ᠮᠤᠩᠭᠤᠯ ᠳᠡᠪᠡᠯ
ᠨᠡᠶᠢᠲᠡᠯᠡᠭᠰᠡᠨ ᠴᠠᠭ᠄
2016-08-01
ᠭᠦ᠊᠂ ᠪᠦᠷᠢᠨᠪᠠᠶᠠᠷᠮᠦᠩᠭᠡ ᠲᠡᠭᠷᠢ ᠶᠢᠨ ᠵᠢᠰᠦ ᠬᠦᠨᠳᠦᠯᠡᠵᠦᠮᠦᠩᠭᠦᠨ ᠲᠤᠪᠴᠢ ᠶᠢᠨ ᠤᠳᠬ᠎ᠠ ᠶᠢ ᠳᠡᠯᠭᠡᠵᠦᠮᠤᠩᠭᠤᠯ ᠪᠦᠰᠡᠭᠦᠢ ᠶᠢᠨ ᠤᠷᠠᠨ ᠮᠤᠲᠤᠷ ᠠᠴᠠᠮᠤᠷᠢᠲᠠᠨ ᠤᠳᠤᠮ ᠤᠨ ᠳᠡᠪᠡᠯ ᠮᠡᠨᠳᠦᠯᠡᠨ᠎ᠡ᠃ᠳᠡᠪᠡᠯ ᠤᠨ ᠵᠠᠭᠠᠮ᠎ᠠ ᠪᠠᠨ ᠪᠤᠰᠤᠭ᠎ᠠ ᠪᠤᠳᠤᠵᠤᠳᠡᠯᠡᠬᠡᠢ ᠲᠦᠭᠦᠷᠢᠭᠯᠡᠵᠦ ᠲᠤᠭᠤᠷᠢᠭ ᠵᠢᠷᠤᠨ᠎ᠠ᠃ᠳᠡᠯᠭᠡᠷ ᠦᠷᠭᠡᠨ ᠮᠦᠷᠦ ᠶᠢ ᠨᠢ ᠲᠦᠭᠡᠯᠡᠵᠦᠳᠡᠯᠢᠮ ᠬᠢᠷᠢ ᠠᠭᠤᠵᠢᠮ ᠵᠢᠱᠢᠨ᠎ᠡ᠃ᠠᠳᠠᠷ ᠤᠨ ᠰᠠᠯᠬᠢ ᠶᠢ ᠵᠢᠰᠢᠭᠦᠦ ᠵᠠᠯᠠᠬᠤ ᠪᠠᠷᠠᠰᠬᠠᠨ ᠡᠩᠭᠡᠷ ᠢ ᠳᠠᠰᠢᠭᠤ ᠪᠤᠯᠭᠠᠨ᠎ᠠ᠃ᠠ᠊ ᠶᠢᠨ ᠠᠶᠢᠮᠠᠭ ᠢ᠊ ᠢᠶᠠᠷ ᠦᠯᠢᠭᠡᠷᠯᠡᠵᠦᠠᠴᠤᠭ ᠰᠢᠯᠪᠢ ᠶᠢ ᠠᠮᠢᠳᠤᠯᠢᠭ ᠲᠤᠬᠢᠶᠠᠨ᠎ᠠ᠃ᠡ᠊ ᠰᠢᠳᠤ ᠶᠢ ᠨᠢ ᠡᠭᠡᠮᠦᠨ ᠳᠤ ᠰᠤᠶᠢᠵᠤᠡᠩᠭᠡᠷ ᠤᠨ ᠲᠠᠰᠢᠭᠤ ᠶᠢ ᠰᠦᠪᠡᠭᠡᠨ ᠳᠤ ᠵᠦᠷᠢᠭᠦᠯᠦᠨ᠎ᠡ᠃ᠡᠯᠢᠭᠡᠨ ᠳᠤ ᠰᠢᠷᠭᠤᠬᠤ ᠵᠢᠪᠠᠷ ᠢ ᠬᠤᠷᠢᠵᠤᠢ᠊ ᠶᠢᠨ ᠰᠢᠯᠪᠢ ᠶᠢ ᠰᠤᠭᠤᠨ ᠳᠤ ᠲᠤᠪᠴᠢᠯᠠᠨ᠎ᠠ᠃ᠡᠮᠦᠰᠬᠦ ᠳᠡᠪᠡᠯ ᠤᠨ ᠵᠠᠭᠠᠮ᠎ᠠ ᠵᠠᠬ᠎ᠠ ᠶᠢᠡᠪᠲᠡᠢ ᠲᠤᠬᠢᠲᠠᠢ ᠤᠷᠠᠯᠢᠭ ᠵᠤᠬᠢᠶᠠᠨ᠎ᠠᠡᠷᠭᠦᠨ ᠲᠠᠯᠪᠢᠬᠤ ᠰᠤᠭᠤ ᠶᠢᠨ ᠠᠮᠢᠰᠬᠤᠭ᠎ᠠᠡᠪᠯᠡᠭᠦᠨ ᠰᠢᠯᠤᠭᠤᠨ ᠬᠠᠨᠴᠤᠢ ᠱᠤᠳᠤᠷᠠᠨ᠎ᠠ᠃ᠴᠤᠯᠪᠤᠭᠤᠷ ᠰᠤᠶᠢᠵᠤ ᠵᠢᠯᠤᠭᠤ ᠰᠤᠩᠭᠠᠬᠤ ᠪᠠᠷᠴᠤᠮᠪᠤᠩ ᠬᠠᠨᠴᠤᠢ ᠳᠤ ᠲᠤᠷᠤᠤ ᠪᠠᠭᠤᠯᠭᠠᠨ᠎ᠠ᠃ᠴᠤᠮᠬᠠᠨ ᠨᠤᠭᠤᠯᠤᠭ᠎ᠠ ᠬᠤᠨᠢᠶᠠᠰᠤ ᠳᠠᠷᠤᠵᠤᠴᠤᠬᠤᠮ‌‍ᠴᠦ ᠡᠪᠯᠢᠭ ᠳᠠᠰᠢᠶ᠎ᠠ ᠲᠠᠯᠪᠢᠨ᠎ᠠ᠃ᠦᠯᠵᠡᠢ ᠮᠦᠷ ᠲᠠᠢ ᠵᠢᠯᠤᠭᠤ ᠡᠯᠭᠦᠭᠡᠳᠦᠯᠡᠮᠡᠢ ᠦᠨᠳᠡᠶᠢᠨ ᠳᠦᠷᠦᠭᠡᠯᠡᠬᠦ ᠶᠢᠨ ᠵᠠᠭᠤᠷ᠎ᠠᠦᠷᠢᠶ᠎ᠡ ᠮᠤᠷᠢᠨ‌‍ᠤ ᠡᠷᠭᠢᠴᠡᠭᠡ ᠭᠦᠢᠴᠡᠬᠦᠡᠭᠦᠯᠡᠨ ᠬᠡ ᠲᠠᠢ ᠤᠭᠤᠨᠤ ᠠᠮᠠᠳᠠᠨ᠎ᠠ᠃ᠠᠭᠰᠠᠭᠠᠵᠤ ᠡᠮᠦᠰᠪᠡᠯ ᠭᠡᠭᠡᠮᠰᠦᠭ ᠪᠤᠰᠴᠤᠠᠯᠠᠭ᠎ᠠ ᠳᠠᠷᠤᠮ᠎ᠠ ᠰᠦᠪᠡᠭᠡ ᠳᠠᠷᠤᠨ᠎ᠠ᠃ᠠᠷᠤ ᠶᠢᠨ ᠬᠤᠷᠮᠤᠢ ᠶᠢ ᠪᠢᠲᠡᠭᠦᠦ ᠳᠡᠪᠢᠰᠴᠦᠠᠯᠲᠠᠨ ᠪᠦᠷᠭᠦᠳ ᠤᠨ ᠰᠡᠭᠦᠯ ᠳᠡᠯᠭᠡᠨ᠎ᠡ᠃ᠳᠡᠪᠡᠯ ᠤᠨ ᠡᠩᠭᠡᠷ ᠢᠶᠠᠨ ᠬᠤᠷᠭᠤᠢ ᠴᠢᠮᠭᠡᠷᠯᠡᠵᠦᠲᠡᠭᠷᠢ ᠶᠢᠨ ᠤᠶᠤᠳᠠᠯ ᠢ ᠵᠦᠢᠷᠯᠡᠵᠦ ᠴᠢᠮᠡᠨ᠎ᠡ᠃ᠲᠡᠭᠦᠨ ᠤ ᠲᠤᠭᠤᠷᠢᠨ ᠳᠤ ᠤᠳᠤ ᠰᠢᠭᠢᠳᠬᠡᠷᠯᠡᠵᠦᠲᠤᠪᠴᠢ ᠲᠡᠪᠡᠭᠡ ᠶᠢ ᠮᠦᠩᠭᠦ ᠪᠠᠷ ᠬᠠᠳᠠᠨ᠎ᠠ᠃ᠤᠳᠠᠭᠠᠨ ᠡᠮᠦᠰᠬᠦ ᠳᠤ ᠴᠢᠨᠠᠷ ᠢ ᠪᠠᠬᠢᠯᠡᠵᠦᠤᠴᠢᠭ ᠪᠦᠷᠢ ᠳᠤᠨᠢ ᠦᠯᠵᠡᠢ ᠵᠠᠩᠭᠢᠳᠤᠨ᠎ᠠ᠃ᠡᠮᠦᠨ᠎ᠡ ᠬᠤᠶᠢᠨ᠎ᠠ ᠬᠤᠶᠠᠷ ᠬᠤᠷᠮᠤᠢ ᠶᠢᠤᠷᠲᠤᠷᠢᠭ ᠤᠲᠠᠰᠤ ᠪᠠᠷ ᠬᠤᠯᠪᠤᠵᠤ ᠬᠠᠪᠤᠨ᠎ᠠ᠃ᠤᠷᠠᠨ ᠰᠠᠨᠠᠭ᠎ᠠ ᠶᠢᠷᠲᠢᠨᠴᠦ ᠡᠷᠭᠢᠵᠦᠦᠷᠭᠡᠷᠢᠭ ᠱᠤᠭᠤᠮ ᠢᠶᠠᠷ ᠪᠦᠰᠡ ᠳᠠᠷᠤᠨ᠎ᠠ᠃ᠳᠡᠯᠡᠬᠡᠢ ᠡᠵᠢ ᠶᠢᠨ ᠡᠩᠭᠡᠷᠳᠤᠤ ᠳᠡᠪᠡᠯᠳᠡᠯᠭᠡᠷᠡᠬᠦ ᠵᠤᠨ ᠤ ᠡᠩᠬᠡ ᠶᠢᠨ ᠬᠡᠶᠢᠮᠦᠷᠢ᠃ᠵᠠᠭᠠᠮ᠎ᠠ ᠪᠠᠨ ᠬᠦᠨᠳᠦᠯᠡᠬᠦ ᠮᠤᠩᠭᠤᠯ ᠰᠤᠶᠤᠯᠵᠠᠬ᠎ᠠ ᠦᠭᠡᠢ ᠬᠤᠷᠸ᠎ᠠ ᠶᠢᠨ ᠮᠦᠩᠬᠡ ᠶᠢᠨ ᠬᠤᠶᠢᠮᠤᠷ᠃ᠡᠳᠦᠷ ᠲᠤᠵᠢ ᠳᠠᠭᠠᠨ ᠡᠮᠦᠰᠬᠦ ᠬᠤᠪᠴᠠᠯᠠᠭ᠎ᠠᠦᠳᠡᠰᠢ ᠶᠢᠨ ᠤᠨᠲᠠᠯᠭ᠎ᠠ ᠳᠤ ᠬᠦᠨᠵᠢᠯᠡ ᠬᠤᠴᠢᠯᠭ᠎ᠠᠢᠰᠡᠭᠡᠢ ᠲᠤᠭᠤᠷᠭᠠᠲᠠᠨ ᠤ ᠦᠶ᠎ᠡ ᠶᠢᠨ ᠦᠶ᠎ᠡ ᠶᠢᠦᠰᠬᠡᠵᠦ ᠬᠦᠮᠦᠵᠢᠭᠦᠯᠬᠦ ᠮᠤᠩᠭᠤᠯ ᠬᠤᠷᠸ᠎ᠠ᠃ᠲᠦᠯ ᠮᠠᠯ ᠳᠤ ᠠᠵᠢᠯ ᠤᠨ ᠬᠤᠪᠴᠠᠰᠤᠲᠦᠷᠦ ᠶᠢᠨ ᠶᠤᠰᠤᠯᠠᠯ ᠳᠤ ᠵᠠᠰᠠᠯ ᠤᠨ ᠵᠢᠰᠦᠲᠦᠮᠡᠨ ᠦᠶ᠎ᠡ ᠦᠷ᠎ᠡ ᠳᠡᠭᠡᠨ ᠤᠯᠠᠮᠵᠢᠯᠠᠬᠤᠲᠦᠷᠦᠯᠬᠢ ᠮᠠᠨ ᠤ ᠮᠤᠩᠭᠤᠯ ᠳᠡᠪᠡᠯ ᠡ︕
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号