| ᠠᠮᠧᠷᠢᠺᠡ ᠶᠢᠨ ᠬᠠᠹᠦ᠋ ᠶᠡᠭᠡ ᠰᠤᠷᠭᠠᠭᠤᠯᠢ ᠶᠢᠨ ᠬᠠᠷᠢᠶᠠᠲᠦ ᠪᠦᠯᠡᠶᠢᠭᠧᠨ ᠡᠮᠡᠭᠲᠡᠶᠢᠴᠦᠳ ᠤᠨ ᠡᠮᠨᠡᠯᠬᠡ ᠶᠢᠨ | ᠬᠤᠷᠢᠶᠠᠨ ᠤ ᠬᠠᠮᠤᠭ ᠤᠨ ᠰᠢᠨ᠎ᠡ ᠰᠤᠳᠤᠯᠭᠠᠨ ᠳᠤ ᠬᠠᠷᠠᠭᠤᠯᠤᠭᠰᠠᠨ ᠢᠶᠠᠷ᠂ ᠡᠩ ᠤᠨ ᠴᠠᠭ ᠲᠠᠭᠠᠨ ᠬᠠᠲᠠᠭᠤ | ᠬᠠᠯᠢᠰᠤᠲᠤ ᠵᠢᠮᠢᠰ ᠢᠳᠡᠪᠡᠯ ᠪᠡᠶ᠎ᠡ ᠳᠠᠬᠢ ᠦᠷᠪᠢᠰᠦᠯ ᠤᠨ ᠭᠦᠢᠴᠡᠳᠬᠡᠯ ᠲᠤᠭ᠎ᠠ ᠳᠤᠷᠤᠭᠰᠢᠯᠠᠳᠠᠭ᠃ | ᠰᠤᠳᠤᠯᠭᠠᠲᠠᠳ 5013 ᠨᠡᠷ᠎ᠡ ᠡᠮᠡᠭᠲᠡᠢ ᠡᠷᠡᠭᠲᠡᠢ ᠶᠢᠨ ᠬᠠᠲᠠᠭᠤ ᠬᠠᠯᠢᠰᠤᠲᠤ ᠵᠢᠮᠢᠰ ᠢᠳᠡᠳᠡᠭ ᠳᠠᠳᠬᠠᠯ ᠵᠢᠴᠢ | ᠦᠷᠪᠢᠰᠦᠯ ᠤᠨ ᠭᠦᠢᠴᠡᠳᠬᠡᠯ ᠲᠤᠭ᠎ᠠ ᠶᠢᠨ ᠬᠤᠯᠪᠤᠭ᠎ᠠ ᠳᠤ ᠪᠠᠶᠢᠴᠠᠭᠠᠯᠲᠠ ᠬᠢᠪᠡ᠃ ᠡᠭᠦᠨ ᠤ ᠳ᠋ᠦᠩ ᠳᠤ᠂ | ᠭᠠᠷᠠᠭ ᠲᠤ 5 ᠪᠤᠶᠤ ᠡᠭᠦᠨ ᠠᠴᠠ ᠳᠡᠭᠡᠭᠰᠢ ᠤᠳᠠᠭ᠎ᠠ ᠬᠠᠲᠠᠭᠤ ᠬᠠᠯᠢᠰᠤᠲᠤ ᠵᠢᠮᠢᠰ ᠢᠳᠡᠳᠡᠭ ᠬᠦᠮᠦᠰ ᠤᠨ | ᠪᠡᠶ᠎ᠡ ᠳᠠᠬᠢ C- ᠲᠤᠰᠬᠠᠯ ᠤᠨ ᠤᠭᠤᠷᠠᠭ ᠪᠠ ᠴᠠᠭᠠᠨ ᠡᠰ ᠤᠨ ᠵᠠᠭᠤᠴᠢ ᠡᠳ᠋ -6 ᠶᠢᠨ ᠭᠦᠢᠴᠡᠳᠬᠡᠯ ᠲᠤᠭ᠎ᠠ ᠨᠢ | ᠨᠡᠯᠢᠶᠡᠳ ᠳᠤᠤᠷ᠎ᠠ ᠪᠠᠶᠢᠳᠠᠭ ᠢ ᠤᠯᠵᠤ ᠮᠡᠳᠡᠪᠡ᠃ ᠳᠡᠭᠡᠷ᠎ᠡ ᠳᠤᠷᠠᠳᠤᠭᠰᠠᠨ ᠬᠤᠶᠠᠷ ᠭᠦᠢᠴᠡᠳᠬᠡᠯ ᠲᠤᠭ᠎ᠠ | ᠨᠡᠮᠡᠭᠳᠡᠪᠡᠯ ᠪᠡᠶ᠎ᠡ ᠳᠤ ᠦᠷᠪᠢᠰᠦᠯ ᠲᠠᠢ ᠪᠠᠶᠢᠳᠠᠭ᠃ ᠡᠭᠦᠨ ᠤ ᠬᠠᠮᠲᠤ ᠬᠠᠲᠠᠭᠤ ᠬᠠᠯᠢᠰᠦᠲᠦ ᠵᠢᠮᠢᠰ ᠢᠶᠠᠷ ᠬᠠᠷ᠎ᠠ | ᠮᠢᠬ᠎ᠠ ᠪᠤᠶᠤ ᠨᠠᠷᠢᠯᠢᠭ ᠪᠤᠯᠪᠠᠰᠤᠷᠠᠭᠤᠯᠤᠭᠰᠠᠨ ᠢᠳᠡᠭᠡᠨ ᠢ ᠤᠷᠤᠯᠠᠭᠤᠯᠵᠤ ᠢᠳᠡᠪᠡᠯ ᠮᠦᠨ ᠦᠷᠪᠢᠰᠦᠯ ᠢ ᠳᠠᠷᠤᠬᠤ | ᠦᠢᠯᠡᠳᠦᠯ ᠲᠠᠢ᠃ ᠭᠠᠷᠠᠭ ᠲᠤ 3 ᠤᠳᠠᠭ᠎ᠠ ᠬᠠᠲᠠᠭᠤ ᠬᠠᠯᠢᠰᠤᠲᠤ ᠵᠢᠮᠢᠰ ᠢᠶᠠᠷ ᠨᠠᠷᠢᠯᠢᠭ ᠢᠳᠡᠭᠡᠨ ᠢ | ᠤᠷᠤᠯᠠᠭᠤᠯᠪᠠᠯ C- ᠲᠤᠰᠬᠠᠯ ᠤᠨ ᠤᠭᠤᠷᠠᠭ ᠤᠨ ᠦᠳᠬᠡᠴᠡ ᠨᠢ ᠰᠢᠩᠭᠡᠷᠡᠳᠡᠭ᠃ ᠬᠡᠷᠪᠡ ᠪᠡᠶ᠎ᠡ ᠳᠠᠬᠢ C- | ᠲᠤᠰᠬᠠᠯ ᠤᠨ ᠤᠭᠤᠷᠠᠭ ᠤᠨ ᠭᠦᠢᠴᠡᠳᠬᠡᠯ ᠲᠤᠭ᠎ᠠ ᠳᠡᠭᠡᠭᠰᠢᠯᠡᠪᠡᠯ ᠵᠢᠷᠦᠬᠡ ᠴᠢᠰᠤᠨ ᠰᠤᠳᠠᠯ ᠪᠠ ᠬᠦᠬᠡᠭᠴᠢᠨ | ᠬᠡᠯᠪᠡᠷᠢᠲᠦ ᠰᠢᠬᠢᠷ ᠰᠢᠵᠢᠩ ᠡᠪᠡᠳᠴᠢᠨ ᠤ ᠬᠦᠭᠵᠢᠯᠲᠡ ᠶᠢᠨ ᠰᠤᠪᠢᠩ︔ ᠴᠠᠭᠠᠨ ᠡᠰ ᠤᠨ ᠵᠠᠭᠤᠴᠢ ᠡᠳ᠋ -6 ᠶᠢᠨ | ᠦᠳᠬᠡᠴᠡ ᠨᠡᠮᠡᠭᠳᠡᠪᠡᠯ ᠵᠢᠷᠦᠬᠡ ᠴᠢᠰᠤᠨ ᠰᠤᠳᠠᠯ ᠤᠨ ᠱᠦᠭᠦᠷᠡᠯ ᠤᠨ ᠲᠦᠭᠰᠢᠭᠦᠷᠢ ᠲᠠᠢ ᠬᠤᠯᠪᠤᠭ᠎ᠠ ᠲᠠᠢ᠃ | ᠬᠠᠲᠠᠭᠤ ᠬᠠᠯᠢᠰᠤᠲᠤ ᠵᠢᠮᠢᠰ ᠦᠷᠭᠦᠯᠵᠢ ᠢᠳᠡᠳᠡᠭ ᠬᠦᠮᠦᠨ ᠠᠮᠠᠷᠬᠠᠨ ᠮᠠᠷᠢᠶᠠᠯᠠᠳᠠᠭ ᠦᠭᠡᠢ᠂ ᠰᠤᠳᠤᠯᠭᠠᠲᠠᠳ ᠤᠨ | ᠦᠵᠡᠬᠦ ᠪᠠᠷ᠂ ᠬᠠᠲᠠᠭᠤ ᠬᠠᠯᠢᠰᠤᠲᠤ ᠵᠢᠮᠢᠰ ᠬᠢᠭᠡᠳ ᠦᠷᠪᠢᠰᠦᠯ ᠤᠨ ᠭᠦᠢᠴᠡᠳᠬᠡᠯ ᠲᠤᠭᠠᠨ ᠤ ᠬᠤᠯᠪᠤᠭ᠎ᠠ ᠲᠠᠢ | ᠪᠠᠶᠢᠬᠤ ᠶᠢᠨ ᠰᠢᠯᠲᠠᠭᠠᠨ ᠨᠢ ᠬᠦᠮᠦᠨ ᠤ ᠪᠡᠶ᠎ᠡ ᠶᠢᠨ ᠬᠦᠨᠳᠦ ᠶᠢᠨ ᠬᠤᠪᠢᠷᠠᠯᠲᠠ ᠠᠴᠠ ᠪᠤᠯᠤᠭᠰᠠᠨ ᠪᠠᠶᠢᠵᠤ ᠮᠡᠳᠡᠨ᠎ᠡ᠂ | ᠤᠴᠢᠷ ᠨᠢ ᠬᠡᠲᠦ ᠮᠠᠷᠢᠶ᠎ᠠ ᠲᠠᠢ ᠬᠦᠮᠦᠨ ᠨᠡᠩ ᠠᠮᠠᠷᠬᠠᠨ ᠦᠷᠪᠢᠰᠦᠯᠡᠳᠡᠭ᠃ ᠲᠤᠰᠬᠠᠢ ᠮᠡᠷᠭᠡᠵᠢᠯᠲᠡᠨ ᠤ ᠵᠢᠭᠠᠵᠤ | ᠭᠠᠷᠭᠠᠭᠰᠠᠨ ᠢᠶᠠᠷ᠂ ᠰᠢᠳ᠂ ᠬᠤᠱᠢᠭ᠎ᠠ ᠭᠦᠢᠯᠡᠰᠦᠨ ᠴᠦᠮ᠎ᠡ᠂ ᠪᠦᠭᠡᠷᠡᠨ ᠵᠢᠮᠢᠰ ᠵᠡᠷᠭᠡ ᠬᠠᠲᠠᠭᠤ ᠬᠠᠯᠢᠰᠤᠲᠤ | ᠵᠢᠮᠢᠰ ᠢ ᠡᠳᠦᠷ ᠪᠦᠷᠢ 20-25 ᠭᠷᠡᠮ ᠤᠷᠴᠢᠮ ᠢᠳᠡᠪᠡᠯ ᠪᠡᠶ᠎ᠡ ᠮᠠᠬᠠᠪᠤᠳ ᠤᠨ ᠡᠷᠡᠭᠦᠯ ᠮᠡᠨᠳᠦ ᠳᠤ ᠨᠡᠩ ᠠᠰᠢᠭᠲᠠᠢ | ᠶᠤᠮ᠃ |