ᠪᠦᠬᠦ ᠪᠦᠮᠪᠦᠷᠴᠡᠭ ᠤᠨ ᠬᠠᠮᠤᠭ ᠲᠤᠮᠤ ᠷᠠᠳᠢᠤ᠋ ᠳᠤᠷᠠᠨ — FAST
ᠨᠡᠶᠢᠲᠡᠯᠡᠭᠰᠡᠨ ᠴᠠᠭ᠄
2016-09-29
       ᠳᠤᠷᠠᠨ ᠪᠠᠶᠢᠭᠰᠠᠨ ᠦᠭᠡᠢ ᠪᠤᠯ ᠤᠳᠤ ᠦᠶ᠎ᠡ ᠶᠢᠨ ᠤᠳᠤᠨ ᠤᠷᠤᠨ ᠤ ᠰᠤᠳᠤᠯᠭᠠᠨ ᠭᠡᠵᠦ ᠪᠠᠶᠢᠵᠤ ᠴᠢᠳᠠᠰᠢ ᠦᠭᠡᠢ ᠶᠤᠮ᠃ 1609 ᠤᠨ ᠳᠤ᠂ ᠢᠲ᠋ᠠᠯᠢ ᠶᠢᠨ ᠰᠢᠨᠵᠢᠯᠡᠬᠦ ᠤᠬᠠᠭᠠᠨᠲᠠᠨ ᠭᠠᠯᠢᠯᠸᠢ ᠨᠢᠭᠡᠨ ᠳ᠋ᠢᠶᠠᠮᠧᠲᠷ  ᠨᠢ 4.2 ᠰᠡᠨᠲ᠋ᠢᠮᠧᠲᠷ ᠪᠤᠯᠬᠤ ᠦᠪᠡᠷᠲᠡᠭᠡᠨ ᠦᠢᠯᠡᠳᠦᠭᠰᠡᠨ ᠳᠤᠷᠠᠨ ᠢᠶᠠᠷ ᠰᠠᠷᠠᠨ ᠪᠦᠮᠪᠦᠷᠴᠡᠭ ᠤᠨ ᠭᠠᠳᠠᠷᠭᠤ ᠶᠢᠨ ᠦᠨᠳᠦᠷ ᠨᠠᠮ ᠳᠡᠭᠰᠢ ᠪᠤᠰᠤ ᠴᠠᠭᠠᠷᠢᠭ ᠠᠭᠤᠯᠠ ᠶᠢ ᠤᠯᠵᠤ ᠬᠠᠷᠠᠵᠤ᠂ ᠳᠤᠷᠠᠨ ᠢᠶᠠᠷ ᠤᠳᠤᠨ ᠴᠤᠭᠴᠠᠰ ᠢ ᠠᠵᠢᠭᠯᠠᠭᠰᠠᠨ ᠠᠩᠬᠠᠨ ᠤ ᠬᠦᠮᠦᠨ ᠪᠤᠯᠵᠠᠢ᠃        ᠤᠳᠤ ᠦᠶ᠎ᠡ ᠶᠢᠨ ᠤᠳᠤᠨ ᠤᠷᠤᠨ ᠤ ᠳᠤᠷᠠᠨ ᠨᠢ ᠬᠤᠭᠤᠷᠠᠯᠲᠠ ᠳᠤᠷᠠᠨ᠂ ᠤᠶᠢᠯᠲᠠᠲᠤ ᠳᠤᠷᠠᠨ᠂ ᠬᠤᠭᠤᠷᠠᠯᠲᠠ ᠤᠶᠢᠯᠲᠠᠲᠤ ᠳᠤᠷᠠᠨ ᠭᠡᠵᠦ ᠭᠤᠷᠪᠠᠨ ᠶᠡᠭᠡ ᠲᠦᠷᠦᠯ ᠳᠤ ᠬᠤᠪᠢᠶᠠᠵᠤ᠂ ᠤᠯᠠᠨ ᠶᠠᠩᠵᠤ ᠶᠢᠨ ᠪᠤᠢ᠃ ᠷᠠᠳᠢᠤ᠋ ᠳᠤᠷᠠᠨ ᠭᠡᠭᠴᠢ ᠳᠦᠭᠦᠮ ᠢᠶᠠᠷ ᠬᠡᠯᠡᠪᠡᠯ᠂ ᠤᠳᠤᠨ ᠴᠤᠭᠴᠠᠰ ᠤᠨ ᠷᠠᠳᠢᠤ᠋ ᠳᠤᠯᠭᠢᠶᠠᠨ ᠢ ᠬᠦᠯᠢᠶᠡᠨ ᠠᠪᠳᠠᠭ ᠳᠤᠷᠠᠨ ᠪᠤᠯᠤᠨ᠎ᠠ᠃ ᠲᠡᠭᠦᠨ ᠤ ᠠᠵᠢᠯᠯᠠᠬᠤ ᠶᠤᠰᠤ ᠨᠢ ᠤᠳᠤᠨ ᠴᠤᠭᠴᠠᠰ ᠠᠴᠠ ᠬᠦᠯᠢᠶᠡᠨ ᠠᠪᠤᠭᠰᠠᠨ ᠷᠠᠳᠢᠤ᠋ ᠳᠤᠯᠭᠢᠶᠠᠨ ᠢ ᠤᠶᠢᠯᠲᠠ ᠶᠢᠨ ᠭᠠᠳᠠᠷᠭᠤ ᠪᠠᠷ ᠤᠶᠢᠵᠤ᠂ ᠢᠵᠢᠯᠢ ᠹᠠᠰ ︵ᠬᠡᠪ ᠪᠠᠶᠢᠳᠠᠯ︶ ᠢᠶᠠᠷ ᠨᠡᠶᠢᠲᠡ ᠶᠢᠨ ᠲᠦᠪᠯᠡᠷᠡᠯ ᠤᠨ ᠴᠢᠭ ᠲᠤ ᠲᠦᠪᠯᠡᠷᠡᠭᠦᠯᠵᠦ ᠵᠢᠷᠤᠭ ᠳᠦᠷᠰᠦ ᠪᠦᠲᠦᠭᠡᠨ᠎ᠡ᠃        9 ᠰᠠᠷ᠎ᠠ ᠶᠢᠨ25 ᠤ ᠡᠳᠦᠷ᠂ ︽ᠲᠡᠭᠷᠢ ᠶᠢᠨ ᠨᠢᠳᠦ︾ ᠭᠡᠮᠡᠭᠳᠡᠭᠰᠡᠨ 500 ᠮᠧᠲᠷ ᠤᠨ ᠳ᠋ᠢᠶᠠᠮᠧᠲᠷ ᠪᠦᠬᠦᠢ ᠪᠦᠮᠪᠦᠷᠭᠡᠨ ᠭᠠᠳᠠᠷᠭᠤ ᠲᠠᠢ ᠷᠠᠳᠢᠤ᠋ ᠳᠤᠷᠠᠨ ︵FAST︶ ᠳᠤᠮᠳᠠᠳᠤ ᠤᠯᠤᠰ ᠤᠨ ᠭᠦᠢᠵᠸᠦ ᠮᠤᠵᠢ ᠶᠢᠨ ᠫᠢᠩ ᠲᠠᠩ ᠰᠢᠶᠠᠨ ᠤ ᠺᠠᠰᠲ᠋ᠧ ᠬᠤᠲᠤᠭᠤᠷ ᠲᠤ ᠠᠰᠢᠭᠯᠠᠯᠲᠠ ᠳᠤ ᠤᠷᠤᠵᠠᠢ᠃ ᠡᠨᠡ ᠪᠤᠯ ᠮᠠᠨ ᠤ ᠤᠯᠤᠰ ᠤᠨ ᠪᠡᠶ᠎ᠡ ᠪᠠᠨ ᠳᠠᠭᠠᠭᠠᠭᠰᠠᠨ ᠮᠡᠳᠡᠯᠭᠡ ᠶᠢᠨ ᠦᠮᠴᠢᠯᠡᠯ ᠤᠨ ᠡᠷᠬᠡ ᠪᠦᠬᠦᠢ ᠳᠡᠯᠡᠬᠡᠢ ᠳᠡᠭᠡᠷᠡᠬᠢ ᠳ᠋ᠢᠶᠠᠮᠧᠲᠷ ᠨᠢ ᠬᠠᠮᠤᠭ ᠶᠡᠭᠡ᠂ ᠬᠠᠮᠤᠭ ᠬᠤᠷᠴᠠ ᠰᠡᠷᠭᠡᠭ ᠷᠠᠳᠢᠤ᠋ ᠳᠤᠷᠠᠨ ᠪᠤᠯᠤᠨ᠎ᠠ᠃
       1.FAST ᠬᠡᠳᠦᠢ ᠲᠤᠮᠤ ᠪᠤᠢ︖        500 ᠮᠧᠲᠷ ᠤᠨ ᠳ᠋ᠢᠶᠠᠮᠧᠲᠷ ᠪᠦᠬᠦᠢ FAST ᠳᠤᠷᠠᠨ ᠪᠤᠯ ᠤᠳᠤᠬᠢ ᠳᠡᠯᠡᠬᠡᠢ ᠳᠡᠭᠡᠷᠡᠬᠢ ᠳ᠋ᠢᠶᠠᠮᠧᠲᠷ  ᠨᠢ ᠬᠠᠮᠤᠭ ᠶᠡᠭᠡ ᠳ᠋ᠠᠩ ᠴᠤᠭᠴᠠ ᠶᠢᠨ ᠷᠠᠳᠢᠤ᠋ ᠳᠤᠷᠠᠨ ᠪᠤᠯᠤᠨ᠎ᠠ᠃ ᠲᠡᠭᠦᠨ ᠤ ᠬᠦᠯᠢᠶᠡᠨ ᠠᠪᠬᠤ ᠭᠠᠳᠠᠷᠭᠤ ᠨᠢ 30 ᠪᠠᠷᠢᠮᠵᠢᠶᠠᠲᠤ ᠬᠦᠯ ᠪᠦᠮᠪᠦᠭᠡᠨ ᠤ ᠲᠠᠯᠠᠪᠠᠢ ᠲᠠᠢ ᠲᠡᠩᠴᠡᠨ᠎ᠡ᠃ FAST ᠢ ᠨᠢᠭᠡ ᠲᠤᠮᠤ ︽ᠨᠢᠳᠦ︾ ᠪᠠᠷ ᠵᠢᠱᠢᠶᠡᠯᠡᠪᠡᠯ᠂ ᠡᠨᠡᠬᠦ ᠲᠤᠮᠤ ︽ᠨᠢᠳᠦ︾ ᠶᠢᠨ ᠨᠢᠳᠦᠨ ᠠᠯᠢᠮ᠎ᠠ ᠶᠢᠨ ᠳ᠋ᠢᠶᠠᠮᠧᠲᠷ ᠨᠢ 500 ᠮᠧᠲᠷ᠂ ᠭᠡᠷᠡᠯ ᠤᠨ ᠰᠠᠴᠤᠷᠠᠭ ᠢ ᠬᠦᠯᠢᠶᠡᠨ ᠠᠪᠬᠤ ᠨᠢᠳᠦᠨ ᠴᠡᠴᠡᠭᠡᠢ ᠶᠢᠨ ᠳ᠋ᠢᠶᠠᠮᠧᠲᠷ ᠨᠢ 300 ᠮᠧᠲᠷ ᠪᠠᠶᠢᠳᠠᠭ᠃
       2.FAST ᠢ ᠪᠠᠶᠢᠭᠤᠯᠬᠤ ᠳᠤ ᠬᠡᠳᠦᠢ ᠵᠢᠯ ᠬᠡᠷᠡᠭᠯᠡᠭᠰᠡᠨ ᠪᠤᠢ︖        FAST ᠳᠤᠷᠠᠨ ᠨᠢ ᠰᠠᠨᠠᠭᠠᠴᠢᠯᠠᠭᠠᠲᠤ ᠤᠶᠢᠯᠲᠠ ᠶᠢᠨ ᠭᠠᠳᠠᠷᠭᠤ ᠶᠢᠨ ᠰᠢᠰᠲ᠋ᠧᠮ᠂ ᠲᠤᠰᠬᠠᠯ ᠤᠨ ᠡᠬᠢ ᠶᠢ ᠲᠤᠯᠭᠠᠭᠤᠷᠢᠯᠠᠬᠤ ᠰᠢᠰᠲ᠋ᠧᠮ᠂ ᠬᠠᠶᠢᠨ ᠬᠡᠮᠵᠢᠬᠦ ᠪᠤᠯᠤᠨ ᠡᠵᠡᠮᠳᠡᠬᠦ ᠰᠢᠰᠲ᠋ᠧᠮ᠂ ᠬᠦᠯᠢᠶᠡᠨ ᠠᠪᠬᠤ ᠮᠠᠰᠢᠨ ᠲᠦᠬᠦᠭᠡᠷᠦᠮᠵᠢ ᠵᠢᠴᠢ ᠬᠠᠶᠢᠨ ᠬᠡᠮᠵᠢᠬᠦ ᠰᠠᠭᠤᠷᠢᠨ ᠵᠡᠷᠭᠡ ᠬᠡᠳᠦᠨ ᠶᠡᠭᠡ ᠬᠡᠰᠡᠭ ᠢᠶᠠᠷ ᠪᠦᠷᠢᠯᠳᠦᠵᠡᠢ᠃ ᠰᠠᠨᠠᠭᠠᠴᠢᠯᠠᠭᠠᠲᠤ ᠤᠶᠢᠯᠲᠠ ᠶᠢᠨ ᠭᠠᠳᠠᠷᠭᠤ ᠨᠢ ᠲᠦᠮᠡ ᠭᠠᠷᠤᠢ ᠪᠤᠯᠤᠳ ᠭᠢᠨᠵᠢ ᠪᠤᠯᠤᠨ 4450 ᠬᠡᠰᠡᠭ ᠤᠶᠢᠯᠲᠠ ᠶᠢᠨ ᠨᠢᠭᠡᠴᠡ ᠶᠢᠨ ᠰᠡᠯᠪᠢᠩ ᠢᠶᠠᠷ ᠪᠦᠷᠢᠯᠳᠦᠭᠰᠡᠨ ᠪᠠᠶᠢᠳᠠᠭ᠃ ᠨᠠᠨ ᠷᠧᠨ ᠳ᠋ᠦᠩ ᠢᠶᠠᠷ ᠲᠦᠷᠦᠭᠦᠯᠦᠭᠦᠯᠦᠭᠰᠡᠨ ᠮᠠᠨ ᠤ ᠤᠯᠤᠰ ᠤᠨ ᠤᠳᠤᠨ ᠤᠷᠤᠨ ᠤ ᠰᠢᠨᠵᠢᠯᠡᠬᠦ ᠤᠬᠠᠭᠠᠨᠲᠠᠨ 1994 ᠤᠨ ᠳᠤ FAST ᠢ ᠪᠠᠶᠢᠭᠤᠯᠬᠤ ᠲᠦᠰᠦᠯ ᠳᠤᠷᠠᠳᠴᠤ᠂ ᠪᠡᠯᠡᠳᠬᠡᠯ ᠰᠤᠳᠤᠯᠭᠠᠨ ᠠᠴᠠ ᠪᠤᠳᠠᠲᠠᠢ ᠪᠠᠶᠢᠭᠤᠯᠤᠭᠳᠠᠬᠤ ᠪᠤᠯᠲᠠᠯ᠎ᠠ 22 ᠵᠢᠯ ᠬᠡᠷᠡᠭᠰᠡᠵᠡᠢ᠃        3.FAST ᠢᠶᠠᠷ ᠬᠡᠳᠦᠢ ᠬᠤᠯᠠ ᠶᠢ ᠠᠵᠢᠭᠯᠠᠵᠤ ᠳᠡᠶᠢᠯᠬᠦ ᠪᠤᠢ︖        FAST ᠢᠶᠠᠷ 137 ᠳ᠋ᠦᠩᠰᠢᠭᠤᠷ ᠭᠡᠷᠡᠯ ᠵᠢᠯ ᠤᠨ ᠴᠠᠭᠠᠲᠤᠬᠢ ᠴᠠᠬᠢᠯᠭᠠᠨ ᠰᠤᠷᠢᠨᠵᠢᠨ ᠲᠤᠬᠢᠶ᠎ᠠ ᠶᠢ ᠬᠦᠯᠢᠶᠡᠨ ᠠᠪᠴᠤ᠂ ᠰᠠᠨᠰᠠᠷ ᠤᠷᠴᠢᠯᠠᠩ ᠤᠨ ᠬᠦᠪᠡᠭᠡ ᠬᠢᠵᠠᠭᠠᠷ ᠲᠤ ᠬᠦᠷᠲᠡᠯ᠎ᠡ ᠬᠠᠶᠢᠨ ᠰᠢᠨᠵᠢᠯᠡᠵᠦ ᠳᠡᠶᠢᠯᠦᠨ᠎ᠡ᠃ ᠭᠧᠷᠮᠡᠨ ᠤ ᠪᠦᠸᠧ᠊ — ᠡᠸ᠋ᠨ 100 ᠮᠧᠲᠷ ᠤᠨ ᠳᠤᠷᠠᠨ ᠲᠠᠢ ᠬᠠᠷᠢᠴᠠᠭᠤᠯᠪᠠᠯ᠂ FAST ᠤᠨ ᠬᠤᠷᠴᠠ ᠰᠡᠷᠭᠡᠭ ᠤᠨ ᠬᠡᠮᠵᠢᠶ᠎ᠡ 10 ᠳᠠᠬᠢᠨ ᠤᠷᠴᠢᠮ ᠨᠡᠮᠡᠭᠳᠡᠵᠡᠢ︔ ᠠᠮᠧᠷᠢᠺᠡ ᠶᠢᠨ ᠠᠷᠧᠰᠢᠪᠦ᠋ᠸᠧ 350 ᠮᠧᠲᠷ ᠤᠨ ᠳᠤᠷᠠᠨ ᠲᠠᠢ ᠬᠠᠷᠢᠴᠠᠭᠤᠯᠪᠠᠯ FAST ᠤᠨ ᠶᠡᠷᠦᠩᠬᠡᠢ ᠴᠢᠳᠠᠪᠤᠷᠢ 10 ᠳᠠᠬᠢᠨ ᠤᠷᠴᠢᠮ ᠳᠡᠭᠡᠭᠰᠢᠯᠡᠵᠡᠢ᠃ ᠵᠢᠱᠢᠶᠡᠯᠡᠨ ᠬᠡᠯᠡᠪᠡᠯ᠂ ᠰᠠᠷᠠᠨ ᠪᠦᠮᠪᠦᠷᠴᠡᠭ ᠳᠡᠭᠡᠷ᠎ᠡ ᠤᠲᠠᠰᠤ ᠪᠠᠷ ᠶᠠᠷᠢᠯᠴᠠᠵᠤ ᠪᠠᠶᠢᠭ᠎ᠠ ᠬᠦᠮᠦᠨ ᠤ ᠮᠡᠳᠡᠭᠡ ᠵᠠᠩᠭᠢ ᠶᠢ FAST ᠰᠡᠷᠭᠡᠭ ᠢᠶᠠᠷ ᠬᠠᠶᠢᠨ ᠮᠡᠳᠡᠵᠦ ᠴᠢᠳᠠᠨ᠎ᠠ᠃ FAST ᠢᠶᠠᠷ ᠢᠷᠡᠭᠡᠳᠦᠢ ᠳᠤ ᠤᠭᠲᠠᠷᠭᠤᠢ ᠶᠢᠨ ᠨᠢᠰᠦᠭᠦᠷ ᠤᠨ ᠠᠶᠠᠯᠠᠬᠤ ᠵᠠᠮ ᠢ ᠬᠠᠶᠢᠨ ᠵᠢᠭᠠᠬᠤ ᠰᠤᠳᠤᠯᠭᠠᠨ ᠬᠢᠵᠦ ᠪᠤᠯᠤᠨ᠎ᠠ᠃
       4.FAST ᠢᠶᠠᠷ ᠶᠠᠭᠤ ᠶᠢ ᠠᠵᠢᠭᠯᠠᠵᠤ ᠳᠡᠶᠢᠯᠬᠦ ᠪᠤᠢ︖        FAST ᠢᠶᠠᠷ ᠤᠳᠤᠨ ᠤᠷᠤᠨ ᠤ ᠬᠠᠷᠢᠯᠴᠠᠨ ᠦᠢᠯᠡᠴᠢᠯᠡᠬᠦ ᠮᠡᠳᠡᠭᠡ ᠵᠠᠩᠭᠢ ᠶᠢ ᠬᠠᠶᠢᠨ ᠰᠢᠨᠵᠢᠯᠡᠵᠦ᠂ ᠳᠠᠯᠳᠠ ᠪᠤᠳᠠᠰ ᠢ ᠬᠠᠶᠢᠨ ᠮᠡᠳᠡᠵᠦ᠂ ᠬᠠᠷ᠎ᠠ ᠨᠦᠬᠡ ᠶᠢᠨ ᠮᠠᠰ ᠢ ᠬᠠᠶᠢᠨ ᠬᠡᠮᠵᠢᠵᠦ᠂ ᠲᠡᠷᠡᠴᠢᠯᠡᠨ ᠪᠠᠶᠢᠵᠤ ᠮᠡᠳᠡᠬᠦ ᠭᠠᠳᠠᠭᠠᠲᠤ ᠤᠷᠴᠢᠯᠠᠩ ᠤᠨ ᠪᠤᠯᠪᠠᠰᠤᠨ ᠢ ᠬᠠᠶᠢᠨ ᠡᠷᠢᠵᠦ ᠪᠤᠯᠤᠨ᠎ᠠ᠃ ᠰᠠᠨᠰᠠᠷ ᠤᠷᠴᠢᠯᠠᠩ ᠳᠠᠬᠢ ᠰᠠᠭᠠᠷᠮᠠᠭ ᠤᠰᠤᠲᠦ᠋ᠷᠦᠭᠴᠢ ᠶᠢ ᠰᠢᠨᠵᠢᠯᠡᠨ ᠪᠠᠶᠢᠴᠠᠭᠠᠵᠤ᠂ ᠯᠤᠭᠰᠢᠯ ᠤᠳᠤ ᠶᠢ ᠠᠵᠢᠭᠯᠠᠬᠤ ᠵᠢᠴᠢ ᠰᠠᠨᠰᠠᠷ ᠤᠨ ᠨᠢᠰᠦᠭᠦᠷ ᠢ ᠬᠠᠶᠢᠨ ᠬᠡᠮᠵᠢᠬᠦ᠂ ᠴᠢᠮᠡᠭᠡ ᠬᠤᠯᠪᠤᠭ᠎ᠠ ᠶᠢᠨ ᠬᠡᠷᠡᠭᠯᠡᠭᠡᠨ ᠳᠤ ᠠᠰᠢᠭᠯᠠᠵᠤ ᠪᠤᠯᠤᠨ᠎ᠠ᠃ ᠲᠦᠯᠦᠪᠯᠡᠭᠡ ᠪᠠᠷ᠂ FAST ᠳᠤᠷᠠᠨ ᠮᠠᠨ ᠤ ᠤᠯᠤᠰ ᠤᠨ ᠪᠤᠰᠤᠳ 5 ᠰᠠᠭᠤᠷᠢ ᠷᠠᠳᠢᠤ᠋ ᠳᠤᠷᠠᠨ ᠲᠠᠢ ︽ᠲᠡᠭᠷᠢ ᠶᠢᠨ ᠨᠢᠳᠦᠨ︾ ᠤ ᠰᠦᠷᠦᠭ ᠢ ᠪᠦᠷᠢᠯᠳᠦᠭᠦᠯᠵᠦ᠂ ᠤᠳᠤᠨ ᠴᠤᠭᠴᠠᠰ ᠲᠤ ᠨᠠᠷᠢᠨ ᠤᠨᠤᠪᠴᠢᠲᠠᠢ ᠬᠠᠶᠢᠯᠲᠠ ᠰᠢᠨᠵᠢᠯᠡᠯᠲᠡ ᠬᠢᠬᠦ ᠪᠤᠯᠤᠨ᠎ᠠ᠃ ᠡᠭᠦᠨ ᠳᠤ ᠭᠠᠳᠠᠭᠠᠳᠤ ᠭᠠᠷᠠᠭ ᠤᠨ ᠠᠮᠢᠳᠤ ᠪᠤᠳᠠᠰ ᠲᠤ ᠬᠠᠶᠢᠯᠲᠠ ᠬᠢᠬᠦ ᠪᠤᠯ FAST ᠤᠨ ᠨᠢᠭᠡ ᠴᠢᠬᠤᠯᠠ ᠡᠭᠦᠷᠭᠡ ᠪᠤᠯᠬᠤ ᠪᠤᠯᠤᠨ᠎ᠠ᠃        ᠲᠡᠯᠡᠬᠡᠢ ᠶᠢᠨ ᠨᠡᠷᠡᠲᠡᠢ ᠷᠠᠳᠢᠤ᠋ ᠳᠤᠷᠠᠨ        ᠴᠢᠯᠢ ᠶᠢᠨ ᠬᠤᠶᠢᠲᠤ ᠪᠡᠶ᠎ᠡ ᠶᠢᠨ ᠡᠯᠡᠰᠦᠨ ᠴᠦᠯ ᠳᠠᠬᠢ ᠠᠲ᠋ᠠᠺᠠᠮᠠ ᠲᠤᠮᠤ ᠬᠡᠯᠪᠡᠷᠢ ᠶᠢᠨ ᠮᠢᠯᠢᠮᠧᠲᠷ ᠳᠤᠯᠭᠢᠶᠠᠨ ᠤ ᠠᠨᠲ᠋ᠢᠨ᠎ᠠ ᠵᠢᠭᠰᠠᠭᠠᠯ ︵ALMA︶        ᠫᠦᠸ᠋ᠷᠲ᠋ᠤ᠋ ᠷᠢᠺᠤ ᠠᠷᠠᠯ ᠤᠨ ᠭᠠᠯᠲᠤ ᠠᠭᠤᠯᠠᠨ ᠤ ᠠᠮᠠᠰᠠᠷ ᠲᠠᠬᠢ ᠠᠮᠧᠷᠢᠺᠡ ᠶᠢᠨ ᠠᠷᠧᠰᠪᠦ᠋ᠸᠧ 350 ᠮᠧᠲᠷ ᠤᠨ ᠷᠠᠳᠢᠤ᠋ ᠳᠤᠷᠠᠨ ︵ARECIBO︶        ᠠᠦ᠋ᠰᠲᠷᠠᠯᠢᠶ᠎ᠠ ᠶᠢᠨ ᠮᠧᠷᠴᠢᠰᠤᠨ ᠤᠷᠤᠨ ᠳᠠᠬᠢ ᠲᠡᠭᠰᠢ ᠳᠦᠷᠪᠡᠯᠵᠢᠨ ᠺᠢᠯᠤᠮᠧᠲᠷ ᠵᠢᠭᠰᠠᠭᠠᠯ ᠤᠨ ᠷᠠᠳᠢᠤ᠋ ᠳᠤᠷᠠᠨ ︵ASKAP︶        ᠳᠡᠯᠡᠬᠡᠢ ᠶᠢᠨ ᠪᠦᠬᠦ ᠲᠠᠯ᠎ᠠ ᠪᠠᠷ ᠡᠷᠭᠢᠵᠦ ᠪᠤᠯᠳᠠᠭ ᠲᠤᠮᠤ ᠳᠤᠷᠠᠨ ᠤ ᠨᠢᠭᠡ ᠪᠤᠯᠬᠤ ᠭᠧᠷᠮᠡᠨ ᠤ ᠡᠸ᠋ᠹᠧᠯᠰᠪᠧᠷᠭᠧ ᠷᠠᠳᠢᠤ᠋ ᠳᠤᠷᠠᠨ ︵Effelsberg︶        ᠠᠽᠢᠶ᠎ᠠ ᠶᠢᠨ ᠬᠠᠮᠤᠭ ᠲᠤᠮᠤ ᠦᠨᠴᠦᠭ ᠢᠶᠠᠷ ᠡᠷᠭᠢᠵᠦ ᠪᠤᠯᠳᠠᠭ ᠷᠠᠳᠢᠤ᠋ ᠳᠤᠷᠠᠨ — ᠳᠤᠮᠳᠠᠳᠤ ᠤᠯᠤᠰ ᠤᠨ ᠱᠠᠩᠬᠠᠢ ᠶᠢᠨ ᠱᠧᠱᠠᠨ ᠤ 65 ᠮᠧᠲᠷ ᠤᠨ ᠷᠠᠳᠢᠤ᠋ ᠳᠤᠷᠠᠨ
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号