ᠠᠨᠢᠰᠬ᠎ᠠ ᠪᠠᠭᠤᠬᠤ ᠬᠢᠭᠡᠳ ᠭᠠᠷ ᠤᠲᠠᠰᠤ
ᠨᠡᠶᠢᠲᠡᠯᠡᠭᠰᠡᠨ ᠴᠠᠭ᠄
2016-10-20
       
       ᠤᠳᠤ ᠤᠯᠠᠮ ᠤᠯᠠᠨ ᠵᠠᠯᠠᠭᠤᠴᠤᠳ᠂ ᠢᠯᠠᠩᠭᠤᠶ᠎ᠠ ᠤᠷᠲᠤ ᠬᠤᠭᠤᠴᠠᠭ᠎ᠠ ᠪᠠᠷ ᠺᠤᠮᠫᠢᠦ᠋ᠲ᠋ᠧᠷ ᠱᠠᠭᠠᠶᠢᠭᠰᠠᠨ ᠴᠠᠭᠠᠨ ᠵᠠᠭᠠᠮᠲᠠᠳ ᠤᠨ ᠨᠢᠳᠦᠨ ᠠᠨᠢᠰᠬ᠎ᠠ ᠨᠢ ᠪᠠᠭᠤᠵᠤ ᠡᠬᠢᠯᠡᠭᠰᠡᠨ ᠤ ᠬᠠᠮᠤᠭ ᠤᠨ ᠭᠤᠤᠯ ᠰᠢᠯᠲᠠᠭᠠᠨ ᠤ ᠨᠢᠭᠡ ᠪᠤᠯ ᠭᠠᠷ ᠤᠲᠠᠰᠤ ᠨᠠᠭᠠᠳᠤᠭᠰᠠᠨ ᠤ ᠬᠢ ᠪᠠᠶᠢᠵᠤ ᠮᠡᠳᠡᠨ᠎ᠡ᠃ ᠠᠨᠢᠰᠬ᠎ᠠ ᠪᠠᠭᠤᠬᠤ ᠪᠤᠯ ᠨᠢᠳᠦᠨ ᠤ ᠬᠠᠪᠢ ᠪᠠᠷ ᠦᠭᠡᠬᠦ ᠪᠤᠯᠴᠢᠩ ᠵᠢᠴᠢ ᠰᠢᠷᠪᠤᠰᠤᠨ ᠬᠠᠯᠢᠰᠤ ᠰᠤᠯᠠᠷᠠᠵᠤ᠂ ᠦᠭᠡᠬᠦ ᠨᠢ ᠤᠨᠵᠢᠢᠵᠦ ᠭᠦᠳᠦᠶᠢᠭᠰᠡᠨ ᠠᠴᠠ ᠪᠤᠯᠤᠭᠰᠠᠨ ᠶᠤᠮ᠃ ᠲᠠᠶᠢᠸᠠᠨ ᠤ ᠵᠢᠰᠦ ᠭᠤᠶᠤᠯᠠᠬᠤ ᠭᠠᠳᠠᠷ ᠰᠠᠯᠠᠭᠠᠨ ᠤ ᠡᠮᠴᠢ ᠸᠠᠩ ᠰᠢᠶᠠᠩ ᠶᠠ ᠶᠢᠨ ᠬᠡᠯᠡᠬᠦ ᠪᠠᠷ᠂ ︽ᠳᠤᠷᠤᠭᠰᠢ ᠱᠠᠭᠠᠶᠢᠳᠠᠭ︾ ᠬᠦᠮᠦᠰ ᠡᠳᠦᠷᠵᠢᠨ ᠭᠠᠷ ᠤᠲᠠᠰᠤ ᠶᠢ ᠭᠠᠷ ᠠᠴᠠ ᠪᠠᠨ ᠰᠠᠯᠭᠠᠳᠠᠭ ᠦᠭᠡᠢ ᠮᠦᠷᠲᠡᠭᠡᠨ ᠦᠷᠭᠦᠯᠵᠢ ᠰᠦᠨᠢᠵᠢᠨ ᠨᠢᠳᠦ ᠪᠠᠨ ᠠᠮᠠᠷᠠᠭᠤᠯᠳᠠᠭ ᠦᠭᠡᠢ ᠲᠤᠯᠠ ᠴᠢᠰᠤᠨ ᠤ ᠡᠷᠬᠢᠯᠲᠡ ᠮᠠᠭᠤᠲᠠᠨ᠂ ᠨᠢᠳᠦᠨ ᠤ ᠲᠤᠭᠤᠷᠢᠨ ᠳᠠᠬᠢ ᠪᠤᠯᠴᠢᠩ ᠶᠡᠭᠡ ᠶᠠᠳᠠᠷᠠᠳᠠᠭ ᠠᠴᠠ ᠠᠨᠢᠰᠬ᠎ᠠ ᠪᠠᠭᠤᠬᠤ ᠶᠢ ᠲᠦᠷᠭᠡᠳᠬᠡᠨ᠂ ᠡᠷᠲᠡ ᠠᠴᠠ ᠦᠲᠡᠯᠦᠭᠰᠡᠨ ᠰᠢᠨᠵᠢ ᠤᠷᠤᠳᠠᠭ᠃ ᠡᠶᠢᠮᠦ ᠠᠴᠠ ᠲᠡᠭᠦᠨ ᠤ ᠰᠠᠨᠠᠭᠤᠯᠤᠭᠰᠠᠨ ᠢᠶᠠᠷ᠂ ᠡᠯᠧᠺᠲᠷᠤᠨ ᠦᠢᠯᠡᠳᠬᠦᠨ ᠬᠡᠷᠡᠭᠯᠡᠬᠦ ᠳᠡᠭᠡᠨ 1 ᠴᠠᠭ ᠦᠩᠭᠡᠷᠡᠪᠡᠯ 10 ᠮᠢᠨᠦ᠋ᠲ ᠠᠮᠠᠷᠠᠪᠠᠯ ᠵᠦᠭᠡᠷ ᠰᠢᠭ᠂ ᠠᠮᠠᠷᠠᠬᠤ ᠦᠶᠡᠰ ᠠᠯᠢ ᠴᠢᠳᠠᠬᠤᠶᠢᠴᠠ ᠬᠤᠯᠠ ᠶᠢ ᠪᠠᠷᠠᠯᠠᠨ᠂ ᠡᠩ ᠤᠨ ᠴᠠᠭ ᠲᠠᠭᠠᠨ ᠨᠢᠳᠦᠨ ᠤ ᠲᠠᠮᠢᠷ ᠦᠷᠭᠦᠯᠵᠢ ᠬᠢᠵᠦ᠂ ᠨᠢᠳᠦᠨ ᠤ ᠲᠤᠭᠤᠷᠢᠨ ᠤ ᠪᠤᠯᠴᠢᠩ ᠢᠶᠠᠨ ᠴᠢᠩᠭᠠᠷᠠᠭᠤᠯᠬᠤ ᠶᠢ ᠠᠩᠬᠠᠷᠤᠭᠤᠰᠢᠲᠠᠢ᠃ ᠤᠷᠤᠢ ᠪᠦᠷᠢ ᠨᠢᠳᠦᠨ ᠳᠡᠭᠡᠨ ᠬᠠᠯᠠᠭᠤᠨ ᠠᠯᠴᠢᠭᠤᠷ ᠢᠶᠠᠷ 5 ᠮᠢᠨᠦ᠋ᠲ ᠵᠢᠩ ᠪᠠᠷᠢᠵᠤ᠂ ᠨᠢᠳᠦᠨ ᠤ ᠶᠠᠳᠠᠷᠠᠭ᠎ᠠ ᠪᠠᠨ ᠲᠠᠶᠢᠯᠪᠠᠯ ᠵᠤᠬᠢᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号