| ᠱ᠊᠂ ᠳᠤᠯᠮ᠎ᠠ | | | | ᠡᠷᠢᠬᠡᠨ ᠤ ᠪᠦᠭᠡᠷ᠎ᠡ ᠰᠢᠭ ᠡᠷᠭᠢᠬᠦ ᠬᠤᠷᠸ᠎ᠠ ᠳᠤ | ᠡᠯᠡᠵᠦ ᠤᠷᠤᠰᠳᠠᠭ ᠲᠠᠭᠠᠨ ᠪᠢ ᠤᠳᠬᠤᠢ | ᠡᠩᠬᠦᠷᠡᠢ ᠦᠷᠡᠰ ᠤᠨ ᠢᠶᠠᠨ ᠬᠠᠯᠠᠭᠤᠨ ᠵᠢᠷᠦᠬᠡᠨ ᠳᠤ | ᠡᠷᠭᠢᠵᠦ ᠠᠭᠤᠰᠳᠠᠭ ᠲᠠᠭᠠᠨ ᠪᠢ ᠤᠷᠤᠰᠢᠬᠤᠢ | ᠠᠯᠳᠠ ᠮᠦᠩᠭᠦᠨ ᠨᠢᠳᠦᠲᠦ ᠬᠦᠬᠡ ᠲᠡᠭᠷᠢ ᠶᠢᠨ ᠲᠤᠤᠷ᠎ᠠ | ᠠᠮᠢᠯᠠᠵᠤ ᠲᠦᠷᠦᠭᠰᠡᠨ ᠮᠢᠨᠢ ᠬᠦᠮᠦᠨ ᠵᠠᠶᠠᠭᠠᠨ ᠤ ᠤᠷᠤᠰᠢᠬᠤᠢ | ᠠᠪᠤ ᠶᠢ ᠪᠠᠨ ᠠᠯᠳᠠᠴᠢᠬᠠᠭᠠᠳ ᠴᠢᠯᠠᠭᠤ ᠴᠤᠭᠤᠯᠤᠭᠰᠠᠨ ᠨᠢᠯᠪᠤᠰᠤ ᠮᠢᠨᠢ | ᠠᠤᠭ᠎ᠠ ᠡᠨᠡ ᠤᠷᠴᠢᠯᠠᠩ ᠤᠨ ᠭᠤᠨᠢᠭ ᠢᠶᠠᠷ ᠭᠠᠰᠠᠯᠬᠤ ᠤᠷᠤᠰᠢᠬᠤᠢ ᠁ | ᠤᠩᠭᠤᠳ ᠤᠨ ᠴᠠᠭᠠᠨ ᠵᠠᠮ ᠢᠶᠠᠷ ᠨᠠᠶᠢᠷᠠᠭ ᠤᠨ ᠰᠦ ᠠᠰᠬᠠᠵᠤ | ᠤᠳᠤ ᠲᠠᠢ ᠬᠠᠨᠢᠰᠠᠨ ᠳᠠᠭᠤᠯᠠᠭᠰᠠᠨ ᠮᠢᠨᠢ ᠭᠡᠭᠡᠨ ᠤᠷᠤᠰᠢᠬᠤᠢ | ᠤᠷᠤᠭ ᠰᠠᠭᠠᠷᠠᠯ ᠵᠡᠷᠭᠡᠯᠭᠡᠨ ᠳᠤᠮᠳᠠ ᠡᠵᠢ ᠪᠠᠨ ᠦᠳᠡᠴᠢᠬᠡᠭᠡᠳ | ᠤᠶᠢᠴᠢᠵᠤ᠂ ᠪᠦᠳᠦᠴᠢᠵᠦ ᠶᠠᠪᠤᠭᠰᠠᠨ ᠮᠢᠨᠢ ᠭᠡᠰᠬᠡᠯᠲᠦ ᠤᠷᠤᠰᠢᠬᠤᠢ | ᠰᠦᠨ ᠳᠠᠯᠠᠢ ᠰᠢᠭ᠋ ᠬᠠᠶᠢᠷ᠎ᠠ ᠪᠠᠨ ᠡᠷ᠎ᠡ ᠬᠦᠮᠦᠨ ᠳᠤ ᠵᠡᠭᠦᠵᠦ ᠠᠯᠳᠠᠴᠢᠬᠠᠭᠠᠳ | ᠤᠶᠢᠷᠠᠵᠤ ᠭᠤᠲᠤᠷᠠᠲᠠᠯᠠ ᠪᠠᠨ ᠭᠤᠨᠢᠭᠰᠠᠨ ᠮᠢᠨᠢ ᠭᠡᠨᠡᠨ ᠤᠷᠤᠰᠢᠬᠤᠢ | ᠰᠦᠨ ᠰᠠᠷᠠᠨ ᠤ ᠲᠤᠤᠷ᠎ᠠ ᠬᠠᠶᠢᠷ᠎ᠠ ᠶᠢᠨ ᠵᠤᠯᠠ ᠠᠰᠠᠭᠠᠭᠠᠳ | ᠰᠡᠭᠦᠵᠢᠨ ᠡᠭᠡᠮᠦᠭ ᠴᠠᠩᠲᠦᠲᠠᠯᠠ ᠪᠦᠵᠢᠵᠦ ᠶᠠᠪᠤᠭᠰᠠᠨ ᠮᠢᠨᠢ ᠭᠡᠭᠡᠨ ᠤᠷᠤᠰᠢᠬᠤᠢ | ᠨᠠᠮᠤᠷ ᠤᠨ ᠬᠢᠷᠠᠭᠤᠨ ᠳᠤ ᠮᠦᠩᠭᠦᠨ ᠰᠢᠭᠦᠳᠡᠷᠢ ᠢᠰᠬᠦᠴᠢᠵᠦ | ᠨᠠᠶᠢᠷ ᠤᠨ ᠳᠠᠭᠤᠤ ᠳᠤ ᠳᠠᠪᠠᠷᠠᠵᠤ ᠶᠠᠪᠤᠭᠰᠠᠨ ᠮᠢᠨᠢ ᠪᠠᠶᠠᠰᠤᠯ ᠤᠨ ᠤᠷᠤᠰᠢᠬᠤᠢ | ᠨᠠᠷᠠᠨ ᠤ ᠠᠰᠬᠠᠷᠠᠬᠤ ᠰᠦ ᠪᠠᠷ ᠵᠤᠯᠠᠢ ᠪᠠᠨ ᠱᠠᠪᠰᠢᠨ ᠴᠡᠩᠭᠡᠵᠦ | ᠨᠠᠰᠤᠨ ᠤ ᠬᠠᠨᠢ ᠳᠠᠭᠠᠨ ᠡᠷᠬᠡᠯᠡᠵᠦ᠂ ᠨᠢᠯᠬᠠᠷᠠᠵᠤ ᠶᠠᠪᠤᠭᠰᠠᠨ ᠮᠢᠨᠢ ᠵᠢᠷᠭᠠᠯ ᠤᠨ ᠤᠷᠤᠰᠢᠬᠤᠢ | ᠰᠢᠭᠦᠳᠡᠷᠢᠲᠦ ᠲᠠᠯ᠎ᠠ ᠠᠴᠠ ᠪᠠᠨ ᠤᠩᠭᠤᠳ ᠤᠨ ᠮᠤᠷᠢᠨ ᠳᠤ ᠳᠦᠷᠦᠭᠡᠯᠡᠵᠦ | ᠰᠢᠯᠦᠭ ᠤᠨ ᠰᠠᠴᠤᠯᠢ ᠪᠠᠷ ᠬᠦᠯᠭᠡᠨ ᠰᠤᠲᠤᠷ ᠮᠢᠯᠢᠶᠠᠭᠰᠠᠨ ᠮᠢᠨᠢ ᠪᠢᠯᠢᠭ ᠤᠨ ᠤᠷᠤᠰᠢᠬᠤᠢ | ᠱᠢᠷᠤ ᠰᠤᠪᠤᠳ ᠤᠨ ᠭᠤᠶᠤᠯ ᠢᠶᠠᠷ ᠪᠦᠰᠡᠭᠦᠢ ᠨᠠᠮᠪᠠ ᠴᠢᠮᠡᠵᠤ | ᠰᠢᠬᠦᠷ ᠴᠠᠭᠠᠨ ᠭᠡᠷ ᠲᠡᠭᠡᠨ ᠳᠠᠬᠢᠨᠢ ᠰᠢᠭ᠋ ᠵᠠᠯᠠᠷᠠᠭᠰᠠᠨ ᠮᠢᠨᠢ ᠡᠷᠬᠢᠮᠰᠦᠭ ᠤᠷᠤᠰᠢᠬᠤᠢ | ᠪᠤᠯᠤ ᠬᠠᠷ᠎ᠠ ᠴᠢᠯᠠᠭᠤ ᠶᠢ ᠪᠤᠲᠠᠯᠠᠵᠤ ᠴᠢᠳᠠᠳᠠᠭ ᠵᠣᠷᠢᠭ — ᠡᠷᠡᠯᠬᠡᠭ ᠤᠷᠤᠰᠢᠬᠤᠢ | ᠪᠤᠷᠬᠠᠨ ᠤ ᠮᠡᠯᠮᠡᠢ ᠲᠠᠢ ᠬᠠᠶᠢᠷ᠎ᠠ ᠪᠠᠷ ᠴᠡᠴᠡᠭ ᠡᠩᠬᠦᠷᠡᠶᠢᠯᠡᠬᠦ ᠨᠢ ᠡᠯᠢᠭᠡᠮᠰᠦᠭ ᠤᠷᠤᠰᠢᠬᠤᠢ | ᠠᠯᠳᠠᠷ ᠡᠮᠭᠡᠨᠢᠯ ᠬᠤᠶᠠᠷ ᠢ ᠡᠭᠦᠷᠴᠦ ᠴᠢᠳᠠᠭᠰᠠᠨ ᠨᠢ ᠬᠦᠮᠦᠡᠯᠢᠭ ᠤᠷᠤᠰᠢᠬᠤᠢ | ᠠᠤᠭ᠎ᠠ ᠮᠤᠩᠭᠤᠯ ᠢ ᠨᠢᠭᠡᠨ ᠳᠡᠭᠡᠪᠦᠷ ᠲᠤ ᠬᠤᠷᠢᠶᠠᠵᠤ ᠴᠢᠳᠠᠭᠰᠠᠨ ᠨᠢ ᠬᠦᠴᠦᠷᠬᠡᠭ ᠤᠷᠤᠰᠢᠬᠤᠢ | ᠭᠡᠷ ᠤᠨ ᠪᠠᠭᠤᠷᠢ ᠪᠠᠷ ᠭᠠᠵᠠᠷ ᠲᠠᠮᠠᠭᠠᠯᠠᠭᠰᠠᠨ ᠨᠢ ᠡᠭᠡᠨᠡᠭᠲᠡ ᠤᠷᠤᠰᠢᠬᠤᠢ | ᠲᠦᠷᠦ ᠶᠢᠨ ᠲᠠᠮᠠᠭ᠎ᠠ ᠪᠠᠷ ᠤᠯᠤᠰ ᠢᠶᠠᠨ ᠵᠠᠬᠢᠷᠤᠭᠰᠠᠨ ᠨᠢ ᠡᠵᠡᠨᠲᠦ ᠤᠷᠤᠰᠢᠬᠤᠢ | ᠲᠡᠮᠦᠷ ᠳᠦᠷᠦᠭᠡ ᠡᠯᠡᠲᠡᠯ᠎ᠡ ᠳᠠᠪᠬᠢᠭᠰᠠᠨ ᠨᠢ ᠲᠦᠮᠡᠨ ᠤ ᠤᠷᠤᠰᠢᠬᠤᠢ | ᠲᠡᠭᠦᠯᠳᠡᠷ ᠢᠯᠠᠯᠲᠠ ᠪᠠᠷ ᠤᠯᠤᠰ ᠢᠶᠠᠨ ᠵᠠᠷᠯᠠᠭᠰᠠᠨ ᠨᠢ ᠲᠡᠦᠬᠡ ᠶᠢᠨ ᠤᠷᠤᠰᠢᠬᠤᠢ | ᠳᠡᠯᠲᠦ ᠬᠦᠯᠦᠭ ᠤᠨ ᠨᠢᠷᠤᠭᠤᠨ ᠳᠤ ᠲᠠᠷᠴᠤᠭᠯᠠᠵᠤ ᠳᠠᠪᠬᠢᠭᠰᠠᠨ ᠨᠢ ᠬᠡᠢ ᠮᠤᠷᠢᠯᠢᠭ ᠤᠷᠤᠰᠢᠬᠤᠢ | ᠳᠡᠯᠡᠬᠡᠢ ᠶᠢᠨ ᠲᠠᠯ᠎ᠠ ᠳᠡᠭᠡᠷ᠎ᠡ ᠵᠠᠪᠢᠯᠠᠵᠤ ᠰᠠᠭᠤᠭᠰᠠᠨ ᠨᠢ ᠶᠡᠬᠡᠮᠰᠦᠭ ᠤᠷᠤᠰᠢᠬᠤᠢ | ᠲᠠᠭᠠᠷ᠎ᠠ ᠤᠷᠤᠬᠤ ᠦᠭᠡᠢ ᠲᠤᠰᠠᠭᠠᠷ ᠲᠤᠭᠲᠠᠨᠢᠯ — ᠡᠬᠡ ᠤᠷᠤᠨ ᠤ ᠮᠢᠨᠢ ᠤᠷᠤᠰᠢᠬᠤᠢ | ᠲᠠᠶᠠᠭᠠᠷᠴᠢᠯᠠᠯ ᠤᠨ ᠵᠠᠭᠤᠨ ᠳᠤ ᠲᠡᠰᠴᠦ ᠦᠯᠡᠳᠡᠬᠦ ᠨᠢ ᠶᠡᠭᠡ ᠮᠤᠩᠭᠤᠯ ᠤᠨ ᠤᠷᠤᠰᠢᠬᠤᠢ︕ | |