| ᠬᠦᠭᠰᠢᠨ ᠵᠠᠯᠠᠭᠤ ᠦᠭᠡᠢ ᠤᠤᠭᠤᠭᠠᠳ ᠯᠡ | ᠬᠦᠭᠰᠢᠨ ᠵᠠᠯᠠᠭᠤ ᠦᠭᠡᠢ ᠤᠤᠭᠤᠭᠠᠳ ᠯᠡ | ᠬᠦᠳᠡᠭᠡ ᠭᠠᠳᠠᠭ᠎ᠠ ᠦᠭᠡᠢ ᠰᠠᠭᠤᠭᠠᠳ ᠯᠠ | ᠵᠤᠨ ᠤᠯᠠᠨ ᠮᠠᠨᠢ ᠨᠢᠭᠡ ᠯᠡ | ᠵᠤᠪᠠᠭᠰᠠᠨ ᠰᠢᠨᠵᠢᠲᠡᠢ ᠪᠠᠶᠢᠬᠤ ᠶᠤᠮ ᠁ | ᠠᠵᠢᠯ ᠤᠨ ᠪᠦᠲᠦᠭᠡᠯ ᠪᠠᠭᠠᠳᠠᠭᠠᠳ ᠯᠠ | ᠠᠷᠤ ᠶᠢᠨ ᠬᠠᠭᠠᠯᠭ᠎ᠠ ᠨᠤᠭᠤᠳ ᠶᠡᠬᠡᠲᠡᠭᠡᠳ ᠯᠡ | ᠤᠯᠤᠰ ᠤᠷᠤᠨ ᠮᠠᠨᠢ ᠨᠢᠭᠡ ᠯᠡ | ᠤᠨᠠᠭᠰᠠᠨ ᠰᠢᠨᠵᠢᠲᠡᠢ ᠪᠠᠶᠢᠬᠤ ᠶᠤᠮ᠃ | | ᠶᠡᠭᠡ ᠬᠡᠷᠡᠭ ᠢ ᠪᠦᠲᠦᠭᠡᠬᠦ ᠭᠡᠵᠦ | ᠶᠡᠭᠡ ᠬᠡᠷᠡᠭ ᠢ ᠪᠦᠲᠦᠭᠡᠬᠦ ᠭᠡᠵᠦ | ᠶᠡᠭᠡ ᠬᠦᠮᠦᠰ ᠲᠦᠷᠦᠳᠡᠭ ᠠᠵᠠᠢ | ᠡᠶᠢᠮᠦ ᠦᠭᠡᠢ ᠰᠠᠨ ᠪᠤᠯ ᠤᠷᠴᠢᠯᠠᠩ | ᠢᠩᠭᠢᠵᠦ ᠬᠦᠭᠵᠢᠬᠦ ᠶᠤᠰᠤ ᠦᠭᠡᠢ ᠰᠠᠨᠵᠠᠢ᠃ | ᠮᠠᠨ ᠤ ᠬᠢᠨ ᠰᠢᠭ᠋᠂ ᠵᠢᠷ ᠤᠨ ᠲᠡᠨᠡᠭ ᠢ | ᠮᠠᠨᠳᠤᠭᠤᠯᠵᠤ ᠤᠷᠬᠢᠭᠠᠳ ᠡᠴᠦᠰ ᠲᠤᠨᠢ | ᠬᠠᠮᠤᠭ ᠰᠤᠶᠤᠯ ᠢᠶᠠᠨ ᠳᠠᠷᠤᠭᠤᠯᠬᠤ ᠶᠤᠮ ᠪᠤᠯ | ᠬᠠᠷᠠᠩᠭᠤᠢ ᠪᠦᠳᠦᠭᠦᠯᠢᠭ ᠪᠠᠶᠢᠬᠤ ᠶᠤᠮᠰᠠᠨᠵᠠᠢ᠃ | | ᠬᠦᠮᠦᠨ ᠳᠤ ᠨᠢᠭᠡ ᠶᠢ ᠪᠠᠨ ᠮᠠᠭᠤᠯᠠᠵᠤ | ᠬᠦᠮᠦᠨ ᠳᠤ ᠨᠢᠭᠡ ᠶᠢ ᠪᠠᠨ ᠮᠠᠭᠤᠯᠠᠵᠤ | ᠬᠦᠰᠡᠯ ᠪᠠᠬ᠎ᠠ ᠶᠢ ᠨᠢ ᠬᠠᠩᠭᠠᠬᠤ ᠭᠡᠳᠡᠭ | ᠳᠠᠶᠢᠴᠢᠨ ᠬᠤᠷᠢᠶ᠎ᠠ ᠪᠠᠨ ᠪᠤᠷᠤᠭᠤ ᠵᠠᠬᠢᠷᠴᠤ | ᠳᠠᠶᠢᠰᠤᠨ ᠳᠤ ᠲᠤᠭ ᠢᠶᠠᠨ ᠠᠯᠳᠠᠬᠤ ᠲᠠᠢ ᠠᠳᠠᠯᠢᠬᠠᠨ︕ | | | ᠠᠷᠢᠬᠢᠨ ᠤ ᠨᠦᠬᠦᠷ ᠢ ᠤᠯᠬᠤ ᠳᠤ | ᠠᠷᠢᠬᠢᠨ ᠤ ᠨᠦᠬᠦᠷ ᠢ ᠤᠯᠬᠤ ᠳᠤ | ᠠᠷᠪᠠᠭ᠋ᠠᠨ ᠠᠯᠬᠤᠬᠤ ᠬᠡᠷᠡᠭᠲᠡᠢ | ᠠᠮᠢᠳᠤᠷᠠᠯ ᠤᠨ ᠨᠦᠬᠦᠷ ᠢ ᠤᠯᠬᠤ ᠳᠤ | ᠠᠷᠪᠢᠩᠬᠠᠨ ᠠᠯᠬᠤᠬᠤ ᠬᠡᠷᠡᠭᠲᠡᠢ᠃ | | | ᠪᠤᠷᠤᠭᠤ ᠶᠢ ᠨᠢ ᠦᠪᠡᠷ ᠢᠶᠠᠨ ᠠᠵᠢᠭᠠᠳ | ᠪᠤᠷᠤᠭᠤ ᠶᠢ ᠨᠢ ᠦᠪᠡᠷ ᠢᠶᠠᠨ ᠠᠵᠢᠭᠠᠳ | ᠪᠤᠰᠤᠳ ᠲᠠᠭᠠᠨ ᠵᠦᠪ ᠢ ᠨᠢ ᠬᠡᠯᠡᠬᠦ ᠭᠡᠵᠦ | ᠪᠤᠭᠤ ᠶᠢᠨ ᠭᠤᠨ᠎ᠠ ᠰᠢᠭ᠋ ᠨᠠᠰᠤ ᠪᠠᠨ ᠪᠢ | ᠪᠤᠳᠠᠩ ᠳᠤᠮᠳᠠ ᠪᠦᠷᠢᠯᠭᠡᠵᠦ ᠶᠠᠪᠤᠨᠠᠮ᠃ |