| — ᠬᠤᠪᠢᠯᠭᠠᠨ ᠤᠩᠭᠤᠴᠠ ᠨᠢᠭᠡᠳᠦᠭᠡᠷ ᠠᠴᠠ ᠬᠤᠪᠢᠯᠭᠠᠨ ᠤᠩᠭᠤᠴᠠ ᠠᠷᠪᠠᠨ ᠨᠢᠭᠡᠳᠦᠭᠡᠷ | ᠬᠦᠷᠲᠡᠯ᠎ᠡ | ⑴ ᠬᠤᠪᠢᠯᠭᠠᠨ ᠤᠩᠭᠤᠴᠠ ᠨᠢᠭᠡᠳᠦᠭᠡᠷ | ᠳᠤᠮᠳᠠᠳᠤ ᠤᠯᠤᠰ ᠤᠨ ᠪᠡᠶ᠎ᠡ ᠪᠠᠨ ᠳᠠᠭᠠᠭᠠᠵᠤ ᠰᠤᠳᠤᠯᠤᠨ ᠦᠢᠯᠡᠳᠦᠭᠰᠡᠨ ᠠᠩᠬᠠᠳᠠᠭᠴᠢ ᠲᠤᠷᠰᠢᠯᠲᠠ ᠶᠢᠨ | ᠨᠢᠰᠬᠦ ᠤᠩᠭᠤᠴᠠ | ᠬᠠᠷᠪᠤᠭᠰᠠᠨ ᠨᠢ᠄ 1999 ᠤᠨ ᠤ 11 ᠰᠠᠷ᠎ᠠ ᠶᠢᠨ 20 ᠤ ᠡᠳᠦᠷ ᠤᠨ 6 ᠴᠠᠭ 30 ᠮᠢᠨᠦ᠋ᠲ 7 | ᠰᠧᠺᠦ᠋ᠨ᠋ᠳ᠋ | ᠪᠤᠴᠠᠵᠤ ᠢᠷᠡᠭᠰᠡᠨ ᠨᠢ᠄ 1999 ᠤᠨ ᠤ 11 ᠰᠠᠷ᠎ᠠ ᠶᠢᠨ 21 ᠤ ᠡᠳᠦᠷ ᠤᠨ 3 ᠴᠠᠭ 42 ᠮᠢᠨᠦ᠋ᠲ | ᠬᠠᠷᠪᠤᠭᠰᠠᠨ ᠭᠠᠵᠠᠷ ᠤᠷᠤᠨ᠄ ᠵᠢᠤᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠪᠠᠭᠤᠭᠰᠠᠨ ᠭᠠᠵᠠᠷ ᠤᠷᠤᠨ᠄ ᠦᠪᠦᠷ ᠮᠤᠩᠭᠤᠯ ᠤᠨ ᠳᠤᠮᠳᠠ ᠬᠡᠰᠡᠭ ᠤᠨ ᠭᠠᠵᠠᠷ ᠤᠷᠤᠨ | ᠴᠢᠬᠤᠯᠠ ᠠᠴᠢ ᠬᠤᠯᠪᠤᠭᠳᠠᠯ᠄ ᠳᠤᠮᠳᠠᠳᠤ ᠤᠯᠤᠰ ᠤᠨ ᠪᠡᠶ᠎ᠡ ᠪᠠᠨ ᠳᠠᠭᠠᠭᠠᠵᠤ ᠰᠤᠳᠤᠯᠤᠨ ᠦᠢᠯᠡᠳᠴᠦ᠂ | ᠠᠮᠵᠢᠯᠲᠠ ᠲᠠᠢ ᠬᠠᠷᠪᠤᠭᠰᠠᠨ ᠠᠩᠬᠠᠳᠠᠭᠴᠢ ᠬᠦᠮᠦᠨ ᠠᠴᠢᠶᠠᠯᠠᠭᠰᠠᠨ ᠦᠭᠡᠢ ᠲᠤᠷᠰᠢᠯᠲᠡ ᠶᠢᠨ ᠨᠢᠰᠬᠦ ᠤᠩᠭᠤᠴᠠ᠂ | ᠳᠤᠮᠳᠠᠳᠤ ᠤᠯᠤᠰ ᠤᠨ ᠰᠠᠨᠰᠠᠷ ᠤᠨ ᠠᠶᠠᠯᠠᠯ ᠤᠨ ᠲᠡᠦᠬᠡᠨ ᠳᠠᠬᠢ ᠴᠢᠬᠤᠯᠠ ᠬᠦᠰᠢᠶ᠎ᠡ ᠲᠡᠮᠳᠡᠭ ᠪᠤᠯᠤᠨ᠎ᠠ᠃ | ⑵ ᠬᠤᠪᠢᠯᠭᠠᠨ ᠤᠩᠭᠤᠴᠠ ᠬᠤᠶᠠᠳᠤᠭᠠᠷ | ᠳᠤᠮᠳᠠᠳᠤ ᠤᠯᠤᠰ ᠤᠨ ᠠᠩᠬᠠᠳᠠᠭᠴᠢ ᠵᠢᠩᠬᠢᠨᠢ ᠨᠢᠰᠬᠦ ᠤᠩᠭᠤᠴᠠ | ᠬᠠᠷᠪᠤᠭᠰᠠᠨ ᠨᠢ᠄ 2001 ᠤᠨ ᠤ 1 ᠰᠠᠷ᠎ᠠ ᠶᠢᠨ 10 ᠤ ᠡᠳᠦᠷ ᠤᠨ 1 ᠴᠠᠭ 0 ᠮᠢᠨᠦ᠋ᠲ 03 | ᠰᠧᠺᠦ᠋ᠨ᠋ᠳ᠋ | ᠪᠤᠴᠠᠵᠤ ᠢᠷᠡᠭᠰᠡᠨ ᠨᠢ᠄ 2001 ᠤᠨ ᠤ 1 ᠰᠠᠷ᠎ᠠ ᠶᠢᠨ 16 ᠤ ᠡᠳᠦᠷ ᠤᠨ 19 ᠴᠠᠭ 22 ᠮᠢᠨᠦ᠋ᠲ | ᠬᠠᠷᠪᠤᠭᠰᠠᠨ ᠭᠠᠵᠠᠷ ᠤᠷᠤᠨ᠄ ᠵᠢᠤᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠪᠠᠭᠤᠭᠰᠠᠨ ᠭᠠᠵᠠᠷ ᠤᠷᠤᠨ᠄ ᠦᠪᠦᠷ ᠮᠤᠩᠭᠤᠯ ᠤᠨ ᠳᠤᠮᠳᠠ ᠬᠡᠰᠡᠭ ᠤᠨ ᠭᠠᠵᠠᠷ ᠤᠷᠤᠨ | ᠴᠢᠬᠤᠯᠠ ᠠᠴᠢ ᠬᠤᠯᠪᠤᠭᠳᠠᠯ᠄ ᠬᠡᠳᠦᠶᠢᠪᠡᠷ ᠮᠦᠨ ᠯᠡ ᠬᠦᠮᠦᠨ ᠠᠴᠢᠶᠠᠯᠠᠭᠰᠠᠨ ᠦᠭᠡᠢ ᠨᠢᠰᠬᠦ | ᠤᠩᠭᠤᠴᠠ ᠪᠤᠯᠪᠠᠴᠤ ᠳᠤᠮᠳᠠᠳᠤ ᠤᠯᠤᠰ ᠤᠨ ᠰᠤᠳᠤᠯᠤᠨ ᠦᠢᠯᠡᠳᠦᠭᠰᠡᠨ ᠠᠩᠬᠠᠳᠠᠭᠴᠢ ᠵᠢᠩᠬᠢᠨᠢ ᠨᠢᠰᠬᠦ ᠤᠩᠭᠤᠴᠠ | ᠪᠤᠯᠤᠨ᠎ᠠ᠂ ᠳᠤᠮᠳᠠᠳᠤ ᠤᠯᠤᠰ ᠤᠨ ᠰᠠᠨᠰᠠᠷ ᠤᠨ ᠠᠶᠠᠯᠠᠯ ᠤᠨ ᠦᠢᠯᠡᠰ ᠤᠨ ᠰᠢᠨ᠎ᠡ ᠠᠬᠢᠯᠲᠠ ᠶᠢ ᠬᠠᠷᠠᠭᠤᠯᠵᠤ ᠪᠤᠢ᠃ | | ⑶ ᠬᠤᠪᠢᠯᠭᠠᠨ ᠤᠩᠭᠤᠴᠠ ᠭᠤᠷᠪᠠᠳᠤᠭᠠᠷ | ᠮᠠᠨ ᠤ ᠤᠯᠤᠰ ᠤᠨ ᠠᠩᠬᠠᠳᠠᠭᠴᠢ ︽ᠳᠠᠭᠤᠷᠢᠶᠠᠮᠠᠯ ᠬᠦᠮᠦᠨ︾ ᠠᠴᠢᠶᠠᠯᠠᠭᠰᠠᠨ ᠨᠢᠰᠬᠦ ᠤᠩᠭᠤᠴᠠ | ᠬᠠᠷᠪᠤᠭᠰᠠᠨ ᠨᠢ᠄ 2002 ᠤᠨ ᠤ 3 ᠰᠠᠷ᠎ᠠ ᠶᠢᠨ 25 ᠤ ᠡᠳᠦᠷ ᠤᠨ 22 ᠴᠠᠭ 15 ᠮᠢᠨᠦ᠋ᠲ | ᠪᠤᠴᠠᠵᠤ ᠢᠷᠡᠭᠰᠡᠨ ᠨᠢ᠄ 2002 ᠤᠨ ᠤ 4 ᠰᠠᠷ᠎ᠠ ᠶᠢᠨ 1 ᠤ ᠡᠳᠦᠷ ᠤᠨ 16 ᠴᠠᠭ 54 ᠮᠢᠨᠦ᠋ᠲ | ᠬᠠᠷᠪᠤᠭᠰᠠᠨ ᠭᠠᠵᠠᠷ ᠤᠷᠤᠨ᠄ ᠵᠢᠤᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠪᠠᠭᠤᠭᠰᠠᠨ ᠭᠠᠵᠠᠷ ᠤᠷᠤᠨ᠄ ᠦᠪᠦᠷ ᠮᠤᠩᠭᠤᠯ ᠤᠨ ᠳᠤᠮᠳᠠ ᠬᠡᠰᠡᠭ ᠤᠨ ᠭᠠᠵᠠᠷ ᠤᠷᠤᠨ | ᠴᠢᠬᠤᠯᠠ ᠠᠴᠢ ᠬᠤᠯᠪᠤᠭᠳᠠᠯ᠄ ᠨᠢᠰᠬᠦ ᠤᠩᠭᠤᠴᠠᠨ ᠳᠡᠭᠡᠷ᠎ᠡ ᠨᠢᠭᠡᠨ ᠤᠨᠴᠠᠭᠠᠢ ᠵᠤᠴᠢᠨ — ︽ | ᠳᠠᠭᠤᠷᠢᠶᠠᠮᠠᠯ ᠬᠦᠮᠦᠨ︾ ᠢ ᠠᠴᠢᠶᠠᠯᠠᠵᠠᠢ᠃ ᠰᠠᠨᠰᠠᠷᠴᠢᠨ ᠤ ᠰᠠᠨᠰᠠᠷ ᠲᠤ ᠠᠮᠢᠳᠤᠷᠠᠬᠤ ᠦᠶᠡᠰ ᠤᠨ ᠰᠤᠳᠠᠯ ᠤᠨ | ᠯᠤᠭᠰᠢᠯᠲᠠ᠂ ᠵᠢᠷᠦᠬᠡᠨ ᠴᠤᠬᠢᠯᠭ᠎ᠠ᠂ ᠠᠮᠢᠰᠬᠤᠭ᠎ᠠ᠂ ᠢᠳᠡᠭᠡᠨ ᠤᠮᠳᠠᠭᠠᠨ᠂ ᠢᠯᠭᠠᠳᠠᠰᠤ ᠵᠡᠷᠭᠡ ᠤᠯᠠᠨ ᠵᠦᠢᠯ ᠤᠨ | ᠴᠢᠬᠤᠯᠠ ᠹᠢᠽᠢᠤᠯᠤᠭᠢ ᠶᠢᠨ ᠪᠤᠯᠵᠤᠯᠲᠤ ᠲᠤᠭ᠎ᠠ ᠶᠢ ᠳᠠᠭᠤᠷᠢᠶᠠᠬᠤ ᠲᠤᠷᠰᠢᠯᠲᠠ ᠬᠢᠵᠦ᠂ ᠳᠤᠮᠳᠠᠳᠤ ᠤᠯᠤᠰ ᠤᠨ | ᠰᠠᠨᠰᠠᠷᠴᠢᠨ ᠢ ᠰᠠᠨᠰᠠᠷ ᠲᠤ ᠬᠦᠷᠭᠡᠨ ᠠᠶᠠᠯᠠᠭᠤᠯᠬᠤ ᠳᠤ ᠰᠠᠭᠤᠷᠢ ᠲᠠᠯᠪᠢᠵᠠᠢ᠃ | ⑷ ᠬᠤᠪᠢᠯᠭᠠᠨ ᠤᠩᠭᠤᠴᠠ ᠳᠦᠷᠪᠡᠳᠦᠭᠡᠷ | ᠳᠤᠮᠳᠠᠳᠤ ᠤᠯᠤᠰ ᠤᠨ ᠠᠩᠬᠠᠳᠠᠭᠴᠢ ᠬᠦᠮᠦᠨ ᠠᠴᠢᠶᠠᠯᠠᠵᠤ ᠪᠤᠯᠬᠤ ᠪᠤᠯᠪᠠᠴᠤ ᠬᠦᠮᠦᠨ ᠠᠴᠢᠶᠠᠯᠠᠭᠰᠠᠨ | ᠦᠭᠡᠢ ᠨᠢᠰᠬᠦ ᠤᠩᠭᠤᠴᠠ | ᠬᠠᠷᠪᠤᠭᠰᠠᠨ ᠨᠢ᠄ 2002 ᠤᠨ ᠤ 12 ᠰᠠᠷ᠎ᠠ ᠶᠢᠨ 30 ᠤ ᠡᠳᠦᠷ ᠤᠨ 0 ᠴᠠᠭ 40 ᠮᠢᠨᠦ᠋ᠲ | ᠪᠤᠴᠠᠵᠤ ᠢᠷᠡᠭᠰᠡᠨ ᠨᠢ᠄ 2003 ᠤᠨ ᠤ 1 ᠰᠠᠷ᠎ᠠ ᠶᠢᠨ 5 ᠤ ᠡᠳᠦᠷ ᠤᠨ 19 ᠴᠠᠭ 16 ᠮᠢᠨᠦ᠋ᠲ | ᠬᠠᠷᠪᠤᠭᠰᠠᠨ ᠭᠠᠵᠠᠷ ᠤᠷᠤᠨ᠄ ᠵᠢᠤᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠪᠠᠭᠤᠭᠰᠠᠨ ᠭᠠᠵᠠᠷ ᠤᠷᠤᠨ᠄ ᠦᠪᠦᠷ ᠮᠤᠩᠭᠤᠯ ᠤᠨ ᠳᠤᠮᠳᠠ ᠬᠡᠰᠡᠭ ᠤᠨ ᠭᠠᠵᠠᠷ ᠤᠷᠤᠨ | ᠴᠢᠬᠤᠯᠠ ᠠᠴᠢ ᠬᠤᠯᠪᠤᠭᠳᠠᠯ᠄ ᠮᠠᠨ ᠤ ᠤᠯᠤᠰ ᠤᠨ ᠠᠩᠬᠠᠳᠠᠭᠴᠢ ︽ᠳᠠᠭᠤᠷᠢᠶᠠᠮᠠᠯ ᠬᠦᠮᠦᠨ︾ ᠢ | ᠠᠴᠢᠶᠠᠯᠠᠨ ᠨᠢᠰᠦᠯᠲᠡ ᠬᠢᠭᠰᠡᠨ ᠨᠢᠰᠬᠦ ᠤᠩᠭᠤᠴᠠ ᠪᠤᠯᠤᠨ᠎ᠠ᠂ ᠬᠤᠪᠢᠯᠭᠠᠨ ᠤᠩᠭᠤᠴᠠ ᠬᠦᠮᠦᠨ ᠠᠴᠢᠶᠠᠯᠠᠭᠰᠠᠨ | ᠦᠭᠡᠢ ᠪᠠᠶᠢᠳᠠᠯ ᠳᠤᠤᠷ᠎ᠠ ᠨᠢᠭᠡ ᠤᠳᠠᠭᠠᠨ ᠤ ᠪᠦᠬᠦ ᠲᠠᠯ᠎ᠠ ᠶᠢᠨ ᠨᠢᠰᠦᠯᠲᠡ ᠶᠢᠨ ᠲᠤᠷᠰᠢᠯᠲᠠ ᠬᠢᠵᠡᠢ᠃ ᠨᠢᠰᠬᠦ | ᠤᠩᠭᠤᠴᠠᠨ ᠳᠤ ᠨᠡᠶᠢᠲᠡ 8 ᠵᠦᠢᠯ ᠤᠨ ᠠᠮᠢ ᠠᠪᠤᠷᠠᠬᠤ ᠵᠠᠭᠪᠤᠷ ᠢ ᠵᠢᠷᠦᠵᠦ ᠲᠦᠯᠦᠪᠯᠡᠨ᠂ ᠳᠤᠮᠳᠠᠳᠤ ᠤᠯᠤᠰ ᠤᠨ | ᠬᠦᠮᠦᠨ ᠠᠴᠢᠶᠠᠯᠠᠬᠤ ᠰᠠᠨᠰᠠᠷ ᠤᠨ ᠠᠶᠠᠯᠠᠯ ᠤᠨ ᠮᠡᠷᠭᠡᠵᠢᠯ ᠨᠢᠭᠡᠨᠲᠡ ᠴᠠᠭᠠᠷᠠᠨ ᠪᠤᠯᠪᠠᠰᠤᠷᠠᠭᠰᠠᠨ | ᠬᠤᠭᠤᠴᠠᠭᠠᠨ ᠳᠠᠭᠠᠨ ᠤᠷᠤᠭᠰᠠᠨ ᠢ ᠬᠠᠷᠠᠭᠤᠯᠪᠠ᠃ | ⑸ ᠬᠤᠪᠢᠯᠭᠠᠨ ᠤᠩᠭᠤᠴᠠ ᠲᠠᠪᠤᠳᠤᠭᠠᠷ | ᠮᠠᠨ ᠤ ᠤᠯᠤᠰ ᠤᠨ ᠠᠩᠬᠠᠳᠠᠭᠴᠢ ᠨᠢᠭᠡ ᠬᠦᠮᠦᠨ ᠠᠴᠢᠶᠠᠯᠠᠨ ᠨᠢᠰᠦᠭᠰᠡᠨ ᠨᠢᠰᠬᠦ ᠤᠩᠭᠤᠴᠠ | ᠬᠠᠷᠪᠤᠭᠰᠠᠨ ᠨᠢ᠄ 2003 ᠤᠨ ᠤ 10 ᠰᠠᠷ᠎ᠠ ᠶᠢᠨ 15 ᠤ ᠡᠳᠦᠷ ᠤᠨ 6 ᠴᠠᠭ 00 ᠮᠢᠨᠦ᠋ᠲ | ᠪᠤᠴᠠᠵᠤ ᠢᠷᠡᠭᠰᠡᠨ ᠨᠢ᠄ 2003 ᠤᠨ ᠤ 10 ᠰᠠᠷ᠎ᠠ ᠶᠢᠨ 16 ᠤ ᠡᠳᠦᠷ ᠤᠨ 16 ᠴᠠᠭ 28 | ᠮᠢᠨᠦ᠋ᠲ | ᠬᠠᠷᠪᠤᠭᠰᠠᠨ ᠭᠠᠵᠠᠷ ᠤᠷᠤᠨ᠄ ᠵᠢᠤᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠪᠠᠭᠤᠭᠰᠠᠨ ᠭᠠᠵᠠᠷ ᠤᠷᠤᠨ᠄ ᠦᠪᠦᠷ ᠮᠤᠩᠭᠤᠯ ᠤᠨ ᠳᠤᠮᠳᠠ ᠬᠡᠰᠡᠭ ᠤᠨ ᠠᠮᠤᠭᠤᠯᠠᠩ ᠤᠨ ᠲᠠᠯ᠎ᠠ | ᠨᠤᠲᠤᠭ | ᠰᠠᠨᠰᠠᠷᠴᠢᠨ᠄ ᠶᠠᠩ ᠯᠢ ᠸᠧᠢ | ᠴᠢᠬᠤᠯᠠ ᠠᠴᠢ ᠬᠤᠯᠪᠤᠭᠳᠠᠯ᠄ ᠳᠤᠮᠳᠠᠳᠤ ᠤᠯᠤᠰ ᠤᠨ ᠬᠠᠷᠪᠤᠭᠰᠠᠨ ᠠᠩᠬᠠᠳᠠᠭᠴᠢ ᠬᠦᠮᠦᠨ | ᠠᠴᠢᠶᠠᠯᠠᠭᠰᠠᠨ ᠰᠠᠨᠰᠠᠷ ᠤᠨ ᠨᠢᠰᠦᠭᠦᠷ ᠪᠤᠯᠤᠨ᠎ᠠ᠂ ᠰᠠᠨᠰᠠᠷᠴᠢᠨ ᠭᠠᠭᠴᠠ ᠪᠠᠷ ᠢᠶᠠᠨ ᠨᠢᠭᠡ ᠡᠳᠦᠷ ᠨᠢᠰᠦᠯᠲᠡ ᠬᠢᠬᠦ ᠶᠢ | ᠪᠡᠶᠡᠯᠡᠭᠦᠯᠦᠭᠰᠡᠨ ᠪᠤᠯᠬᠤᠷ ᠳᠤᠮᠳᠠᠳᠤ ᠤᠯᠤᠰ ᠤᠨ ᠤᠷᠢᠳᠤ ᠶᠢᠨ ᠵᠦᠪᠯᠡᠯᠲᠦ ︵ᠤᠷᠤᠰ︶ ᠪᠠ ᠠᠮᠧᠷᠢᠺᠡ ᠶᠢᠨ | ᠳᠠᠷᠠᠭ᠎ᠠ ᠪᠡᠶ᠎ᠡ ᠪᠠᠨ ᠳᠠᠭᠠᠭᠠᠵᠤ ᠬᠦᠮᠦᠨ ᠠᠴᠢᠶᠠᠯᠠᠭᠰᠠᠨ ᠰᠠᠨᠰᠠᠷ ᠤᠨ ᠠᠶᠠᠯᠠᠯ ᠤᠨ ᠠᠵᠢᠯᠯᠠᠭ᠎ᠠ ᠦᠷᠨᠢᠭᠦᠯᠵᠦ | ᠴᠢᠳᠠᠬᠤ ᠳᠡᠯᠡᠬᠡᠢ ᠳᠡᠭᠡᠷᠡᠬᠢ ᠭᠤᠷᠪᠠᠳᠡᠬᠢ ᠤᠯᠤᠰ ᠪᠤᠯᠤᠭᠰᠠᠨ ᠢ ᠬᠠᠷᠠᠭᠤᠯᠪᠠ᠃ ᠡᠨᠡ ᠨᠢ ᠳᠤᠮᠳᠠᠳᠤ ᠤᠯᠤᠰ ᠤᠨ | ᠰᠠᠨᠰᠠᠷ ᠤᠨ ᠠᠶᠠᠯᠠᠯ ᠤᠨ ᠦᠢᠯᠡᠰ ᠤᠨ ᠰᠢᠨ᠎ᠡ ᠵᠠᠭᠤᠨ ᠳᠠᠬᠢ ᠨᠢᠭᠡᠨ ᠰᠢᠨ᠎ᠡ ᠬᠦᠰᠢᠶ᠎ᠡ ᠲᠡᠮᠳᠡᠭ ᠪᠤᠯᠤᠨ᠎ᠠ᠃ | ⑹ ᠬᠤᠪᠢᠯᠭᠠᠨ ᠤᠩᠭᠤᠴᠠ ᠵᠢᠷᠭᠤᠳᠤᠭᠠᠷ | ᠤᠯᠠᠨ ᠬᠦᠮᠦᠨ ᠰᠠᠭᠤᠯᠭᠠᠨ ᠤᠯᠠᠨ ᠡᠳᠦᠷ ᠢᠶᠠᠷ ᠰᠠᠨᠰᠠᠷ ᠲᠤ ᠠᠶᠠᠯᠠᠬᠤ ᠶᠢ ᠪᠡᠶᠡᠯᠡᠭᠦᠯᠵᠡᠢ | ᠬᠠᠷᠪᠤᠭᠰᠠᠨ ᠨᠢ᠄ 2005 ᠤᠨ ᠤ 10 ᠰᠠᠷ᠎ᠠ ᠶᠢᠨ 12 ᠤᠨ ᠡᠳᠦᠷ ᠤᠨ 9 ᠴᠠᠭ 00 ᠮᠢᠨᠦ᠋ᠲ | ᠪᠤᠴᠠᠵᠤ ᠢᠷᠡᠭᠰᠡᠨ ᠨᠢ᠄ 2005 ᠤᠨ ᠤ 10 ᠰᠠᠷ᠎ᠠ ᠶᠢᠨ 17 ᠤ ᠡᠳᠦᠷ ᠤᠨ 4 ᠴᠠᠭ 07 ᠮᠢᠨᠦ᠋ᠲ | ᠬᠠᠷᠪᠤᠭᠰᠠᠨ ᠭᠠᠵᠠᠷ ᠤᠷᠤᠨ᠄ ᠵᠢᠤᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠪᠠᠭᠤᠭᠰᠠᠨ ᠭᠠᠵᠠᠷ ᠤᠷᠤᠨ᠄ ᠦᠪᠦᠷ ᠮᠤᠩᠭᠤᠯ ᠤᠨ ᠳᠦᠷᠪᠡᠳ ᠤᠨ ᠲᠠᠯ᠎ᠠ ᠨᠤᠲᠤᠭ | ᠰᠠᠨᠰᠠᠷᠴᠢᠨ᠄ ᠹᠸᠢ ᠵᠢᠶᠦ᠋ᠨ ᠯᠦᠩ᠂ ᠨᠢᠶᠧ ᠬᠠᠢ ᠱᠧᠩ | ᠴᠢᠬᠤᠯᠠ ᠠᠴᠢ ᠬᠤᠯᠪᠤᠭᠳᠠᠯ᠄ ᠳᠤᠮᠳᠠᠳᠤ ᠤᠯᠤᠰ ᠤᠨ ᠬᠤᠶᠠᠳᠠᠬᠢ ᠤᠳᠠᠭ᠎ᠠ ᠶᠢᠨ ᠬᠦᠮᠦᠨ | ᠰᠠᠭᠤᠯᠭᠠᠭᠰᠠᠨ ᠰᠠᠨᠰᠠᠷ ᠤᠨ ᠠᠶᠠᠯᠠᠯ᠂ ᠮᠦᠨ ᠴᠦ ᠳᠤᠮᠳᠠᠳᠤ ᠤᠯᠤᠰ ᠤᠨ ᠠᠩᠬ᠎ᠠ ᠤᠳᠠᠭ᠎ᠠ ᠬᠤᠶᠠᠷ ᠰᠠᠨᠰᠠᠷᠴᠢᠨ ᠢ | ᠬᠠᠮᠲᠤ ᠳᠤᠨᠢ ᠰᠠᠨᠰᠠᠷ ᠲᠤ ᠭᠠᠷᠭᠠᠨ᠂ ᠳᠡᠯᠡᠬᠡᠢ ᠶᠢᠨ ᠪᠦᠮᠪᠦᠷᠴᠡᠭ ᠢ ᠲᠤᠭᠤᠷᠢᠨ 76 ᠴᠠᠭᠠᠷᠢᠭ ᠠᠶᠠᠯᠠᠭᠰᠠᠨ | ᠰᠠᠨᠰᠠᠷ ᠤᠨ ᠠᠶᠠᠯᠠᠯ ᠮᠦᠨ᠃ ᠡᠭᠦᠪᠡᠷ ᠳᠤᠮᠳᠠᠳᠤ ᠤᠯᠤᠰ ᠤᠨ ᠬᠦᠮᠦᠨ ᠰᠠᠭᠤᠯᠭᠠᠬᠤ ᠰᠠᠨᠰᠠᠷ ᠤᠨ ᠠᠶᠠᠯᠠᠯ ᠤᠨ | ᠢᠨᠵᠧᠨᠧᠷᠢᠩ ᠤᠯᠠᠨ ᠬᠦᠮᠦᠨ ᠰᠠᠭᠤᠯᠭᠠᠨ ᠤᠯᠠᠨ ᠡᠳᠦᠷ ᠢᠶᠠᠷ ᠰᠠᠨᠰᠠᠷ ᠲᠤ ᠠᠶᠠᠯᠠᠬᠤ ᠶᠢ ᠪᠡᠶᠡᠯᠡᠭᠦᠯᠵᠡᠢ᠃ | ⑺ ᠬᠤᠪᠢᠯᠭᠠᠨ ᠤᠩᠭᠤᠴᠠ ᠳᠤᠯᠤᠳᠤᠭᠠᠷ | ᠳᠤᠮᠳᠠᠳᠤ ᠤᠯᠤᠰ ᠤᠨ ᠬᠦᠮᠦᠨ ᠠᠩᠬ᠎ᠠ ᠤᠳᠠᠭ᠎ᠠ ᠰᠠᠨᠰᠠᠷ ᠢᠶᠠᠷ ᠠᠯᠬᠤᠪᠠ | ᠬᠠᠷᠪᠤᠭᠰᠠᠨ ᠨᠢ᠄ 2008 ᠤᠨ ᠤ 9 ᠰᠠᠷ᠎ᠠ ᠶᠢᠨ 25 ᠤ ᠡᠳᠦᠷ ᠤᠨ 21 ᠴᠠᠭ 10 ᠮᠢᠨᠦ᠋ᠲ 04 | ᠰᠧᠺᠦ᠋ᠨ᠋ᠳ᠋ | ᠪᠤᠴᠠᠵᠤ ᠢᠷᠡᠭᠰᠡᠨ ᠨᠢ᠄ 2008 ᠤᠨ ᠤ 9 ᠰᠠᠷ᠎ᠠ ᠶᠢᠨ 28 ᠤ ᠡᠳᠦᠷ ᠤᠨ 17 ᠴᠠᠭ 37 ᠮᠢᠨᠦ᠋ᠲ | ᠬᠠᠷᠪᠤᠭᠰᠠᠨ ᠭᠠᠵᠠᠷ ᠤᠷᠤᠨ᠄ ᠵᠢᠤᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠪᠠᠭᠤᠭᠰᠠᠨ ᠭᠠᠵᠠᠷ ᠤᠷᠤᠨ᠄ ᠦᠪᠦᠷ ᠮᠤᠩᠭᠤᠯ ᠤᠨ ᠳᠤᠮᠳᠠ ᠬᠡᠰᠡᠭ ᠤᠨ ᠭᠠᠵᠠᠷ ᠤᠷᠤᠨ | ᠰᠠᠨᠰᠠᠷᠴᠢᠨ᠄ ᠵᠠᠢ ᡁᠢ ᠭᠠᠩ᠂ ᠯᠢᠦ ᠪᠦᠸᠧ ᠮᠢᠩ᠂ ᠵᠢᠩ ᠬᠠᠢ ᠫᠧᠩ | ᠴᠢᠬᠤᠯᠠ ᠠᠴᠢ ᠬᠤᠯᠪᠤᠭᠳᠠᠯ᠄ ᠵᠠᠢ ᡁᠢ ᠭᠠᠩ ᠦᠷᠦᠭᠡ ᠠᠴᠠ ᠭᠠᠷᠴᠤ ᠠᠵᠢᠯᠯᠠᠵᠤ᠂ ᠯᠢᠦ ᠪᠦᠸᠧ ᠮᠢᠩ | ᠲᠤᠭᠤᠷᠢᠯᠲᠠ ᠶᠢᠨ ᠵᠠᠮ ᠤᠨ ᠦᠷᠦᠭᠡᠨ ᠠᠴᠠ ᠬᠠᠮᠵᠢᠯᠴᠠᠵᠤ᠂ ᠳᠤᠮᠳᠠᠳᠤ ᠤᠯᠤᠰ ᠤᠨ ᠬᠦᠮᠦᠨ ᠠᠩᠬ᠎ᠠ ᠤᠳᠠᠭ᠎ᠠ | ᠰᠠᠨᠰᠠᠷ ᠢᠶᠠᠷ ᠠᠯᠬᠤᠬᠤ ᠠᠶᠠᠯᠠᠯ ᠢ ᠪᠡᠶᠡᠯᠡᠭᠦᠯᠵᠦ᠂ ᠨᠡᠶᠢᠲᠡ 19 ᠮᠢᠨᠦ᠋ᠲ 35 ᠰᠧᠺᠦ᠋ᠨ᠋ᠳ᠋ ᠠᠯᠬᠤᠪᠠ᠃ ᠡᠭᠦᠪᠡᠷ | ᠳᠤᠮᠳᠠᠳᠤ ᠤᠯᠤᠰ ᠠᠮᠧᠷᠢᠺᠡ᠂ ᠤᠷᠤᠰ ᠬᠤᠶᠠᠷ ᠤᠯᠤᠰ ᠤᠨ ᠳᠠᠷᠠᠭ᠎ᠠ ᠰᠠᠨᠰᠠᠷ ᠢᠶᠠᠷ ᠠᠯᠬᠤᠬᠤ ᠶᠢ ᠪᠡᠶᠡᠯᠡᠭᠦᠯᠦᠭᠰᠡᠨ | ᠳᠡᠯᠡᠬᠡᠢ ᠳᠠᠬᠢ ᠭᠤᠷᠪᠠᠳᠠᠬᠢ ᠤᠯᠤᠰ ᠪᠤᠯᠵᠤ᠂ ᠳᠤᠮᠳᠠᠳᠤ ᠤᠯᠤᠰ ᠤᠭᠲᠠᠷᠭᠤᠢ ᠶᠢᠨ ᠦᠷᠦᠭᠡᠨ ᠠᠴᠠ ᠭᠠᠷᠬᠤ | ᠮᠡᠷᠭᠡᠵᠢᠯ ᠤᠨ ᠲᠠᠯ᠎ᠠ ᠪᠠᠷ ᠨᠢᠭᠡᠨᠲᠡ ᠰᠢᠪᠲᠤᠯᠤᠯᠲᠠ ᠲᠠᠢ ᠪᠤᠯᠤᠭᠰᠠᠨ ᠢ ᠬᠠᠷᠠᠭᠤᠯᠵᠠᠢ᠃ | ⑻ ᠬᠤᠪᠢᠯᠭᠠᠨ ᠤᠩᠭᠤᠴᠠ ᠨᠠᠢᠮᠠᠳᠤᠭᠠᠷ | ᠤᠭᠲᠠᠷᠭᠤᠢ ᠳᠤ ᠵᠤᠯᠭᠠᠭᠤᠯᠤᠨ ᠵᠠᠯᠭᠠᠬᠤ ᠶᠢ ᠠᠩᠬ᠎ᠠ ᠤᠳᠠᠭ᠎ᠠ ᠪᠡᠶᠡᠯᠡᠭᠦᠯᠪᠡ | ᠬᠠᠷᠪᠤᠭᠰᠠᠨ ᠨᠢ᠄ 2011 ᠤᠨ ᠤ 11 ᠰᠠᠷ᠎ᠠ ᠶᠢᠨ 1 ᠤ ᠡᠳᠦᠷ ᠤᠨ 5 ᠴᠠᠭ 58 ᠮᠢᠨᠦ᠋ᠲ 10 | ᠰᠧᠺᠦ᠋ᠨ᠋ᠳ᠋ | ᠪᠤᠴᠠᠵᠤ ᠢᠷᠡᠭᠰᠡᠨ ᠨᠢ᠄ 2011 ᠤᠨ ᠤ 11 ᠰᠠᠷ᠎ᠠ ᠶᠢᠨ 17 ᠤ ᠡᠳᠦᠷ ᠤᠨ 19 ᠴᠠᠭ 32 | ᠮᠢᠨᠦ᠋ᠲ | ᠬᠠᠷᠪᠤᠭᠰᠠᠨ ᠭᠠᠵᠠᠷ ᠤᠷᠤᠨ᠄ ᠵᠢᠤᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠪᠠᠭᠤᠭᠰᠠᠨ ᠭᠠᠵᠠᠷ ᠤᠷᠤᠨ᠄ ᠦᠪᠦᠷ ᠮᠤᠩᠭᠤᠯ ᠤᠨ ᠳᠦᠷᠪᠡᠳ ᠤᠨ ᠲᠠᠯ᠎ᠠ ᠨᠤᠲᠤᠭ | ᠰᠠᠨᠰᠠᠷᠴᠢᠨ᠄ ᠬᠦᠮᠦᠨ ᠰᠠᠭᠤᠭᠰᠠᠨ ᠦᠭᠡᠢ | ᠴᠢᠬᠤᠯᠠ ᠠᠴᠢ ᠬᠤᠯᠪᠤᠭᠳᠠᠯ᠄ ᠬᠦᠮᠦᠨ ᠰᠠᠭᠤᠭᠰᠠᠨ ᠦᠭᠡᠢ ᠨᠢᠰᠦᠬᠦᠷ ᠢ ᠠᠮᠵᠢᠯᠲᠠ ᠲᠠᠢ ᠬᠠᠷᠪᠤᠭᠰᠠᠨ ᠤ | ᠬᠠᠮᠲᠤ ᠲᠡᠭᠷᠢ ᠶᠢᠨ ᠤᠷᠳᠤᠨ ᠨᠢᠭᠡᠳᠦᠭᠡᠷ ᠯᠦᠭᠡ ᠠᠦ᠋ᠲ᠋ᠤ᠋ ᠪᠠᠷ ᠵᠤᠯᠭᠠᠭᠤᠯᠤᠨ ᠵᠠᠯᠭᠠᠬᠤ ᠶᠢ ᠪᠡᠶᠡᠯᠡᠭᠦᠯᠵᠦ᠂ ᠨᠢᠭᠡᠨ | ᠪᠠᠭ᠎ᠠ ᠬᠡᠯᠪᠡᠷᠢ ᠶᠢᠨ ᠤᠭᠲᠠᠷᠭᠤᠢ ᠶᠢᠨ ᠦᠷᠲᠡᠭᠡ ᠶᠢ ᠪᠤᠢ ᠪᠤᠯᠭᠠᠵᠠᠢ᠃ ᠡᠨᠡ ᠨᠢ ᠳᠤᠮᠳᠠᠳᠤ ᠤᠯᠤᠰ ᠤᠨ | ᠠᠩᠬᠠᠳᠤᠭᠠᠷ ᠤᠳᠠᠭ᠎ᠠ ᠶᠢᠨ ᠤᠭᠲᠠᠷᠭᠤᠢ ᠳᠤ ᠵᠤᠯᠭᠠᠭᠤᠯᠤᠨ ᠵᠠᠯᠭᠠᠬᠤ ᠲᠤᠷᠰᠢᠯᠲᠠ᠂ ᠮᠦᠨ ᠴᠦ ᠳᠤᠮᠳᠠᠳᠤ | ᠤᠯᠤᠰ ᠤᠨ ᠬᠦᠮᠦᠨ ᠰᠠᠭᠤᠯᠭᠠᠬᠤ ᠰᠠᠨᠰᠠᠷ ᠤᠨ ᠠᠶᠠᠯᠠᠯ ᠤᠨ ᠢᠨᠵᠧᠨᠧᠷᠢᠩ ᠤᠨ ︽ᠭᠤᠷᠪᠠᠨ ᠠᠯᠬᠤᠮ ᠢᠶᠠᠷ ᠵᠠᠮᠨᠠᠬᠤ | ︾ ᠪᠠᠶᠢᠯᠳᠤᠬᠤ ᠪᠤᠳᠤᠯᠭ᠎ᠠ ᠳᠠᠬᠢ ᠬᠤᠶᠠᠳᠤᠭᠠᠷ ᠠᠯᠬᠤᠮ ᠤᠨ ᠵᠤᠯᠭᠠᠭᠤᠯᠤᠨ ᠵᠠᠯᠭᠠᠬᠤ ᠮᠡᠷᠭᠡᠵᠢᠯ ᠳᠤ ᠰᠢᠪᠲᠤᠯᠤᠯᠲᠠ | ᠭᠠᠷᠭᠠᠬᠤ ᠵᠠᠩᠭᠢᠯᠠᠭ᠎ᠠ ᠶᠢᠨ ᠠᠵᠢᠯ ᠪᠤᠯᠬᠤ ᠶᠤᠮ᠃ | ⑼ ᠬᠤᠪᠢᠯᠭᠠᠨ ᠤᠩᠭᠤᠴᠠ ᠶᠢᠰᠦᠳᠦᠭᠡᠷ | ᠰᠠᠨᠰᠠᠷᠴᠢᠨ ᠨᠢᠰᠬᠦ ᠤᠩᠭᠤᠴᠠ ᠶᠢ ︽ᠵᠢᠯᠤᠭᠤᠳᠪᠠ︾ | ᠬᠠᠷᠪᠤᠭᠰᠠᠨ ᠨᠢ᠄ 2012 ᠤᠨ ᠤ 6 ᠰᠠᠷ᠎ᠠ ᠶᠢᠨ 16 ᠤ ᠡᠳᠦᠷ ᠤᠨ 18 ᠴᠠᠭ 37 ᠮᠢᠨᠦ᠋ᠲ 24 | ᠰᠧᠺᠦ᠋ᠨ᠋ᠳ᠋ | ᠪᠤᠴᠠᠵᠤ ᠢᠷᠡᠭᠰᠡᠨ ᠨᠢ᠄ 2012 ᠤᠨ ᠤ 6 ᠰᠠᠷ᠎ᠠ ᠶᠢᠨ 29 ᠤ ᠡᠳᠦᠷ ᠤᠨ 10 ᠴᠠᠭ 00 | ᠰᠧᠺᠦ᠋ᠨ᠋ᠳ᠋ | ᠬᠠᠷᠪᠤᠭᠰᠠᠨ ᠭᠠᠵᠠᠷ ᠤᠷᠤᠨ᠄ ᠵᠢᠤᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠪᠠᠭᠤᠭᠰᠠᠨ ᠭᠠᠵᠠᠷ ᠤᠷᠤᠨ᠄ ᠦᠪᠦᠷ ᠮᠤᠩᠭᠤᠯ ᠤᠨ ᠳᠦᠷᠪᠡᠳ ᠤᠨ ᠲᠠᠯ᠎ᠠ ᠨᠤᠲᠤᠭ | ᠰᠠᠨᠰᠠᠷᠴᠢᠨ᠄ ᠵᠢᠩ ᠬᠠᠢ ᠫᠧᠩ᠂ ᠯᠢᠦ ᠸᠠᠩ᠂ ᠯᠢᠦ ᠶᠠᠩ ︵ᠡᠮᠡᠭᠲᠡᠢ︶ | ᠴᠢᠬᠤᠯᠠ ᠠᠴᠢ ᠬᠤᠯᠪᠤᠭᠳᠠᠯ᠄ ᠲᠡᠭᠷᠢ ᠶᠢᠨ ᠤᠷᠳᠤᠨ ᠨᠢᠭᠡᠳᠦᠭᠡᠷ ᠢ ᠬᠤᠪᠢᠯᠭᠠᠨ ᠤᠩᠭᠤᠴᠠ ᠶᠢᠰᠦᠳᠦᠭᠡᠷ | ᠲᠠᠢ ᠭᠠᠷ ᠢᠶᠠᠷ ᠡᠵᠡᠮᠰᠢᠵᠦ ᠵᠤᠯᠭᠠᠭᠤᠯᠤᠨ ᠵᠠᠯᠭᠠᠬᠤ ᠡᠭᠦᠷᠭᠡ ᠶᠢ ᠤᠷᠤᠭᠰᠢᠲᠠᠢ ᠪᠡᠶᠡᠯᠡᠭᠦᠯᠦᠭᠰᠡᠨ ᠢᠶᠠᠷ᠂ ᠳᠤᠮᠳᠠᠳᠤ | ᠤᠯᠤᠰ ᠳᠡᠯᠡᠬᠡᠢ ᠳᠠᠬᠢ ᠰᠠᠨᠰᠠᠷ ᠲᠤ ᠵᠤᠯᠭᠠᠭᠤᠯᠤᠨ ᠵᠠᠯᠭᠠᠬᠤ ᠮᠡᠷᠭᠡᠵᠢᠯ ᠢ ᠪᠦᠷᠢᠮᠦᠰᠦᠨ ᠡᠵᠡᠮᠰᠢᠭᠰᠡᠨ ᠭᠤᠷᠪᠠᠳᠠᠬᠢ | ᠤᠯᠤᠰ ᠪᠤᠯᠵᠠᠢ᠃ | ᠬᠤᠪᠢᠯᠭᠠᠨ ᠤᠩᠭᠤᠴᠠ ᠶᠢᠰᠦᠳᠦᠭᠡᠷ ᠠᠴᠠ ᠡᠮᠦᠨᠡᠬᠢ ᠮᠠᠨ ᠤ ᠤᠯᠤᠰ ᠤᠨ ᠬᠦᠮᠦᠨ ᠰᠠᠭᠤᠯᠭᠠᠭᠰᠠᠨ | ᠰᠠᠨᠰᠠᠷ ᠤᠨ ᠠᠶᠠᠯᠠᠯ ᠨᠢ ᠬᠠᠷᠪᠤᠬᠤ ᠠᠴᠠ ᠠᠪᠤᠭᠠᠳ ᠪᠤᠴᠠᠵᠤ ᠢᠷᠡᠲᠡᠯ᠎ᠡ ᠪᠠᠨ ᠪᠦᠷ ᠠᠦ᠋ᠲ᠋ᠤ᠋ ᠡᠵᠡᠮᠰᠢᠯ ᠬᠢᠵᠦ | ᠪᠠᠶᠢᠵᠠᠢ᠃ ︽ᠬᠤᠪᠢᠯᠭᠠᠨ ᠤᠩᠭᠤᠴᠠ ᠶᠢᠰᠦᠳᠦᠭᠡᠷ︾ ᠨᠢ ᠰᠠᠨᠰᠠᠷᠴᠢᠨ ᠤ ᠭᠠᠷ ᠢᠶᠠᠷ ᠡᠵᠡᠮᠰᠢᠵᠦ ᠵᠤᠯᠭᠠᠭᠤᠯᠤᠨ | ᠵᠠᠯᠭᠠᠬᠤ ᠶᠢ ᠪᠡᠶᠡᠯᠡᠭᠦᠯᠦᠭᠰᠡᠨ ᠢᠶᠠᠷ ᠦᠩᠭᠡᠷᠡᠭᠰᠡᠨ ᠳᠤ ᠮᠠᠨ ᠤ ᠰᠠᠨᠰᠠᠷᠴᠢᠳ ︽ᠨᠢᠰᠬᠦ ᠤᠩᠭᠤᠴᠠᠨ ᠳᠤ ᠰᠠᠭᠤᠵᠤ︾ | ᠪᠠᠶᠢᠭᠰᠠᠨ ᠪᠤᠯ ᠬᠤᠪᠢᠯᠭᠠᠨ ᠤᠩᠭᠤᠴᠠ ᠶᠢᠰᠦᠳᠦᠭᠡᠷ ᠤᠨ ᠰᠠᠨᠰᠠᠷᠴᠢᠳ ︽ᠨᠢᠰᠬᠦ ᠤᠩᠭᠤᠴᠠ ᠶᠢ ᠵᠢᠯᠤᠭᠤᠳᠬᠤ︾ | ᠪᠤᠯᠵᠠᠢ᠃ | ⑽ ᠬᠤᠪᠢᠯᠭᠠᠨ ᠤᠩᠭᠤᠴᠠ ᠠᠷᠪᠠᠳᠤᠭᠠᠷ | ᠮᠠᠨ ᠤ ᠤᠯᠤᠰ ᠤᠨ ᠠᠩᠬᠠᠳᠠᠭᠴᠢ ᠬᠡᠷᠡᠭᠯᠡᠬᠡᠨ ᠤ ᠬᠡᠯᠪᠡᠷᠢ ᠶᠢᠨ ᠨᠢᠰᠬᠦ ᠤᠩᠭᠤᠴᠠ | ᠬᠠᠷᠪᠤᠭᠰᠠᠨ ᠨᠢ᠄ 2013 ᠤᠨ ᠤ 6 ᠰᠠᠷ᠎ᠠ ᠶᠢᠨ 11 ᠤ ᠡᠳᠦᠷ ᠤᠨ 17 ᠴᠠᠭ 38 ᠮᠢᠨᠦ᠋ᠲ | ᠪᠠᠭᠤᠭᠰᠠᠨ ᠨᠢ᠄ 2013 ᠤᠨ ᠤ 6 ᠰᠠᠷ᠎ᠠ ᠶᠢᠨ 26 ᠤ ᠡᠳᠦᠷ ᠤᠨ 8 ᠴᠠᠭ 07 ᠮᠢᠨᠦ᠋ᠲ | ᠬᠠᠷᠪᠤᠭᠰᠠᠨ ᠭᠠᠵᠠᠷ ᠤᠷᠤᠨ᠄ ᠵᠢᠤᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠪᠠᠭᠤᠭᠰᠠᠨ ᠭᠠᠵᠠᠷ ᠤᠷᠤᠨ᠄ ᠦᠪᠦᠷ ᠮᠤᠩᠭᠤᠯ ᠤᠨ ᠳᠤᠮᠳᠠ ᠬᠡᠰᠡᠭ ᠤᠨ ᠭᠠᠵᠠᠷ ᠤᠷᠤᠨ | ᠰᠠᠨᠰᠠᠷᠴᠢᠨ᠄ ᠨᠢᠶᠧ ᠬᠠᠢ ᠱᠧᠩ᠂ ᠵᠠᠩ ᠰᠢᠶᠤᠤ ᠭᠤᠸᠠᠩ᠂ ᠸᠠᠩ ᠶᠠ ᠫᠢᠩ ︵ᠡᠮᠡᠭᠲᠡᠢ︶ | ᠴᠢᠬᠤᠯᠠ ᠠᠴᠢ ᠬᠤᠯᠪᠤᠭᠳᠠᠯ᠄ ᠮᠠᠨ ᠤ ᠤᠯᠤᠰ ᠤᠨ ︽ᠬᠤᠪᠢᠯᠭᠠᠨ ᠤᠩᠭᠤᠴᠠ︾ ᠨᠢᠰᠬᠦ ᠤᠩᠭᠤᠴᠠ | ᠠᠩᠬ᠎ᠠ ᠤᠳᠠᠭ᠎ᠠ ᠬᠡᠷᠡᠭᠯᠡᠭᠡᠨ ᠤ ᠴᠢᠨᠠᠷᠲᠠᠢ ᠨᠢᠰᠦᠯᠲᠡ ᠬᠢᠪᠡ᠃ ᠮᠠᠨ ᠤ ᠤᠯᠤᠰ ᠤᠨ ᠬᠦᠮᠦᠨ ᠰᠠᠭᠤᠯᠭᠠᠬᠤ | ᠰᠠᠨᠰᠠᠷ ᠤᠨ ᠠᠶᠠᠯᠠᠯ ᠬᠤᠶᠠᠳᠤᠭᠠᠷ ᠠᠯᠬᠤᠮ ᠤᠨ ᠨᠢᠭᠡᠳᠦᠭᠡᠷ ᠱᠠᠲᠤᠨ ᠤ ᠡᠭᠦᠷᠭᠡ ᠪᠠᠨ ᠲᠡᠭᠦᠰ ᠠᠮᠵᠢᠯᠲᠠ ᠲᠠᠢ | ᠪᠡᠶᠡᠯᠡᠭᠦᠯᠵᠦ᠂ ᠤᠭᠲᠠᠷᠭᠤᠢ ᠶᠢᠨ ᠲᠤᠷᠰᠢᠯᠲᠠ ᠶᠢᠨ ᠲᠠᠰᠤᠭ ᠪᠤᠯᠤᠨ ᠤᠭᠲᠠᠷᠭᠤᠢ ᠶᠢᠨ ᠦᠷᠲᠡᠭᠡ ᠨᠢ ᠰᠤᠳᠤᠯᠤᠨ | ᠦᠢᠯᠡᠳᠬᠦ ᠱᠠᠲᠤᠨ ᠳᠤ ᠪᠦᠬᠦ ᠲᠠᠯ᠎ᠠ ᠪᠠᠷ ᠤᠷᠤᠪᠠ᠃ | ⑾ ᠬᠤᠪᠢᠯᠭᠠᠨ ᠤᠩᠭᠤᠴᠠ ᠠᠷᠪᠠᠨ ᠨᠢᠭᠡᠳᠦᠭᠡᠷ | ᠤᠭᠲᠠᠷᠭᠤᠢ ᠶᠢᠨ ᠦᠷᠲᠡᠭᠡ ᠪᠠᠶᠢᠭᠤᠯᠬᠤ ᠠᠴᠠ ᠡᠮᠦᠨᠡᠬᠢ ᠬᠠᠮᠤᠭ ᠡᠴᠦᠰ ᠤᠨ ᠤᠳᠠᠭ᠎ᠠ ᠶᠢᠨ ᠪᠦᠬᠦ | ᠲᠠᠯ᠎ᠠ ᠶᠢᠨ ᠮᠡᠷᠭᠡᠵᠢᠯ ᠤᠨ ᠰᠢᠯᠭᠠᠯᠲᠠ | ᠬᠠᠷᠪᠤᠭᠰᠠᠨ ᠴᠠᠭ᠄ 2016 ᠤᠨ ᠤ 10 ᠰᠠᠷ᠎ᠠ ᠶᠢᠨ 17 ᠤ ᠡᠳᠦᠷ ᠤᠨ7 ᠴᠠᠭ 30 ᠮᠢᠨᠦ᠋ᠲ | ᠬᠠᠷᠪᠤᠭᠰᠠᠨ ᠭᠠᠵᠠᠷ ᠤᠷᠤᠨ᠄ ᠵᠢᠦᠴᠢᠦᠸᠠᠨ ᠳᠠᠬᠢ ᠳᠠᠭᠠᠭᠤᠯᠢ ᠤᠳᠤ ᠬᠠᠷᠪᠤᠬᠤ ᠲᠦᠪ | ᠰᠠᠨᠰᠠᠷᠴᠢᠨ᠄ ᠵᠢᠩ ᠬᠠᠢ ᠫᠧᠩ᠂ ᠴᠧᠨ ᠳ᠋ᠦᠩ | ᠭᠤᠤᠯ ᠡᠭᠦᠷᠭᠡ᠄ ᠲᠡᠭᠷᠢ ᠶᠢᠨ ᠤᠷᠳᠤᠨ ᠬᠤᠶᠠᠳᠤᠭᠠᠷ ᠲᠠᠢ ᠵᠠᠯᠭᠠᠭᠤᠯᠤᠨ ᠵᠤᠯᠭᠠᠭᠤᠯᠵᠤ᠂ 2 | ᠰᠠᠨᠰᠠᠷᠴᠢᠨ ᠢᠶᠠᠨ ᠲᠡᠭᠷᠢ ᠶᠢᠨ ᠤᠷᠳᠤᠨ ᠬᠤᠶᠠᠳᠤᠭᠠᠷ ᠳᠡᠭᠡᠷ᠎ᠡ ᠬᠦᠷᠭᠡᠵᠦ᠂ ᠤᠭᠲᠠᠷᠭᠤᠢ ᠶᠢᠨ ᠬᠡᠷᠡᠭᠯᠡᠭᠡᠨ ᠤ | ᠮᠡᠷᠭᠡᠵᠢᠯ᠂ ᠤᠭᠲᠠᠷᠭᠤᠢ ᠶᠢᠨ ᠠᠨᠠᠭᠠᠬᠤ ᠤᠬᠠᠭᠠᠨ ᠤ ᠮᠡᠷᠭᠡᠵᠢᠯ ᠤᠨ ᠲᠤᠷᠰᠢᠯᠲᠠ ᠬᠢᠵᠦ᠂ ᠢᠷᠡᠭᠡᠳᠦᠢ ᠶᠢᠨ | ᠤᠭᠲᠠᠷᠭᠤᠢ ᠶᠢᠨ ᠦᠷᠲᠡᠭᠡ ᠶᠢᠨ ᠵᠠᠩᠭᠢᠯᠠᠭ᠎ᠠ ᠶᠢᠨ ᠮᠡᠷᠭᠡᠵᠢᠯ ᠢ ᠰᠢᠯᠭᠠᠨ ᠪᠠᠶᠢᠴᠠᠭᠠᠨ᠎ᠠ᠃ ᠰᠠᠨᠰᠠᠷᠴᠢᠨ | ᠤᠭᠲᠠᠷᠭᠤᠢ ᠶᠢᠨ ᠲᠤᠷᠰᠢᠯᠲᠠ ᠶᠢᠨ ᠲᠠᠰᠤᠭ ᠲᠤ 30 ᠡᠳᠦᠷ ᠠᠵᠢᠯᠯᠠᠵᠤ ᠠᠮᠢᠳᠤᠷᠠᠬᠤ ᠪᠠ ᠪᠤᠴᠠᠵᠤ ᠢᠷᠡᠬᠦ ᠶᠢ | ᠪᠠᠲᠤᠯᠠᠨ᠎ᠠ᠃ |