| ᠱ᠊᠂ ᠳᠤᠯᠮ᠎ᠠ | | ᠬᠦᠬᠡ ᠮᠤᠩᠭᠤᠯ ᠤᠨ ᠦᠶ᠎ᠡ ᠠᠴᠠ ᠵᠤᠷᠢᠭ ᠢᠶᠠᠨ ᠭᠠᠶᠢᠬᠠᠭᠤᠯᠵᠤ | ᠬᠦᠯᠦᠨ ᠪᠤᠶᠢᠷ ᠤᠨ ᠲᠡᠭᠷᠢ ᠲᠤᠤᠷ᠎ᠠ ᠡᠮᠡᠭᠡᠯ ᠳᠡᠭᠡᠷ᠎ᠡ ᠪᠠᠨ ᠬᠠᠩᠬᠠᠶᠢᠵᠤ | ᠬᠦᠢᠲᠡᠨ ᠬᠠᠯᠠᠭᠤᠨ ᠬᠤᠶᠠᠷ ᠲᠤ ᠡᠮᠲᠡᠷᠡᠭᠡ ᠨᠢ ᠦᠭᠡᠢ ᠶᠠᠪᠤᠭᠰᠠᠨ | ᠬᠦᠮᠦᠡᠯᠢᠭ ᠰᠠᠶᠢᠬᠠᠨ ᠰᠡᠳᠬᠢᠯᠲᠦ ᠪᠠᠷᠭᠤ ᠲᠦᠮᠡᠨ ᠢ ᠳᠠᠭᠤᠯᠠᠮᠤ | ᠠᠯᠤᠨ ᠭᠤᠸ᠎ᠠ ᠬᠠᠲᠤᠨ ᠤ ᠤᠷᠤᠭ᠂ ᠠᠯᠳᠠᠷᠲᠦ ᠴᠢᠩᠭᠢᠰ ᠤᠨ ᠤᠳᠤᠮ | ᠠᠯᠲᠠᠨ ᠡᠮᠡᠭᠡᠯ ᠤᠨ ᠳᠤᠮᠤᠭ ᠠᠤᠭ᠎ᠠ ᠳᠡᠭᠡᠳᠦᠰ ᠤᠨ ᠴᠡᠷᠢᠭ | ᠠᠯᠢᠪᠠ ᠶᠢ ᠡᠷᠭᠢᠨ ᠳᠤᠷᠠᠰᠬᠤ ᠳᠤ ᠪᠠᠷᠭᠤ ᠶᠢᠨ ᠲᠡᠦᠬᠡ ᠲᠤᠳᠤᠷᠠᠨ᠎ᠠ | ᠠᠮᠤᠭᠤᠯᠠᠩ ᠳᠦᠯᠭᠡᠨ ᠬᠦᠮᠦᠰ ᠤᠨ ᠰᠠᠶᠢᠬᠠᠨ ᠠᠯᠳᠠᠷ ᠳᠤᠷᠠᠶᠢᠨ᠎ᠠ | ᠪᠠᠷᠭᠤ ᠶᠢᠨ ᠦᠨᠳᠦᠷ ᠪᠠᠭᠠᠲᠤᠷ ᠠᠴᠠ ᠮᠠᠩᠯᠠᠢ ᠸᠠᠩ ᠢ ᠬᠦᠷᠲᠡᠯ᠎ᠡ | ᠪᠠᠭᠠᠲᠤᠷ ᠵᠤᠷᠢᠭᠲᠤ ᠡᠷᠡᠴᠦᠦᠯ ᠲᠡᠦᠬᠡᠨ ᠳᠤ ᠮᠦᠩᠬᠡᠷᠡᠭᠰᠡᠨ ᠨᠢ ᠦᠨᠡᠨᠲᠡᠢ | ᠪᠦᠬᠡ ᠯᠠᠮᠠ ᠠᠴᠠ ᠡᠬᠢᠯᠡᠭᠡᠳ ᠬᠦᠴᠦ ᠲᠡᠩᠬᠡᠭᠡᠲᠦ ᠡᠷᠡᠴᠦᠦᠯ | ᠪᠦᠬᠦᠯᠢ ᠪᠦᠲᠦᠨ ᠵᠠᠭᠤᠨ ᠢᠶᠠᠷ ᠨᠡᠷ᠎ᠡ ᠪᠠᠨ ᠮᠦᠩᠬᠡᠯᠡᠭᠰᠡᠨ ᠨᠢ ᠪᠠᠭ᠋ᠠᠲᠠᠢ | ᠦᠬᠡᠷᠲᠦ ᠬᠦᠢᠲᠡᠨ ᠬᠤᠶᠠᠷ ᠦᠷᠭᠦᠯᠵᠢ ᠤᠶᠢᠷᠠᠬᠠᠨ ᠪᠠᠶᠢᠭᠰᠠᠨ ᠴᠦ | ᠦᠢᠯᠡ ᠵᠠᠶᠠᠭᠠᠨ ᠤ ᠲᠠᠪᠢᠯᠠᠩ ᠢᠶᠠᠷ ᠬᠤᠯᠠᠳᠤᠭᠠᠳ ︽ᠨᠡᠭᠦᠭᠰᠡᠨ︾ ᠴᠦ ᠪᠤᠢ | ᠬᠦᠯᠦᠨ᠂ ᠪᠦᠢᠷ ᠬᠤᠶᠠᠷ ᠠᠯᠤᠰ ᠵᠠᠶᠢᠳᠠᠭᠤ ᠤᠷᠤᠰᠢᠭᠰᠠᠨ ᠴᠦ | ᠬᠦᠢᠰᠦ ᠶᠢᠨ ᠶᠡᠭᠡ ᠬᠤᠯᠪᠤᠭ᠎ᠠ᠂ ᠠᠮᠢᠨ ᠬᠠᠶᠢᠷ᠎ᠠ ᠨᠢᠭᠡᠲᠦᠭᠰᠡᠨ ᠨᠢ ᠪᠤᠢ | ᠬᠤᠶᠢᠰᠢ ᠪᠠᠨ ᠤᠷᠤᠭᠰᠢ ᠪᠠᠨ ᠨᠡᠭᠦᠭᠰᠡᠭᠡᠷ ᠵᠠᠭᠤᠨ ᠵᠠᠭᠤᠨ ᠢ ᠲᠤᠭᠤᠯᠤᠭᠰᠠᠨ ᠴᠦ | ᠬᠤᠶᠠᠷ ᠭᠤᠷᠪᠠ ᠲᠠᠰᠤᠷᠠᠵᠤ᠂ ᠵᠠᠭᠤᠷᠠᠳᠤ ᠶᠢᠨ ᠵᠤᠪᠠᠯᠠᠩ ᠠᠮᠰᠠᠭᠰᠠᠨ ᠴᠦ | ᠬᠤᠷᠸ᠎ᠠ ᠶᠢᠨ ᠮᠤᠩᠭᠤᠯ ᠲᠤᠭᠤᠷᠭᠠᠲᠠᠨ ᠳᠤ ᠬᠠᠯᠠᠭᠤᠨ ᠡᠯᠢᠭᠡ ᠪᠠᠷ ᠢᠶᠠᠨ ᠪᠠᠭᠲᠠᠬᠤ | ᠬᠤᠯᠠ ᠶᠢᠨ ᠶᠡᠭᠡ ᠪᠤᠳᠤᠯᠲᠠᠨ ᠤ ᠬᠠᠳᠠᠨ ᠵᠤᠷᠢᠭ ᠤᠨ ᠲᠡᠦᠬᠡ ᠪᠤᠢ | ᠬᠠᠨ ᠪᠤᠭᠤᠷᠤᠯ ᠡᠪᠦᠭᠡᠳ ᠨᠢ ᠡᠩᠬᠦᠷᠡᠶᠢᠬᠡᠨ ᠦᠷᠡᠰ ᠢᠶᠠᠨ ᠰᠤᠷᠭᠠᠳᠠᠭ | ᠬᠠᠴᠠᠷ ᠭᠤᠸ᠎ᠠ ᠦᠬᠢᠳ ᠨᠢ ᠡᠷ᠎ᠡ ᠶᠢᠨ ᠢᠶᠠᠨ ᠬᠡᠢ ᠮᠤᠷᠢ ᠶᠢ ᠳᠡᠭᠡᠳᠦᠯᠡᠳᠡᠭ | ᠬᠠᠶᠢᠯᠭᠠᠨ ᠰᠡᠳᠬᠢᠯᠲᠦ ᠦᠷᠡᠰ ᠨᠢ ᠡᠵᠢ ᠶᠢᠨ ᠢᠶᠠᠨ ᠠᠴᠢ ᠶᠢ ᠰᠠᠨᠠᠳᠠᠭ | ᠬᠠᠯᠠᠭᠤᠨ ᠡᠯᠢᠭᠡᠨ ᠰᠠᠳᠤᠨ ᠢᠶᠠᠷ ᠢᠶᠠᠨ ᠡᠬᠡ ᠤᠷᠤᠨ ᠢᠶᠠᠨ ᠬᠠᠶᠢᠷᠠᠯᠠᠳᠠᠭ | ᠳᠡᠯᠡᠬᠡᠢ ᠳᠤ ᠴᠦᠭᠡᠨ ᠴᠦ ᠪᠠᠷᠭᠤᠴᠤᠳ ᠳᠡᠭᠡᠳᠦᠰ ᠤᠨ ᠬᠠᠯᠠᠭᠤᠨ ᠤᠭᠰᠠᠭ᠎ᠠ | ᠳᠡᠯᠭᠡᠷ ᠠᠭᠤᠳᠠᠮ ᠰᠡᠳᠬᠢᠯ ᠲᠠᠢ ᠲᠢᠭ ᠲᠠᠢ ᠶᠠᠪᠤᠭᠰᠠᠨ ᠬᠦᠮᠦᠰ | ᠡᠵᠢ ᠶᠢᠨ ᠢᠶᠠᠨ ᠠᠷᠤᠭ ᠢ ᠡᠭᠦᠷᠦᠯᠴᠡᠵᠦ ᠦᠬᠢᠳ ᠨᠢ ᠳᠠᠷᠤᠤᠬᠠᠨ ᠦᠰᠦᠭᠰᠡᠨ | ᠡᠴᠢᠭᠡ ᠶᠢᠨ ᠢᠶᠠᠨ ᠤᠷᠭ᠎ᠠ ᠶᠢ ᠲᠠᠩᠨᠠᠶᠢᠳᠠᠵᠤ ᠬᠦᠪᠡᠭᠦᠳ ᠨᠢ ᠲᠤᠭᠤᠯᠭᠠᠪᠤᠷ ᠲᠠᠢ ᠰᠤᠷᠤᠭᠰᠠᠨ | ᠰᠠᠷᠬᠢᠨᠠᠭ ᠲᠤᠭᠤᠨᠤ ᠲᠠᠢ ᠭᠡᠷ ᠨᠢ ᠰᠠᠯᠬᠢᠨ ᠳᠤ ᠤᠨᠠᠵᠤ ᠪᠠᠶᠢᠭ᠎ᠠ ᠦᠭᠡᠢ | ᠰᠠᠶᠢᠬᠠᠨ ᠲᠦᠷᠦᠭᠰᠡᠨ ᠬᠡᠦᠬᠡᠨ ᠨᠦᠭᠦᠳ ᠨᠢ ᠰᠠᠯᠠᠩ ᠵᠠᠳᠠᠭᠠᠢ ᠶᠠᠪᠤᠭ᠎ᠠ ᠦᠭᠡᠢ | ᠰᠠᠨᠠᠭ᠎ᠠ ᠭᠦᠳᠦᠰᠬᠡᠨ ᠡᠷᠡᠴᠦᠦᠯ ᠨᠢ ᠰᠠᠮᠠᠭᠤᠨ ᠬᠡᠷᠡᠭ ᠲᠠᠷᠢᠭ᠎ᠠ ᠦᠭᠡᠢ | ᠰᠠᠷ᠎ᠠ ᠨᠠᠷᠠ ᠲᠠᠢ ᠬᠤᠷᠸ᠎ᠠ ᠳᠤ ᠬᠦᠮᠦᠨ ᠴᠢᠨᠠᠷ ᠢᠶᠠᠨ ᠭᠡᠭᠡᠭᠡ ᠦᠭᠡᠢ | ᠮᠤᠷᠢᠨ ᠳᠡᠯ ᠳᠡᠭᠡᠷ᠎ᠡ ᠲᠠᠷᠴᠤᠭᠯᠠᠵᠤ ᠬᠡᠢ ᠮᠤᠷᠢ ᠲᠠᠢ ᠶᠠᠪᠤᠳᠠᠭ ᠤᠯᠤᠰ | ᠮᠤᠩᠭᠤᠯ ᠢᠶᠠᠨ ᠭᠡᠰᠡᠨ ᠰᠡᠳᠬᠢᠯ ᠢᠶᠠᠨ ᠬᠡᠵᠢᠶ᠎ᠡ ᠴᠦ ᠬᠠᠶᠠᠭ᠎ᠠ ᠦᠭᠡᠢ ᠬᠦᠮᠦᠰ | ᠮᠠᠯᠴᠢᠨ ᠮᠤᠩᠭᠤᠯ ᠤᠨ ᠦᠷᠡᠰ ᠪᠠᠷᠭᠤ ᠶᠢᠨ ᠬᠠᠯᠠᠭᠤᠨ ᠠᠮᠢ | ᠮᠢᠬ᠎ᠠ ᠴᠢᠰᠤᠨ ᠤ ᠲᠦᠷᠦᠯ ᠢᠶᠠᠨ ᠮᠠᠷᠲᠠᠵᠤ ᠪᠠᠶᠢᠭᠰᠠᠨ ᠤᠳᠠᠭ᠎ᠠ ᠦᠭᠡᠢ | ᠤᠷᠤᠭ᠎ᠠ ᠪᠤᠰᠬᠠᠭ᠎ᠠ ᠴᠠᠭ ᠤᠨ ᠢᠯᠳᠦ ᠮᠡᠰᠡ ᠬᠠᠷᠰᠢᠭᠰᠠᠨ ᠴᠦ | ᠤᠷᠱᠤᠨ᠂ ᠬᠡᠷᠦᠯᠦᠨ ᠭᠤᠤᠯ ᠤᠨ ᠤᠷᠤᠰᠬᠠᠯ ᠲᠠᠲᠠᠷᠠᠵᠤ ᠪᠠᠶᠢᠭ᠎ᠠ ᠦᠭᠡᠢ | ᠤᠨᠤᠵᠤ ᠠᠯᠳᠠᠬᠤ ᠬᠤᠷᠸ᠎ᠠ ᠶᠢᠨ ᠤᠢ ᠭᠠᠰᠢᠭᠤᠨ ᠢ ᠠᠮᠰᠠᠭᠰᠠᠨ ᠴᠦ | ᠤᠶᠢᠴᠢᠵᠤ ᠪᠤᠰᠬᠤ ᠵᠠᠶᠠᠭᠠᠨ ᠳᠡᠭᠡᠷ᠎ᠡ ᠡᠪᠦᠳᠦᠭ ᠰᠦᠬᠦᠷᠡᠵᠦ ᠦᠵᠡᠭᠡ ᠦᠭᠡᠢ | ᠪᠠᠷᠭᠤᠴᠤᠳ ᠭᠡᠳᠡᠭ ᠦᠨᠡᠭᠡᠷ ᠮᠤᠩᠭᠤᠯ ᠵᠢᠷᠦᠬᠡᠨ ᠤ ᠲᠠᠰᠤᠷᠬᠠᠢ | ᠪᠠᠭ᠋ᠠᠲᠤᠵᠤ ᠳᠡᠭᠡᠳᠦᠯᠡᠨ ᠦᠭᠦᠯᠡᠪᠡᠯ ᠮᠤᠬᠤᠰᠢ ᠦᠭᠡᠢ ᠵᠤᠷᠢᠭᠲᠠᠨ ᠤ ᠡᠯᠳᠡᠷᠬᠡᠢ | ᠪᠠᠶᠢᠭᠠᠯ ᠠᠴᠠ ᠴᠠᠭᠠᠰᠢᠬᠢ ᠨᠤᠲᠤᠭ ᠲᠠᠢ ᠡᠴᠢᠭᠡ ᠳᠡᠭᠡᠳᠦᠰ ᠤᠨ ᠤᠷᠤᠭ | ᠪᠠᠷᠢᠨ ᠲᠠᠯᠪᠢᠨ ᠬᠡᠯᠡᠬᠦ ᠳᠤ ᠡᠵᠡᠨ ᠴᠢᠩᠭᠢᠰ ᠤᠨ ᠤᠳᠤᠮ᠃ |