ᠪᠦᠬᠡ
ᠨᠡᠶᠢᠲᠡᠯᠡᠭᠰᠡᠨ ᠴᠠᠭ᠄
2016-08-01
ᠭᠦ᠊᠂  ᠪᠦᠷᠢᠨᠪᠠᠶᠠᠷᠡᠷᠭᠦᠵᠦ ᠪᠤᠰᠤᠭᠰᠠᠨ ᠲᠡᠭᠷᠢ ᠮᠢᠨᠢ ᠬᠦᠬᠡᠡᠭᠦᠷᠴᠦ ᠲᠡᠩᠴᠡᠭᠰᠡᠨ ᠦᠢᠯᠡᠰ ᠮᠢᠨᠢ ᠬᠦᠬᠡᠡᠮᠦᠰᠴᠦ ᠲᠠᠰᠤᠭᠰᠠᠨ ᠵᠤᠳᠤᠭ ᠮᠢᠨᠢ ᠪᠤᠯᠢᠭᠠᠷᠢ︕ᠲᠦᠷᠦᠭᠰᠡᠨ ᠨᠤᠲᠤᠭ ᠤᠨ ᠮᠢᠨᠢ ᠬᠡᠶᠢᠮᠦᠷᠢ︕ᠭᠠᠩ ᠬᠠᠳᠠᠨ ᠡᠷ᠎ᠡ ᠵᠤᠷᠢᠭ ᠪᠦᠬᠡ ᠪᠠᠷ ᠤᠭᠰᠢᠵᠤᠭᠠᠯ ᠬᠠᠯᠠᠭᠤᠨ ᠮᠤᠩᠭᠤᠯ ᠴᠢᠰᠤ ᠪᠦᠬᠡ ᠪᠠᠷ ᠯᠤᠭᠰᠢᠵᠤᠭᠠᠨᠳᠠᠭᠤᠨ ᠡᠷᠡᠳᠡᠭᠦᠨ ᠵᠠᠩ ᠴᠢᠨᠠᠷ ᠢᠶᠠᠨ ᠪᠦᠬᠡ ᠪᠠᠷ ᠬᠤᠶᠠᠭᠯᠠᠪᠠ᠃ ᠭᠠᠯᠪᠢᠷ ᠳᠦᠷᠬᠦ ᠶᠢᠨ ᠦᠪᠡᠷ ᠪᠡᠶ᠎ᠡ ᠪᠠᠨ ᠪᠦᠬᠡ ᠪᠠᠷ ᠵᠤᠳᠤᠭᠯᠠᠪᠠ᠃ᠤᠳᠬᠤᠷᠠᠵᠤ ᠪᠠᠶᠢᠳᠠᠭ ᠢᠳᠡ ᠴᠢᠳᠠᠯ ᠢᠶᠠᠨ ᠪᠦᠬᠡ ᠪᠠᠷ ᠪᠠᠳᠠᠷᠠᠭᠠᠵᠤᠠᠷᠢᠭᠤᠨ ᠬᠦᠳᠡᠯᠮᠦᠷᠢ ᠶᠢᠨ ᠭᠠᠪᠢᠶ᠎ᠠ ᠵᠢᠳᠬᠦᠯ ᠢᠶᠠᠨ ᠪᠦᠬᠡ ᠪᠠᠷ ᠳᠡᠮᠳᠡᠭᠯᠡᠵᠦᠠᠵᠢᠯ ᠦᠢᠯᠡᠰ ᠤᠨ ᠬᠢᠷᠢ ᠪᠦᠲᠦᠮᠵᠢ ᠪᠠᠨ ᠪᠦᠬᠡ ᠪᠠᠷ ᠰᠢᠯᠭᠠᠭᠤᠯᠪᠠ᠃ᠠᠶᠢᠮᠠᠭ ᠤᠯᠤᠰ ᠤᠨ ᠨᠡᠷ᠎ᠡ ᠲᠦᠷᠦ ᠪᠠᠨ ᠪᠦᠬᠡ ᠪᠠᠷ ᠮᠠᠨᠳᠤᠭᠤᠯᠪᠠ᠃ᠠᠷᠠᠳ ᠲᠦᠮᠡᠨ ᠲᠠᠢ ᠪᠠᠨ ᠪᠢ ᠪᠦᠬᠡ ᠪᠠᠷ ᠲᠠᠨᠢᠯᠴᠠᠵᠤᠠᠯᠪᠠᠨ ᠭᠠᠵᠠᠷ ᠤᠨ ᠲᠦᠪ ᠶᠤᠰᠤᠯᠠᠯ ᠳᠤ ᠪᠦᠬᠡ ᠪᠠᠷ ᠨᠡᠷᠡᠯᠬᠡᠪᠡᠠᠮᠢᠳᠤᠷᠠᠯ ᠲᠡᠮᠡᠴᠡᠯ ᠤᠨ ᠶᠡᠭᠡ ᠶᠤᠰᠤᠨ ᠢ ᠪᠦᠬᠡ ᠪᠠᠷ ᠤᠬᠠᠭᠠᠷᠠᠵᠤᠠᠮᠠᠷᠠᠭ ᠬᠠᠶᠢᠷ᠎ᠠ ᠶᠢᠨ ᠡᠩᠬᠡ ᠶᠤᠰᠤᠨ ᠢ ᠪᠦᠬᠡ ᠪᠠᠷ ᠤᠶᠢᠯᠠᠭᠠᠪᠠ᠃ᠪᠦᠬᠡ ᠪᠠᠷ ᠪᠢ ᠬᠦᠮᠦᠨ ᠪᠤᠯᠵᠤ ᠬᠦᠮᠦᠵᠢᠭᠳᠡᠭᠰᠡᠨ ᠨᠢ ᠦᠨᠡᠨ︕ᠪᠦᠬᠡ ᠪᠠᠷ ᠪᠢ ᠡᠷ᠎ᠡ ᠪᠤᠯᠵᠤ ᠪᠤᠶᠢᠵᠢᠭᠰᠠᠨ ᠤ ᠶᠤᠰᠤᠨ︕ᠪᠦᠬᠡ ᠶᠢᠨ ᠵᠤᠷᠢᠭ ᠰᠠᠨᠠᠭ᠎ᠠ ᠪᠠᠷ ᠨᠤᠲᠤᠭ ᠱᠠᠪᠲᠠᠭ ᠢᠶᠠᠨ ᠰᠠᠬᠢᠪᠠ᠃ᠪᠦᠬᠡ ᠶᠢᠨ ᠵᠢᠷᠤᠭ ᠵᠠᠭᠪᠤᠷ ᠢᠶᠠᠷ ᠵᠤᠳᠤᠭ ᠱᠤᠳᠤᠭ ᠢᠶᠠᠨ ᠪᠠᠬᠢᠯᠡᠪᠡ᠃ᠬᠠᠭᠠᠨ ᠴᠢᠩᠭᠢᠰ ᠤᠨ ᠪᠠᠶᠢᠯᠳᠤᠬᠤ ᠪᠤᠳᠤᠯᠭ᠎ᠠ ᠪᠦᠬᠡ ᠪᠠᠷ ᠠᠰᠠᠵᠤᠬᠠᠳᠠᠲᠠᠢ ᠶᠠᠰᠤᠲᠠᠢ ᠨᠢᠭᠡᠨ ᠤᠭᠰᠠᠭ᠎ᠠ ᠪᠦᠬᠡ ᠪᠠᠷ ᠮᠠᠨᠳᠤᠪᠠ᠃ᠬᠠᠨᠳᠤᠭᠰᠠᠨ ᠵᠦᠭ ᠲᠤ ᠳᠠᠶᠢᠰᠤᠨ ᠦᠭᠡᠢ ᠪᠦᠬᠡ ᠪᠠᠷ ᠴᠡᠷᠢᠭᠯᠡᠵᠦᠬᠠᠮᠤᠭ ᠮᠤᠩᠭᠤᠯ ᠤᠯᠤᠰ ᠭᠦᠷᠦᠨ ᠢᠶᠠᠨ ᠪᠦᠬᠡ ᠪᠠᠷ ᠬᠠᠮᠠᠭᠠᠯᠠᠪᠠ᠃ᠬᠠᠶᠢᠨ ᠰᠢᠨᠵᠢᠯᠡᠬᠦ ᠤᠳᠤᠨ ᠤᠷᠤᠨ ᠢ ᠪᠦᠬᠡ ᠪᠠᠷ ᠰᠤᠨᠵᠢᠵᠦᠬᠠᠳᠠᠨ ᠪᠢᠴᠢᠭ ᠲᠡᠦᠬᠡᠨ ᠵᠢᠷᠤᠭ ᠢ ᠪᠦᠬᠡ ᠪᠠᠷ ᠰᠢᠨᠵᠢᠪᠡ᠃ᠬᠠᠯᠳᠠᠪᠤᠷᠢᠯᠠᠵᠤ ᠢᠷᠡᠬᠦ ᠬᠠᠷᠢ ᠶᠢᠨ ᠰᠤᠷᠲᠠᠬᠤᠨ ᠢ ᠪᠦᠬᠡ ᠪᠠᠷ ᠬᠠᠰᠢᠵᠤᠬᠠᠯᠵᠠ ᠲᠤᠯᠭᠠᠷᠠᠭᠰᠠᠨ ᠳᠠᠶᠢᠰᠤᠨ ᠡᠳᠡᠭᠡᠳ ᠲᠤ ᠪᠦᠬᠡ ᠪᠠᠷ ᠴᠡᠨᠡᠭᠯᠡᠪᠡ᠃ᠬᠠᠷᠠᠳᠠᠯᠭ᠎ᠠ ᠰᠡᠷᠳᠡᠯᠭᠡ ᠰᠡᠵᠢᠭ ᠲᠠᠭᠠᠪᠤᠷᠢ ᠶᠢ ᠪᠦᠬᠡ ᠪᠠᠷ ᠲᠠᠶᠢᠯᠵᠦᠬᠠᠷᠠᠮᠰᠠᠯ ᠭᠤᠲᠤᠷᠠᠯ ᠦᠭᠡᠨᠴᠡ ᠪᠤᠳᠤᠯ ᠢᠶᠠᠨ ᠪᠦᠬᠡ ᠪᠠᠷ ᠲᠡᠪᠴᠢᠪᠡ᠃ᠬᠠᠲᠠᠭᠤ ᠶᠤᠰᠤ ᠴᠢᠩᠭ᠎ᠠ ᠲᠢᠭᠯᠢᠮ ᠢ ᠪᠦᠬᠡ ᠪᠠᠷ ᠰᠠᠭᠤᠷᠢᠯᠠᠵᠤᠬᠠᠳᠠᠨ ᠵᠤᠷᠢᠭᠲᠤ ᠮᠤᠩᠭᠤᠯ ᠤᠭᠰᠠᠭᠠᠲᠠᠨ ᠢ ᠪᠦᠬᠡ ᠪᠠᠷ ᠤᠷᠠᠶᠢᠯᠠᠪᠠ᠃ᠬᠠᠶᠠᠭᠳᠠᠵᠤ ᠮᠠᠷᠲᠠᠭᠳᠠᠭᠰᠠᠨ ᠰᠤᠶᠤᠯ ᠲᠡᠦᠬᠡ ᠪᠠᠨ ᠪᠦᠬᠡ ᠪᠠᠷ ᠱᠦᠭᠦᠶ᠎ᠡ᠂ᠬᠠᠯᠲᠤᠷᠢᠵᠤ ᠭᠠᠷᠭᠠᠭᠰᠠᠨ ᠠᠯᠳᠠᠭ᠎ᠠ ᠲᠤᠲᠠᠭᠳᠠᠯ ᠢᠶᠠᠨ ᠪᠦᠬᠡ ᠪᠠᠷ ᠨᠦᠬᠦᠶ᠎ᠡ︕ᠬᠠᠶᠢᠷᠠᠲᠤ ᠡᠬᠡ ᠡᠯᠢᠭᠡᠨ ᠨᠤᠲᠤᠭ ᠢᠶᠠᠨ ᠪᠦᠬᠡ ᠪᠠᠷ ᠰᠠᠬᠢᠶ᠎ᠠ᠂ᠬᠠᠮᠲᠤᠷᠠᠨ ᠲᠡᠮᠡᠴᠡᠬᠦ ᠢᠷᠡᠭᠡᠳᠦᠢ ᠦᠭᠡᠳᠡ ᠪᠦᠬᠡ ᠪᠠᠷ ᠠᠬᠢᠶ᠎ᠠ︕ᠵᠠᠭᠠᠮ᠎ᠠ ᠪᠠᠨ ᠬᠦᠨᠳᠦᠯᠡᠬᠦ ᠤᠤᠷ ᠰᠤᠶᠤᠯ ᠪᠦᠬᠡ ᠪᠠᠶᠢᠳᠠᠭ ᠠᠴᠠᠵᠠᠰᠠᠭ ᠲᠦᠷᠦ ᠶᠢᠨ ᠠᠮᠢᠨ ᠭᠤᠤᠯ ᠪᠦᠬᠡ ᠪᠠᠶᠢᠳᠠᠭ ᠠᠴᠠᠵᠠᠪᠠᠯ ᠭᠡᠳᠡᠭ ᠠᠮᠠᠨ ᠲᠠᠩᠭᠠᠷᠢᠭ ᠪᠦᠬᠡ ᠪᠠᠶᠢᠳᠠᠭ ᠠᠴᠠᠵᠠᠯᠭᠠᠵᠤ ᠲᠦᠷᠦᠳᠡᠭ ᠤᠬᠠᠭᠠᠨ ᠪᠤᠳᠤᠯ ᠪᠦᠬᠡ ᠪᠠᠶᠢᠳᠠᠭ ᠠᠴᠠᠪᠦᠬᠡ ᠭᠡᠵᠦ ᠪᠠᠷᠢᠯᠳᠤᠬᠤ ᠶᠢ ᠯᠡ ᠬᠡᠯᠡᠬᠦ ᠨᠡᠷ᠎ᠡ ᠦᠭᠡ ᠪᠢᠰᠢᠪᠦᠬᠡ ᠭᠡᠵᠦ ᠵᠤᠷᠢᠭ ᠰᠠᠨᠠᠭᠠᠨ ᠤ ᠳᠦᠷᠢᠮᠡᠬᠡᠢ ᠬᠦᠴᠦᠨ︕ᠪᠦᠬᠡ ᠭᠡᠵᠦ ᠪᠠᠲᠤ ᠤᠳᠬ᠎ᠠ ᠶᠢᠨ ᠯᠡ ᠲᠤᠮᠢᠶᠠᠯᠠᠯ ᠪᠢᠰᠢᠪᠦᠬᠡ ᠭᠡᠵᠦ ᠠᠮᠢ ᠤᠬᠠᠭᠠᠨ ᠤ ᠡᠷᠡᠮᠡᠬᠡᠢ ᠬᠦᠴᠦᠨ︕ᠵᠠᠰᠠᠬᠤ ᠵᠠᠬᠢᠷᠬᠤ ᠤᠯᠤᠰ ᠠᠷᠠᠳ ᠢᠶᠠᠨ ᠪᠦᠬᠡ ᠪᠠᠷ ᠬᠤᠷᠢᠶᠠᠵᠤ᠂ᠵᠠᠷᠯᠢᠭ ᠲᠤᠰᠢᠶᠠᠯ ᠡᠭᠦᠷᠭᠡᠯᠡᠵᠦ ᠶᠠᠪᠤᠬᠤ ᠳᠠᠭᠠᠨ ᠪᠦᠬᠡ ᠪᠠᠷ ᠠᠨᠳᠠᠭᠠᠶᠢᠯᠠᠭᠰᠠᠨ᠃ᠵᠠᠳᠠᠷᠠᠯ ᠬᠠᠭᠠᠴᠠᠯ ᠤᠨ ᠤᠭ ᠦᠨᠳᠦᠰᠦ ᠶᠢ ᠪᠦᠬᠡ ᠪᠠᠷ ᠨᠤᠭᠤᠰᠤᠯᠠᠵᠤ᠂ᠵᠠᠪᠰᠠᠷ ᠵᠢᠰᠦᠷ ᠡᠯᠳᠡᠪ ᠡᠲᠡᠭᠡᠳ ᠢ ᠪᠦᠬᠡ ᠪᠠᠷ ᠨᠢᠷᠭᠡᠭᠰᠡᠨ᠂ᠬᠠᠭᠠᠨ ᠴᠢᠩᠭᠢᠰ ᠤᠨ ᠤᠬᠠᠭ᠎ᠠ ᠪᠤᠳᠤᠯᠭ᠎ᠠ ᠪᠦᠬᠡ ᠪᠠᠶᠢᠭᠰᠠᠨ ᠠᠴᠠᠬᠠᠲᠤᠨ ᠮᠠᠨᠳᠤᠬᠠᠢ ᠶᠢᠨ ᠰᠠᠨᠠᠭ᠎ᠠ ᠪᠠᠲᠤᠯᠠᠭ᠎ᠠ ᠪᠦᠬᠡ ᠪᠠᠶᠢᠭᠰᠠᠨ ᠠᠴᠠᠬᠠᠷ᠎ᠠ ᠰᠦᠯᠳᠡ ᠲᠡᠭᠷᠢᠯᠢᠭ ᠬᠦᠴᠦᠨ ᠢ ᠪᠦᠬᠡ ᠪᠠᠷ ᠬᠤᠷᠤᠶᠢᠯᠠᠭᠰᠠᠨ ᠠᠴᠠᠬᠠᠨ ᠬᠤᠷᠮᠤᠰᠲᠠ ᠮᠤᠩᠭᠤᠯ ᠴᠡᠷᠢᠭ ᠢ ᠪᠦᠬᠡ ᠪᠠᠷ ᠤᠷᠠᠶᠢᠯᠠᠭᠰᠠᠨ ᠠᠴᠠᠪᠦᠮᠪᠦᠷᠴᠡᠭ ᠤᠨ ᠵᠤᠯᠠᠢ ᠪᠦᠬᠡ ᠶᠢᠨ ᠠᠯᠠᠭᠠᠨ ᠳᠤ ᠢᠯᠪᠢᠭᠳᠡᠵᠦ ᠦᠵᠡᠭᠰᠡᠨ ᠶᠤᠮ᠃ᠪᠦᠬᠦᠯᠢ ᠬᠤᠷᠸ᠎ᠠ ᠪᠦᠬᠡ ᠶᠢᠨ ᠡᠯᠢᠭᠡᠨ ᠳᠤ ᠲᠡᠪᠡᠷᠢᠭᠳᠡᠵᠦ ᠦᠰᠦᠭᠰᠡᠨ ᠶᠤᠮ᠃ᠪᠦᠯᠬᠦᠮᠳᠡᠨ ᠲᠡᠮᠡᠴᠡᠬᠦ ᠰᠢᠨᠳᠠᠰᠤᠨ ᠬᠦᠴᠦᠨ ᠪᠦᠬᠡ ᠳᠡᠭᠡᠨ ᠪᠤᠢ︕ᠪᠦᠭᠦᠳᠡ ᠮᠤᠩᠭᠤᠯ ᠤᠨ ᠦᠨᠳᠦᠰᠦᠨ ᠬᠦᠴᠦᠨ ᠪᠦᠬᠡ ᠳᠡᠭᠡᠨ ᠪᠤᠢ︕
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号