ᠤᠨ ᠶᠢᠷᠲᠢᠨᠴᠦ ᠵᠡᠭᠦᠳᠦᠨ ᠳᠤᠮᠳᠠ ᠮᠢᠨᠢ ᠵᠠᠮᠬᠠᠷᠠᠨ᠎ᠠ | ᠮᠦᠴᠡ ᠮᠦᠴᠡ ᠪᠠᠷ ᠦᠩᠭᠡᠷᠡᠵᠦ ᠤᠨ ᠵᠢᠯ ᠤᠷᠤᠰᠤᠨ᠎ᠠ | ᠮᠦᠷ ᠮᠦᠷ ᠢᠶᠠᠨ ᠬᠢᠰᠬᠢᠵᠦ ᠬᠦᠮᠦᠨ ᠤ ᠠᠮᠢᠳᠤᠷᠠᠯ ᠦᠷᠭᠦᠯᠵᠢᠯᠡᠨ᠎ᠡ | ᠮᠦᠰᠦᠳᠦᠯ ᠤᠰᠤᠳᠤᠯ ᠰᠤᠯᠢᠯᠴᠠᠵᠤ ᠳᠦᠷᠪᠡᠨ ᠤᠯᠠᠷᠢᠯ ᠡᠷᠭᠢᠨ᠎ᠡ | ᠮᠡᠷᠭᠡᠨ ᠮᠤᠩᠬᠠᠭ ᠦᠵᠡᠯᠴᠡᠵᠦ ᠲᠡᠦᠬᠡ ᠪᠤᠯᠵᠤ ᠲᠡᠮᠳᠡᠭᠯᠡᠭᠳᠡᠨ᠎ᠡ | ᠡᠷᠬᠡ ᠠᠰᠢᠭ ᠤᠨ ᠡᠭᠦᠳᠡᠨ ᠳᠤ ᠬᠦᠮᠦᠨ ᠨᠡᠷ᠎ᠡ ᠪᠠᠨ ᠭᠤᠲᠤᠭᠠᠨᠠ | ᠦᠰᠢᠯ ᠭᠢᠰᠠᠯ ᠤᠨ ᠡᠷᠬᠡᠨ ᠳᠤ ᠬᠢᠲᠤᠭ᠎ᠠ ᠰᠡᠯᠡᠮ᠎ᠡ ᠡᠷᠭᠦᠯᠴᠡᠨᠡ | ᠡᠯᠪᠡᠷᠢᠯ ᠠᠴᠢᠯᠠᠯ ᠤᠨ ᠳᠠᠪᠠᠭ᠎ᠠ ᠮᠤᠷᠤᠢ ᠰᠠᠷᠤᠢ ᠦᠷᠭᠦᠯᠵᠢᠯᠡᠨ᠎ᠡ | ᠦᠨᠡᠨ ᠬᠤᠳᠠᠯ ᠠᠭᠤᠰᠤᠯᠴᠠᠵᠤ ᠴᠠᠭ ᠢᠶᠠᠨ ᠳᠠᠭᠠᠵᠤ ᠪᠦᠮᠪᠦᠷᠢᠨ᠎ᠡ | ᠢᠯᠠᠵᠤ ᠢᠯᠠᠭᠳᠠᠬᠤ ᠶᠢᠨ ᠲᠡᠩᠨᠡᠭᠦᠷ ᠳᠡᠭᠡᠷ᠎ᠡ ᠢᠷᠠᠭᠤ ᠳᠠᠭᠤᠯᠠᠯ ᠬᠤᠴᠤᠷᠤᠨ᠎ᠠ | ᠢᠷᠡᠵᠦ ᠪᠤᠴᠠᠬᠤ ᠶᠢᠨ ᠵᠠᠶᠠᠭᠠᠨ ᠳᠡᠭᠡᠷ᠎ᠡ ᠮᠦᠰᠦ ᠴᠢᠨᠠᠷ ᠨᠢ ᠳᠤᠷᠠᠶᠢᠨ᠎ᠠ | ᠲᠦᠮᠡᠨ ᠵᠢᠯ ᠤᠷᠤᠰᠤᠭᠰᠠᠨ ᠴᠦ ᠤᠨ ᠵᠢᠯ ᠳᠤ ᠲᠡᠭᠦᠰᠬᠡᠯ ᠦᠭᠡᠢ | ᠲᠡᠭᠦᠨ ᠤ ᠳᠤᠮᠳᠠ ᠬᠡᠷᠬᠢᠨ ᠵᠦᠴᠦᠭᠡᠯᠡᠭᠰᠡᠨ ᠴᠦ ᠬᠦᠮᠦᠨ ᠤ ᠨᠠᠰᠤ ᠪᠤᠭᠤᠨᠢᠬᠠᠨ᠃ |