ᠱ᠊᠂ ᠳᠤᠯᠮ᠎ᠠ | | ᠰᠦᠮᠪᠦᠷ ᠶᠡᠭᠡ ᠠᠭᠤᠯᠠᠰ ᠢ ᠨᠢ | ᠰᠦᠨ ᠰᠠᠴᠤᠯᠢ ᠪᠠᠷ ᠠᠷᠭᠠᠳᠠᠳᠠᠭ | ᠴᠡᠴᠡᠭ ᠤᠨ ᠬᠡ ᠲᠠᠢ ᠳᠡᠯᠡᠬᠡᠢ ᠶᠢ ᠨᠢ | ᠰᠡᠳᠬᠢᠯ ᠤᠨ ᠡᠷᠭᠦᠯ ᠢᠶᠠᠷ ᠰᠡᠷᠭᠦᠭᠡᠳᠡᠭ | ᠳᠡᠭᠡᠳᠦᠰ ᠤᠨ ᠲᠠᠮᠠᠭᠠᠨ ᠪᠠᠭᠤᠷᠢ ᠲᠠᠢ | ᠳᠡᠭᠡᠪᠦᠷᠲᠦ ᠬᠦᠬᠡ ᠠᠰᠠᠷ ᠮᠢᠨᠦ | ᠳᠡᠯᠡᠬᠡᠢ ᠶᠢᠨ ᠲᠡᠦᠬᠡᠨ ᠳᠤ ᠵᠠᠷ ᠲᠠᠢ | ᠳᠡᠪᠡᠯ ᠲᠠᠢ ᠶᠡᠭᠡ ᠮᠤᠩᠭᠤᠯ ᠮᠢᠨᠦ | ᠵᠠᠭᠤᠨ ᠤ ᠰᠠᠯᠬᠢ ᠶᠢ ᠰᠦᠷᠦᠭᠰᠡᠨ ᠴᠦ | ᠳᠡᠭᠡᠪᠦᠷ ᠪᠦᠲᠦᠨ ᠦᠯᠡᠳᠡᠭᠰᠡᠨ | ᠵᠤᠯᠠᠭᠲᠤ ᠭᠤᠲᠤᠯ ᠢᠶᠠᠨ ᠡᠯᠡᠭᠡᠭᠰᠡᠨ ᠴᠦ | ᠳᠡᠯᠡᠬᠡᠢ ᠶᠢᠨ ᠡᠯᠢᠭᠡᠨ ᠳᠡᠭᠡᠷ᠎ᠡ ᠵᠠᠪᠢᠯᠠᠭᠰᠠᠨ | ᠠᠯᠲᠠᠨ ᠨᠠᠷᠠᠨ ᠠᠴᠠ ᠤᠶᠠᠭ᠎ᠠ ᠲᠠᠢ | ᠠᠤᠭ᠎ᠠ ᠰᠠᠶᠢᠬᠠᠨ ᠨᠤᠲᠤᠭ ᠮᠢᠨᠢ | ᠠᠪᠤ ᠡᠵᠢ ᠠᠴᠠ ᠵᠠᠶᠠᠭ᠎ᠠ ᠲᠠᠢ | ᠠᠰᠢᠳᠠ ᠮᠠᠨᠳᠤᠬᠤ ᠤᠷᠤᠨ ᠮᠢᠨᠢ | ᠠᠮᠢᠰᠬᠤᠯᠯᠠᠬᠤ ᠳᠤ ᠠᠭᠠᠷ ᠨᠢ ᠲᠡᠨᠢᠭᠦᠨ | ᠠᠯᠲᠠᠨ ᠠᠮᠢ ᠪᠠᠷ ᠠᠷᠭᠠᠮᠵᠢᠶ᠎ᠠ ᠲᠠᠢ | ᠠᠰᠤᠷᠤ ᠠᠭᠤᠳᠠᠮ ᠨᠤᠲᠤᠭ ᠮᠢᠨᠢ | ᠬᠦᠮᠦᠨ ᠲᠦᠷᠦᠯᠬᠢᠲᠡᠨ ᠤ ᠲᠡᠦᠬᠡᠨ ᠳᠤ | ᠡᠬᠢᠨ ᠤ ᠨᠡᠭᠦᠳᠡᠯ ᠮᠤᠩᠭᠤᠯ | ᠬᠦᠯᠴᠦᠭᠦᠦ ᠬᠤᠷᠸ᠎ᠠ ᠶᠢᠨ ᠲᠡᠭᠦᠰᠬᠡᠯ ᠳᠤ | ᠰᠡᠭᠦᠯᠴᠢ ᠶᠢᠨ ᠨᠡᠭᠦᠳᠡᠯ ᠴᠦ ᠮᠤᠩᠭᠤᠯ ᠡ᠃ |