ᠬᠦᠯᠦᠷᠡᠬᠦ ᠶᠢ ᠬᠤᠷᠢᠭᠯᠠᠬᠤ ᠡᠳ᠋ ᠢ ᠢᠯᠡᠭᠦᠦ ᠬᠡᠷᠡᠭᠯᠡᠪᠡᠯ ᠬᠠᠷᠰᠢᠬᠤ ᠠᠶᠤᠯᠲᠠᠢ
ᠨᠡᠶᠢᠲᠡᠯᠡᠭᠰᠡᠨ ᠴᠠᠭ᠄
2016-10-20
       ᠵᠤᠨ ᠤ ᠠᠭᠠᠬᠢᠮ᠎ᠠ ᠬᠠᠯᠠᠭᠤᠨ ᠳᠤ ᠬᠦᠯᠦᠰᠦ ᠭᠠᠷᠴᠤ ᠬᠤᠪᠴᠠᠰᠤ ᠶᠢ ᠭᠬᠢᠷᠲᠦᠭᠡᠬᠦ ᠠᠴᠠ ᠵᠠᠶᠢᠯᠠᠰᠬᠢᠬᠦ ᠶᠢᠨ ᠲᠦᠯᠦᠭᠡ ᠵᠠᠷᠢᠮ ᠬᠦᠮᠦᠨ ᠬᠦᠯᠦᠷᠡᠬᠦ ᠶᠢ ᠬᠤᠷᠢᠭᠯᠠᠬᠤ ᠡᠳ᠋ ᠢ ᠶᠡᠬᠡᠪᠡᠷ ᠬᠡᠷᠡᠭᠯᠡᠳᠡᠭ᠂ ᠭᠡᠶ᠎ᠡ ᠢᠩᠬᠢᠬᠦ ᠨᠢ ᠠᠮᠠᠷᠬᠠᠨ ᠬᠠᠷᠰᠢᠭᠤᠯᠳᠠᠭ᠃ ᠬᠦᠮᠦᠨ ᠤ ᠰᠤᠭᠤᠨ ᠳᠤᠤᠷ᠎ᠠ ᠬᠤᠶᠠᠷ ᠵᠦᠢᠯ ᠤᠨ ᠬᠦᠯᠦᠰᠦᠨ ᠪᠤᠯᠴᠢᠷᠬᠠᠢ ᠪᠠᠶᠢᠵᠤ᠂ ᠭᠠᠳᠠᠭᠰᠢ ᠱᠦᠭᠦᠷᠡᠭᠦᠯᠳᠡᠭ ᠢ ᠨᠢ ᠵᠢᠵᠢᠭ ᠬᠦᠯᠦᠰᠦᠨ ᠪᠤᠯᠴᠢᠷᠬᠠᠢ ᠭᠡᠵᠦ᠂ ᠲᠡᠷᠡ ᠨᠢ ᠠᠷᠠᠰᠤᠨ ᠳᠤᠤᠷ᠎ᠠ ᠤᠷᠤᠰᠢᠨ ᠭᠤᠤᠯᠳᠠᠭᠤ ᠤᠰᠤ ᠱᠦᠭᠦᠷᠡᠭᠦᠯᠳᠡᠭ ᠲᠤᠯᠠ ᠲᠡᠶᠢᠮᠦ ᠶᠡᠭᠡ ᠦᠨᠦᠷ ᠲᠠᠨᠤᠷ ᠪᠠᠶᠢᠳᠠᠭ ᠦᠭᠡᠢ︔ ᠪᠠᠰᠠ ᠨᠢᠭᠡ ᠵᠦᠢᠯ ᠤᠨ ᠬᠢ ᠶᠢ ᠶᠡᠭᠡ ᠬᠦᠯᠦᠰᠦᠨ ᠪᠤᠯᠴᠢᠷᠬᠠᠢ ᠭᠡᠵᠦ᠂ ᠲᠡᠷᠡ ᠨᠢ ᠠᠷᠠᠰᠤᠨ ᠳᠤᠤᠷᠠᠬᠢ ᠨᠡᠯᠢᠶᠡᠳ ᠭᠦᠨ ᠰᠢᠭ ᠭᠠᠵᠠᠷ ᠤᠷᠤᠰᠢᠳᠠᠭ ᠲᠤᠯᠠ ᠬᠦᠯᠦᠷᠡᠭᠰᠡᠭᠡᠷ ᠦᠨᠡᠬᠡᠷ ᠤᠨᠴᠠᠭᠠᠢ ᠦᠨᠦᠷ ᠭᠠᠳᠠᠭᠰᠢᠯᠠᠭᠤᠯᠳᠠᠭ᠂ ᠡᠨᠡ ᠨᠢ ᠳᠠᠷᠤᠢ ᠮᠠᠨ ᠤ ᠶᠡᠷᠦᠳᠡ ᠶᠢᠨ ᠬᠡᠯᠡᠳᠡᠭ ︽ᠬᠤᠯᠤᠩᠰᠤ︾ ᠪᠤᠯᠤᠨ᠎ᠠ᠃ ᠬᠤᠯᠤᠩᠰᠤ ᠪᠤᠯ ᠤᠳᠤᠮᠯᠠᠯ ᠤᠨ ᠴᠢᠨᠠᠷᠲᠠᠢ ᠠᠷᠬᠠᠭ ᠶᠤᠮ᠂ ᠤᠯᠠᠩᠬᠢ ᠨᠢ 20 ᠭᠠᠷᠤᠢ ᠨᠠᠰᠤᠨ ᠤ ᠵᠠᠯᠠᠭᠤᠴᠤᠳ ᠤᠨ ᠲᠤᠲᠤᠷ᠎ᠠ ᠪᠠᠶᠢᠳᠠᠭ᠃ ᠬᠤᠯᠤᠩᠰᠤ ᠶᠢ ᠡᠮᠨᠡᠬᠦ ᠳᠤ 25% ᠶᠢᠨ ᠡᠾᠯᠤᠷᠲᠤ ᠬᠦᠩᠭᠡᠨ ᠴᠠᠭᠠᠨ ‍ᠤ‌ᠠᠭᠤᠰᠤᠮᠠᠯ ᠮᠡᠲᠦ ᠶᠢᠨ ᠬᠦᠯᠦᠷᠡᠬᠦ ᠶᠢ ᠬᠤᠷᠢᠭᠯᠠᠬᠤ ᠪᠤᠶᠤ ᠪᠡᠶ᠎ᠡ ᠶᠢᠨ ᠦᠨᠦᠷ ᠢ ᠠᠷᠢᠯᠭᠠᠬᠤ ᠬᠡᠰᠡᠭ ᠭᠠᠵᠠᠷ ᠲᠦᠷᠬᠢᠬᠦ ᠡᠮ ᠬᠡᠷᠡᠭᠯᠡᠵᠦ ᠪᠤᠯᠤᠨ᠎ᠠ᠃ ᠭᠡᠶ᠎ᠡ ᠡᠶᠢᠮᠦᠷᠬᠦ ᠠᠷᠭ᠎ᠠ ᠶᠢ ᠬᠡᠷᠡᠭᠯᠡᠬᠦ ᠳᠡᠭᠡᠨ ᠡᠮᠴᠢ ᠶᠢᠨ ᠵᠠᠬᠢᠶ᠎ᠠ ᠶᠢ ᠦᠨᠳᠦᠰᠦᠯᠡᠨ ᠬᠡᠷᠡᠭᠯᠡᠵᠦ᠂ ᠬᠡᠷᠡᠭᠯᠡᠬᠦ ᠤᠳᠠᠭ᠎ᠠ ᠪᠠ ᠬᠡᠮᠵᠢᠶ᠎ᠡ ᠶᠢ ᠳᠤᠷ᠎ᠠ ᠪᠠᠷ ᠢᠶᠠᠨ ᠨᠡᠮᠡᠵᠦ ᠪᠤᠯᠬᠤ ᠦᠭᠡᠢ᠂ ᠤᠴᠢᠷ ᠨᠢ ᠠᠷᠠᠰᠤ ᠤᠯᠠᠶᠢᠵᠤ ᠬᠠᠪᠤᠩᠨᠠᠨ᠂ ᠵᠠᠭᠠᠲᠤᠨᠠᠬᠤ ᠵᠡᠷᠭᠡ ᠬᠠᠷᠰᠢᠬᠤ ᠲᠤᠰᠬᠠᠯ ᠭᠠᠷᠴᠤ ᠬᠤᠯᠤᠩᠰᠤ ᠶᠢ ᠨᠡᠩ ᠠᠬᠠᠲᠠᠭᠤᠯᠳᠠᠭ᠃ ᠬᠦᠯᠦᠷᠡᠬᠦ ᠶᠢ ᠬᠤᠷᠢᠭᠯᠠᠬᠤ ᠡᠮ ᠬᠡᠷᠡᠭᠯᠡᠬᠦ ᠳᠡᠭᠡᠨ ᠤᠷᠢᠳᠠᠪᠠᠷ ᠴᠢᠬᠢᠨ ᠤ ᠠᠷᠤ ᠳᠠᠭᠠᠨ ᠪᠠᠭ᠎ᠠ ᠲᠦᠷᠬᠢᠵᠦ 24 ᠴᠠᠭ ᠠᠵᠢᠭᠯᠠᠯᠲᠠ ᠬᠢᠵᠦ᠂ ᠬᠠᠷᠰᠢᠬᠤ ᠦᠵᠡᠭᠳᠡᠯ ᠭᠠᠷᠬᠤ ᠡᠰᠡᠬᠦ ᠶᠢ ᠲᠤᠳᠤᠯᠠᠭᠰᠠᠨ ᠤ ᠳᠠᠷᠠᠭ᠎ᠠ ᠲᠠᠬᠢᠨ ᠬᠡᠷᠡᠭᠯᠡᠭᠡᠷᠡᠢ᠃ ᠬᠡᠷᠪᠡ ᠬᠤᠯᠤᠩᠰᠤ ᠶᠢ ᠲᠤᠶᠢᠯᠪᠤᠷᠢᠲᠠᠢ ᠠᠷᠢᠯᠭᠠᠶ᠎ᠠ ᠭᠡᠪᠡᠯ ᠪᠢᠴᠢᠯ ᠰᠦᠪᠡᠲᠦ ᠮᠡᠰᠡ ᠵᠠᠰᠠᠯ ᠬᠢᠯᠭᠡᠵᠦ ᠪᠤᠯᠤᠨ᠎ᠠ᠃ ᠡᠭᠦᠨ ᠠᠴᠠ ᠭᠠᠳᠠᠨ᠎ᠠ᠂ ᠪᠡᠶ᠎ᠡ ᠶᠢᠨ ᠠᠷᠢᠭᠤᠨ ᠴᠡᠪᠡᠷ ᠢ ᠰᠠᠶᠢᠲᠤᠷ ᠠᠩᠬᠠᠷᠴᠤ᠂ ᠬᠤᠪᠴᠠᠰᠤ ᠬᠤᠨᠠᠷ ᠢᠶᠠᠨ ᠦᠷᠭᠦᠯᠵᠢ ᠰᠤᠯᠢᠨ᠂ ᠭᠤᠱᠤᠭᠤᠨ ᠰᠡᠳᠡᠯᠲᠡ ᠲᠠᠢ ᠢᠳᠡᠭᠡᠨ ᠲᠤᠲᠠᠭᠤ ᠢᠳᠡᠭᠡᠷᠡᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号