ᠭᠤᠷᠪᠠᠨ ᠰᠢᠨᠵᠢᠯᠡᠬᠦ ᠤᠬᠠᠭᠠᠨᠲᠠᠨ 2016 ᠤᠨ ᠤ ᠨᠤᠪᠧᠯ ᠤᠨ ᠬᠢᠮᠢ ᠶᠢᠨ ᠱᠠᠩᠨᠠᠯ ᠢ ᠤᠯᠵᠠᠢ
ᠨᠡᠶᠢᠲᠡᠯᠡᠭᠰᠡᠨ ᠴᠠᠭ᠄
2016-10-11
           ᠰᠸᠧᠳᠧᠨ ᠤ ᠬᠠᠭᠠᠨ ᠤ ᠤᠭᠰᠠᠭᠠᠲᠠᠨ ᠤ ᠰᠢᠨᠵᠢᠯᠡᠬᠦ ᠤᠬᠠᠭᠠᠨ ᠤ ᠬᠦᠷᠢᠶᠡᠯᠡᠩ 5 ᠤ ᠡᠳᠦᠷ 2016 ᠤᠨ ᠤ ᠨᠤᠪᠧᠯ ᠤᠨ ᠬᠢᠮᠢ ᠶᠢᠨ ᠱᠠᠩᠨᠠᠯ ᠢ ᠷᠠᠩ᠊ — ᠫᠢ᠊ — ᠠᠶᠢᠷ᠂ ᠰᠦᠸᠡᠿᠢ᠂ ᠹᠦᠯᠸᠢᠢᠽ᠂ ᠰᠲ᠋ᠤᠳᠠᠲ᠂ ᠪᠤᠨᠠᠳ᠋᠂ ᠹᠸᠢᠢᠯᠢᠨᠺᠡ ᠭᠤᠷᠪᠠᠨ ᠰᠢᠨᠵᠢᠯᠡᠬᠦ ᠤᠬᠠᠭᠠᠨᠲᠠᠨ ᠳᠤ ᠤᠯᠭᠤᠵᠤ᠂ ᠲᠡᠳᠡᠨ ᠤ ᠮᠤᠯᠧᠺᠦ᠋ᠯ ᠤᠨ ᠮᠠᠰᠢᠨ ᠤ ᠵᠢᠷᠤᠭ ᠲᠦᠯᠦᠪᠯᠡᠭᠡ ᠬᠢᠭᠡᠳ ᠨᠡᠶᠢᠯᠡᠯᠭᠡ ᠶᠢᠨ ᠬᠦᠷᠢᠶᠡᠨ ᠳᠤ ᠦᠵᠡᠭᠦᠯᠦᠭᠰᠡᠨ ᠬᠤᠪᠢ ᠨᠡᠮᠡᠷᠢ ᠶᠢ ᠬᠦᠬᠢᠭᠦᠯᠦᠨ ᠰᠠᠶᠢᠰᠢᠶᠠᠬᠤ ᠪᠠᠷ ᠲᠤᠭᠲᠠᠵᠠᠢ ᠭᠡᠵᠦ ᠨᠡᠶᠢᠲᠡᠯᠡᠪᠡ᠃        ᠷᠠᠩ᠊ — ᠫᠢ᠊ — ᠠᠶᠢᠷ᠂ ᠰᠦᠸᠡᠿᠢ ᠹᠷᠠᠨᠼᠢ ᠳᠤ ᠲᠦᠷᠦᠵᠡᠢ᠂ ᠤᠳᠤ ᠪᠠᠷᠠᠨᠼᠢ ᠶᠢᠨ ᠰᠲᠷᠡᠰᠪᠦ᠋ᠷᠡᠭ ᠶᠡᠭᠡ ᠰᠤᠷᠭᠠᠭᠤᠯᠢ ᠳᠤ ᠠᠵᠢᠯᠯᠠᠵᠤ ᠪᠤᠢ︔ ᠹᠦᠯᠸᠢᠢᠽ᠂ ᠰᠲ᠋ᠤᠳᠠᠲ ᠠᠩᠭ᠍ᠯᠢ ᠳᠤ ᠲᠦᠷᠦᠵᠡᠢ᠂ ᠤᠳᠤ ᠠᠮᠧᠷᠢᠺᠡ ᠶᠢᠨ ᠪᠠᠷᠠᠭᠤᠨ ᠬᠤᠶᠢᠲᠤ ᠶᠢᠨ ᠶᠡᠭᠡ ᠰᠤᠷᠭᠠᠭᠤᠯᠢ ᠳᠤ ᠠᠵᠢᠯᠯᠠᠵᠤ ᠪᠤᠢ︔ ᠪᠤᠨᠠᠳ᠋᠂ ᠹᠸᠢᠢᠯᠢᠨᠺᠡ ᠬᠤᠯᠠᠨᠳ᠋ ᠲᠤ ᠲᠦᠷᠦᠵᠡᠢ᠂ ᠤᠳᠤ ᠬᠤᠯᠠᠨᠳ᠋ ᠤᠨ ᠡᠾᠷᠦᠨᠢᠩᠭᠧᠨ ᠶᠡᠭᠡ ᠰᠤᠷᠭᠠᠭᠤᠯᠢ ᠳᠤ ᠠᠵᠢᠯᠯᠠᠵᠤ ᠪᠤᠢ᠃        ᠨᠤᠪᠧᠯ ᠤᠨ ᠱᠠᠩᠨᠠᠯ ᠰᠢᠯᠭᠠᠷᠠᠭᠤᠯᠬᠤ ᠵᠦᠪᠯᠡᠯ ᠤᠨ ᠬᠢᠨ ᠦᠵᠡᠬᠦ ᠳᠡᠭᠡᠨ᠂ ᠲᠡᠳᠡ ︽ᠳᠡᠯᠡᠬᠡᠢ ᠳᠡᠭᠡᠷᠡᠬᠢ ᠬᠠᠮᠤᠭ ᠤᠨ ᠪᠠᠭ᠎ᠠ ᠮᠠᠰᠢᠨ︾ ᠢ ᠡᠭᠦᠳᠴᠦ᠂ ᠬᠢᠮᠢ ᠶᠢᠨ ᠬᠦᠭᠵᠢᠯᠲᠡ ᠶᠢ ᠰᠢᠨ᠎ᠡ ᠬᠡᠮᠵᠢᠶᠡᠨ ᠳᠤ ᠬᠦᠷᠭᠡᠵᠡᠢ ᠭᠡᠪᠡ᠃      
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号